ᠡᠭᠡ ᠭᠠᠵᠠᠷ ᠤᠨ ᠦᠯᠢᠭᠡᠷ ︵ᠨᠢᠭᠡ︶ | ᠤᠷᠠᠩᠭᠤᠸ᠎ᠠ | — ᠡᠭᠡᠨᠡᠭᠳᠡ ᠪᠢ ᠡᠭᠡ ᠭᠠᠵᠠᠷ ᠤᠨ ᠢᠶᠠᠨ ᠦᠯᠢᠭᠡᠷ ᠢ | ᠪᠢᠴᠢᠨ᠎ᠠ ᠡᠪᠦᠷ ᠲᠤᠨᠢ ᠲᠠᠨ ᠤ ᠦᠯᠢᠭᠡᠷ ᠪᠤᠢ ᠦᠪᠡᠷ ᠤᠨ | ᠮᠢᠨᠢ ᠰᠡᠳᠬᠢᠯ ᠤᠨ ᠦᠯᠢᠭᠡᠷ ᠴᠦ ᠪᠤᠢ ᠲᠡᠮᠳᠡᠭᠯᠡᠯ ᠪᠠᠷᠢᠮᠳᠠ ᠶᠢᠨ ᠢᠷᠡᠯᠳᠠ᠄ ᠭᠡᠭᠡᠷ᠎ᠡ | ᠶᠢᠨ ᠰᠢᠨᠵᠢᠯᠡᠯ ᠢᠶᠠᠷ ᠲᠠᠮᠵᠢᠵᠤ ᠪᠤᠳᠠᠳᠤ ᠦᠵᠡᠭᠳᠡᠯ ᠪᠤᠶᠤ ᠬᠦᠮᠦᠨ ᠠᠴᠠ ᠠᠪᠤᠭᠰᠠᠨ ᠶᠠᠷᠢᠯᠴᠠᠭ᠎ᠠ᠃ | ᠲᠡᠮᠳᠡᠭᠯᠡᠯ ᠬᠢᠭᠰᠡᠨ ᠴᠠᠭ᠄ 2013 ᠤᠨ ᠤ 11 ᠳ᠋ᠤᠭᠡᠷ ᠰᠠᠷ᠎ᠠ ᠶᠢᠨ17—22 ᠬᠦᠷᠳᠡᠯ᠎ᠠ᠃ | ᠲᠡᠮᠳᠡᠭᠯᠡᠯ ᠬᠢᠭᠰᠡᠨ ᠭᠠᠵᠠᠷ᠄ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠲᠦᠪ ᠢᠨᠳᠡᠷ ᠪᠠ ᠪᠠᠳᠠᠷᠠᠬᠤ ᠰᠤᠮᠤᠨ | ᠤ ᠭᠡᠪᠴᠢᠶᠡᠨ ᠳᠤ᠃ ᠲᠡᠮᠳᠡᠭᠯᠡᠯ ᠬᠢᠭᠰᠡᠨ ᠬᠦᠮᠦᠨ᠄ ᠤᠷᠠᠩᠭᠤᠸ᠎ᠠ᠃ ᠲᠡᠮᠳᠡᠭᠯᠡᠯ ᠬᠢᠬᠦ | ᠠᠷᠭ᠎ᠠ᠄ ᠪᠢᠷ ᠲᠡᠮᠳᠡᠭᠯᠡᠯ᠂ ᠲᠠᠭᠤ ᠰᠢᠩᠬᠢᠭᠡᠯᠳᠡ᠂ ᠸᠢᠳᠢᠤ᠋ ᠪᠢᠴᠢᠯᠭᠡ᠂ ᠵᠢᠷᠤᠭ ᠰᠡᠬᠦᠳᠡᠷ᠃ ᠪᠦᠬᠦ ᠲᠡᠮᠳᠡᠭᠯᠡᠯ ᠢ | ᠤᠷᠠᠩᠭᠤᠸ᠎ᠠ ᠬᠦᠢᠴᠢᠳᠭᠡᠪᠡ᠃ ᠶᠠᠷᠢᠯᠴᠠᠭ᠎ᠠ ᠦᠭᠬᠦᠭᠰᠡᠨ ᠬᠦᠮᠦᠨ᠄ ᠪᠢᠩ ᠲᠠᠩ᠄ 91 | ᠨᠠᠰᠤᠳᠠᠢ᠃ ᠴᠢᠶᠠᠨ ᠤᠪᠤᠭᠳᠠᠨ᠃ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠪᠠᠳᠠᠷᠠᠬᠤ ᠰᠤᠮᠤᠨ ᠤ | ᠪᠠᠳᠠᠷᠠᠬᠤ ᠠᠶᠢᠯ ᠳᠤ ᠰᠠᠭᠤᠷᠢᠰᠢᠨ ᠠᠮᠢᠳᠤᠷᠠᠵᠤ ᠪᠤᠢ᠃ ᠤᠯᠠᠨ ᠨᠠᠮ ᠪᠦᠯᠦᠭ᠂ ᠬᠤᠪᠢᠰᠬᠠᠯ ᠢ ᠦᠵᠡᠭᠰᠡᠨ ᠬᠦᠮᠦᠨ | ᠃ ᠭᠠᠷᠪᠤ᠄ 50 ᠨᠠᠰᠤᠳᠠᠢ᠃ ᠴᠢᠦ ᠤᠪᠤᠭᠳᠠᠨ᠃ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ | ᠪᠠᠳᠠᠷᠠᠬᠤ ᠰᠤᠮᠤᠨ ᠤ ᠲᠡᠳ᠋ ᠰᠤᠮᠤᠨ ᠲᠠᠷᠤᠭ᠎ᠠ᠃ ᠠᠷᠰᠯᠠᠨ᠄ 92 ᠨᠠᠰᠤᠳᠠᠢ᠃ ᠶᠢᠨ ᠤᠪᠤᠭᠳᠠᠨ᠃ | ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠪᠠᠳᠠᠷᠠᠬᠤ ᠰᠤᠮᠤᠨ ᠤ ᠢᠯᠡᠯᠳᠡ ᠠᠶᠢᠯ ᠤᠨ ᠮᠠᠯᠴᠢᠨ᠃ ᠵᠠᠯᠠᠶᠢᠳ | ᠸᠠᠩ ᠪᠠᠳᠮᠠᠷᠠᠪᠳᠠᠨ ᠤ ᠦᠶ᠎ᠡ ᠳᠤ᠂ ᠶᠠᠫᠤᠨ ᠤ ᠰᠤᠶᠤᠯ ᠰᠤᠷᠭᠠᠨ ᠬᠦᠮᠦᠵᠢᠯ ᠢ ᠬᠦᠷᠳᠡᠵᠤ ᠶᠠᠪᠤᠭᠰᠠᠨ ᠬᠦᠮᠦᠨ᠃ | ᠬᠠᠨ ᠷᠡᠨᠴᠢᠨ᠄ 75 ᠨᠠᠰᠤᠳᠠᠢ᠃ ᠬᠠᠨ ᠤᠪᠤᠭᠳᠠᠨ᠃ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ | ᠪᠠᠳᠠᠷᠠᠬᠤ ᠰᠤᠮᠤᠨ ᠤ ᠲᠦᠪ ᠲᠤ ᠰᠠᠭᠤᠷᠢᠰᠢᠨ ᠠᠮᠢᠳᠤᠷᠠᠵᠤ ᠪᠤᠢ᠃ ᠤᠤᠯ ᠨᠢ ᠪᠠᠳᠠᠷᠠᠬᠤ ᠰᠤᠮᠤᠨ ᠤᠨ ᠴᠢᠨᠳᠠᠮᠤᠨᠢ | ᠰᠦᠮ᠎ᠠ ᠳᠤ ᠨᠢᠭᠳᠠᠯᠠᠨ ᠪᠤᠳᠤᠭᠴᠢ ᠪᠠᠷ ᠠᠵᠢᠯᠯᠠᠵᠤ ᠪᠠᠶᠢᠪᠠ᠃ ᠤᠦ ᠴᠦᠨ ᠬᠤᠸᠠ᠄ 67 ᠨᠠᠰᠤᠳᠠᠢ᠃ | ᠤᠤ ᠤᠪᠤᠭᠳᠠᠨ᠃ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠲᠦᠪ ᠪᠤᠯᠬᠤ ᠢᠨᠳᠡᠷ ᠲᠤ ᠠᠮᠢᠳᠤᠷᠠᠵᠤ ᠪᠤᠢ | ᠃ ᠠᠵᠢᠯ ᠠᠴᠠ ᠪᠠᠨ ᠠᠮᠠᠷᠠᠭᠰᠠᠨ ᠪᠠᠭᠰᠢ᠃ ᠪᠤᠤ ᠵᠢᠦ ᠮᠢᠩ᠄ 70 ᠨᠠᠰᠤᠳᠠᠢ᠃ ᠰᠠᠯᠴᠢᠭᠤᠳ ᠠᠶᠢᠮᠠᠭ | ᠤᠨ ᠪᠤᠤ ᠤᠪᠤᠭᠳᠠᠨ᠃ ᠨᠠᠰᠤᠨ ᠲᠤᠷᠰᠢ ᠪᠠᠳᠠᠷᠠᠬᠤ ᠶᠢᠨ ᠭᠡᠪᠴᠢᠶᠡᠨ ᠳᠤ ᠰᠤᠷᠭᠠᠨ ᠬᠦᠮᠦᠵᠢᠯ ᠳᠤ ᠵᠢᠳᠬᠦᠵᠤ | ᠶᠠᠪᠤᠭᠰᠠᠨ ᠠᠬᠠᠮᠠᠳ ᠪᠠᠭᠰᠢ᠃ ᠶᠠᠷᠢᠯᠴᠠᠭᠠᠨ ᠤ ᠠᠭᠤᠯᠭ᠎ᠠ᠄ ᠰᠠᠶᠢᠨ ᠡᠷ᠎ᠡ ᠶᠢᠨ ᠦᠬᠦᠵᠤ | ᠠᠮᠢᠳᠤᠷᠠᠬᠤ ᠭᠡᠪ ᠨᠠᠮᠪᠠ᠃ ᠬᠦᠮᠦᠨ ᠤ ᠶᠠᠰᠤ ᠴᠢᠰᠦᠨ ᠳᠤ ᠪᠠᠶᠢᠳᠠᠭ ᠦᠪᠡᠷ ᠤᠨ ᠬᠢᠨ ᠭᠡᠰᠡᠨ ᠵᠠᠩ ᠵᠢᠷᠤᠮ ᠢ | ᠪᠠᠷᠢᠮᠳᠠᠯᠠᠬᠤ ᠤᠪᠤᠷ᠃ ᠵᠦᠪ ᠶᠤᠰᠤᠨ ᠤ ᠲᠦᠯᠦᠭᠡ ᠤᠷᠤᠰᠢᠬᠤ᠃ ᠪᠠᠳᠠᠷᠠᠬᠤ ᠨᠤᠳᠤᠭ ᠤᠨ ᠠᠭᠤᠯᠠ ᠤᠰᠤ᠂ | ᠤᠷᠭᠤᠮᠠᠯ ᠠᠮᠢᠳᠠᠨ ᠤ ᠦᠯᠢᠭᠡᠷ᠃ ᠰᠦ ᠶᠢᠨ ᠰᠤᠶᠤᠯ ᠠᠴᠠ ᠠᠨᠵᠢᠰᠤᠨ ᠤ ᠰᠤᠶᠤᠯ ᠳᠤ ᠲᠡᠪᠰᠢᠵᠤ ᠢᠷᠡᠭᠰᠡᠨ | ᠲᠡᠦᠭᠡ ᠵᠡᠷᠭᠡ᠃ ᠨᠠᠶᠢᠷᠠᠭᠤᠯᠤᠨ ᠵᠤᠬᠢᠶᠠᠭᠰᠠᠨ ᠨᠢ᠄ ᠤᠷᠠᠩᠭᠤᠸ᠎ᠠ | ᠨᠢᠭᠡ᠂ ᠪᠠᠳᠠᠷᠠᠬᠤ ᠳᠤ ᠢᠷᠡᠭᠰᠡᠨ ᠮᠢᠨᠢ ᠤᠴᠢᠷᠳᠠᠢ 2013 ᠤᠨ ᠤ11 ᠰᠠᠷ᠎ᠠ ᠶᠢᠨ16 ᠤ | ᠦᠳᠡ ᠶᠢᠨ ᠡᠮᠦᠨ᠎ᠠ ᠶᠢᠨ 9 ᠴᠠᠭ 40 ᠮᠢᠨᠤᠲ ᠲᠤ᠂ ᠪᠢ ᠤᠯᠠᠭᠠᠬᠤᠳᠠ ᠶᠢᠨ ᠨᠢᠰᠭᠡᠯ ᠤᠨ ᠲᠡᠯᠡᠪᠡᠢ ᠳᠤ | ᠪᠠᠭᠤᠪᠠ᠃ ︽ᠰᠤᠶᠤᠯ ᠤᠭᠰᠠᠭᠠᠳᠠᠨ ᠵᠦᠢ ᠶᠢᠨ ᠭᠡᠭᠡᠷ᠎ᠡ ᠶᠢᠨ ᠰᠢᠨᠵᠢᠯᠡᠯ︾ ᠢ ᠠᠷᠪᠠᠭᠠᠳ ᠵᠢᠯ ᠬᠢᠭᠰᠡᠨ ᠴᠦ᠂ | ᠪᠦᠷ ᠤᠷᠳᠤᠰ ᠨᠤᠳᠤᠭ ᠤᠨ ᠭᠡᠪᠴᠢᠶᠡᠨ ᠳᠤ ᠯᠠ ᠪᠠᠶᠢᠭᠰᠠᠨ ᠪᠢᠯᠠ᠃ ᠪᠢ ᠦᠭᠡᠷ᠎ᠠ ᠮᠤᠩᠭᠤᠯ ᠤᠷᠤᠨ ᠢ | ᠰᠠᠨᠠᠭᠰᠠᠨ ᠦᠭᠡᠢ ᠪᠢᠰᠢ᠂ ᠲᠠᠩᠴᠢ ᠰᠠᠨᠠᠭᠰᠠᠨ ᠳ᠋ᠠ᠃ ᠭᠡᠬᠦ ᠳᠤ ︽ᠬᠦᠨᠵᠢᠯᠡ ᠶᠢᠨ ᠢᠶᠠᠨ ᠬᠢᠷᠢ ᠪᠠᠷ ᠬᠦᠯ ᠢᠶᠠᠨ | ᠵᠢᠭᠡ︕︾ ᠭᠡᠰᠡᠨ ᠨᠢᠭᠡ ᠰᠤᠷᠭᠠᠯ ᠦᠭᠡ ᠪᠠᠷ᠂ ᠬᠤᠯᠠ ᠭᠠᠵᠠᠷ ᠢ ᠪᠤᠳᠤᠵᠤ ᠴᠢᠳᠠᠭᠰᠠᠨ ᠠᠴᠠ ᠯᠠ ᠪᠢᠰᠢ᠂ ᠬᠦᠯ | ᠢᠶᠠᠨ ᠵᠢᠭᠡᠵᠤ ᠴᠢᠳᠠᠭᠰᠠᠨ ᠦᠭᠡᠢ ᠨᠢ ᠮᠢᠨᠤ ᠵᠦᠢᠯ ᠵᠦᠢᠯ ᠤᠨ ᠬᠦᠴᠦ ᠴᠢᠳᠠᠯ ᠮᠡᠬᠦᠰᠳᠡᠭᠰᠡᠨ ᠤ ᠶᠠᠪᠤᠳᠠᠯ ᠪᠤᠯᠬᠤ | ᠶᠤᠮ᠃ ᠡᠨᠡ ᠤᠳᠠᠭ᠎ᠠ᠂ ᠠᠶᠤᠮᠰᠢᠭ ᠦᠭᠡᠢ ᠪᠠᠷ ᠬᠦᠨᠵᠢᠯᠠ ᠶᠢᠨ ᠢᠶᠠᠨ ᠭᠠᠳᠠᠨ᠎ᠠ ᠬᠦᠯ ᠢᠶᠠᠨ ᠵᠢᠭᠡᠵᠤ᠂ ᠴᠤᠬᠤᠮ | ᠴᠦ ᠬᠤᠯᠠ ᠲᠡᠭᠷᠢ ᠤᠨ ᠲᠤᠤᠷᠠᠬᠢ ᠨᠤᠳᠤᠭ ᠲᠤ ᠤᠴᠢᠭᠰᠠᠨ ᠶᠤᠮ᠃ ᠶᠡᠭᠡ ᠬᠢᠩᠭᠠᠨ ᠲᠠᠪᠠᠭ᠎ᠠ ᠭᠡᠬᠦ ᠡᠨᠡ ᠭᠠᠵᠠᠷ | ᠪᠢ ᠠᠩᠬ᠎ᠠ ᠬᠦᠯ ᠬᠢᠰᠭᠡᠵᠤ ᠪᠠᠶᠢᠨ᠎ᠠ᠃ ᠬᠦᠮᠦᠨ ᠭᠡᠵᠤ ᠬᠦᠯ ᠬᠦᠷᠦᠭᠰᠡᠨ ᠭᠠᠵᠠᠷ ᠰᠡᠳᠬᠢᠯ ᠬᠦᠷᠳᠡᠭ ᠴᠦ᠂ | ᠰᠡᠳᠬᠢᠯ ᠬᠦᠷᠦᠭᠰᠡᠨ ᠭᠠᠵᠠᠷ ᠬᠦᠯ ᠬᠦᠷᠬᠦ ᠨᠢ ᠴᠦ ᠪᠤᠢ᠃ ᠵᠢᠷᠦᠭᠡᠨ ᠤ ᠬᠠᠭᠤᠴᠢᠨ ᠠᠷᠬᠠᠭ ᠮᠢᠨᠢ | ᠬᠦᠳᠡᠯᠦᠭᠰᠡᠨ ᠲᠠᠢ᠂ ᠤᠯᠠᠨ ᠠᠷᠪᠢᠨ ᠶᠠᠪᠤᠳᠠᠯ ᠤᠳ ᠢᠶᠠᠨ ᠵᠦᠭ ᠴᠢᠭ ᠢ ᠨᠢ ᠤᠯᠬᠤ ᠭᠡᠵᠤ ᠶᠠᠭᠠᠷᠡᠵᠤ | ᠡᠬᠦᠷᠳᠦᠭᠰᠡᠨ ᠲᠠᠢ᠂ ᠨᠡᠩ ᠴᠦ ᠵᠦᠢᠯ ᠤᠨ ᠲᠡᠮᠡᠦᠯᠦᠯ ᠢ ᠵᠢᠷᠦᠭᠡᠨ ᠳᠡᠭᠡᠨ ᠡᠷᠴᠢᠮᠯᠡᠭᠰᠡᠨ ᠲᠠᠢ ᠁ ᠦᠴᠦᠭᠡᠳᠦᠷ | ᠰᠦᠨᠢ ᠲᠡᠮᠡᠢ ᠤᠨᠳᠠᠵᠤ ᠴᠢᠳᠠᠭ᠎ᠠ ᠦᠭᠡᠢ᠃ ᠦᠦᠷ ᠢᠶᠠᠷ ᠪᠤᠰᠴᠦ ᠬᠦᠦ ᠪᠠᠨ ᠦᠨᠦᠰᠴᠦ ᠦᠨᠦᠰᠦᠭᠡᠳ ᠨᠢᠰᠭᠡᠯ | ᠤᠨ ᠲᠠᠯᠡᠪᠡᠢ ᠤᠷᠤᠭᠤ ᠭᠠᠷᠤᠭᠰᠠᠨ ᠶᠤᠮ᠃ ᠦᠨᠦᠳᠦᠷ ᠤᠨ ᠨᠢᠰᠭᠡᠯ ᠶᠠᠭ ᠯᠠ ᠵᠢᠷᠦᠭᠡᠨ ᠤ ᠮᠢᠨᠢ ᠭᠡᠮ | ᠠᠷᠬᠠᠭ ᠢ ᠠᠷᠭᠠᠳᠠᠨ ᠲᠠᠶᠢᠪᠤᠰᠢᠷᠠᠭᠤᠯᠬᠤ ᠭᠡᠵᠤ ᠪᠠᠶᠢᠭ᠎ᠠ ᠰᠢᠭ᠋᠂ ᠲᠤᠭᠳᠠᠭᠤᠨ ᠵᠦᠭᠡᠯᠡᠭᠡᠨ ᠢᠶᠠᠷ ᠠᠶᠠᠯᠠᠨ᠎ᠠ᠃ ᠡᠨᠡ | ᠵᠢᠯᠤᠭᠤᠴᠢ ᠮᠢᠨᠤ ᠡᠪᠡᠳᠴᠢᠨ ᠢ ᠮᠡᠳᠡᠭᠡᠳ ᠨᠢᠰᠭᠡᠯ ᠢᠶᠠᠨ ᠬᠢᠴᠢᠶᠠᠨ ᠵᠢᠯᠤᠭᠤᠳᠴᠦ ᠪᠠᠶᠢᠬᠤ ᠨᠢ ᠭᠡᠵᠤ ᠪᠢ ᠪᠤᠳᠤᠪᠠ | ᠃ ᠴᠤᠩᠬᠤ ᠪᠠᠷ ᠬᠠᠷᠠᠭᠳᠠᠬᠤ ᠵᠤᠵᠠᠭᠠᠨ ᠴᠠᠭᠠᠨ ᠡᠬᠦᠯᠠ᠂ ᠰᠠᠶ᠋ᠢᠬᠠᠨ ᠤ ᠮᠢᠨᠤ ᠦᠨᠦᠰᠴᠦ ᠭᠠᠷᠤᠭᠰᠠᠨ ᠬᠦᠦ ᠶᠢᠨ | ᠮᠢᠨᠢ ᠬᠠᠴᠠᠷ ᠠᠴᠠ ᠦᠭᠡᠷ᠎ᠡ ᠦᠭᠡᠢ᠃ ᠬᠠᠶᠢᠷᠠᠳᠤ ᠶᠢᠨ ᠮᠢᠨᠢ ︽ᠨᠢᠯᠪᠤᠰᠤ ᠬᠦᠯᠦᠰᠦ ᠪᠠᠨ ᠠᠷᠴᠢ︕︾ ᠭᠡᠮᠡᠨ | ᠬᠦᠷᠭᠡᠵᠤ ᠦᠭᠬᠦᠭᠰᠡᠨ ᠰᠠᠩᠰᠡᠭᠡᠷ ᠴᠠᠭᠠᠨ ᠠᠯᠴᠢᠭᠤᠷ ᠰᠢᠭ᠋ ᠵᠤᠵᠠᠭᠠᠨ ᠡᠬᠦᠯᠠ᠂ ᠮᠢᠨᠤ ᠰᠠᠭᠤᠭ᠎ᠠ ᠨᠢᠰᠭᠡᠯ ᠢ | ᠠᠷᠴᠢᠨ ᠵᠦᠯᠬᠦᠵᠤ᠂ ᠮᠢᠨᠤ ᠵᠢᠷᠦᠭᠡᠨ ᠤ ᠡᠮᠵᠢᠭ ᠢ ᠠᠷᠴᠢᠨ ᠠᠷᠢᠭᠤᠳᠬᠠᠵᠤ᠂ ᠨᠠᠮᠠᠢᠢ ᠶᠡᠭᠡ ᠬᠢᠩᠭᠠᠨ ᠤ ᠨᠤᠳᠤᠭ | ᠲᠡᠪᠢᠰᠭᠡᠷ ᠲᠡᠭᠡᠷ᠎ᠡ ᠪᠠᠭᠤᠯᠭᠠᠪᠠ᠃ ᠭᠠᠷᠪᠤ ︵ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ | ᠪᠠᠳᠠᠷᠠᠬᠤ ᠪᠠᠯᠭᠠᠰᠤᠨ ᠤ ᠲᠡᠳ᠋ ᠰᠤᠮᠤᠨ ᠲᠠᠷᠤᠭ᠎ᠠ᠂ ᠬᠠᠤᠯᠢ ᠴᠠᠭᠠᠵᠠ ᠶᠢ ᠭᠤᠤᠯᠴᠢᠯᠠᠨ ᠬᠠᠮᠢᠶᠠᠷᠴᠦ ᠪᠤᠢ︶ ᠪᠠᠭ᠋ᠠᠨ | ᠤᠳᠠᠵᠤ ᠨᠠᠮ᠎ᠠ ᠲᠤᠰᠪᠠ᠃ ᠰᠡᠬᠦᠳᠡᠷᠯᠡᠬᠦ᠂ ᠵᠢᠷᠤᠭᠯᠠᠬᠤ ᠮᠠᠰᠢᠨ᠂ ᠨᠤᠮ ᠰᠤᠳᠤᠷ ᠵᠡᠷᠭᠡ ᠭᠡᠳᠦᠨ ᠪᠤᠭᠴᠦ | ᠪᠠᠨ ᠡᠬᠦᠷᠴᠦ ᠴᠢᠷᠦᠨ ᠭᠠᠷᠴᠦ ᠢᠷᠡᠪᠡᠯ᠂ ᠴᠠᠭᠠᠨ ᠦᠩᠭᠡ ᠶᠢᠨ ᠴᠠᠭᠳᠠᠭᠠᠨ ᠲᠡᠷᠭᠡ ᠮᠢᠨᠤ ᠬᠠᠵᠠᠭᠤ ᠳᠤ ᠢᠷᠡᠪᠡ᠃ | ᠪᠢ ᠲᠡᠬᠦᠨ ᠢ ᠭᠠᠷᠪᠤ ᠮᠥᠨ ᠭᠡᠳᠡᠭ ᠢ ᠭᠠᠷᠴᠠᠭ᠎ᠠ ᠦᠭᠡᠢ ᠲᠠᠨᠢᠵᠤ᠂ ᠢᠨᠢᠶᠡᠵᠤ ᠬᠦᠷᠪᠠ᠃ ᠠᠭᠤᠯᠵᠠᠭ᠎ᠠ | ᠦᠭᠡᠢ ᠡᠨᠡ ᠠᠬ᠎ᠠ ᠳᠤ ᠪᠢ ᠮᠦᠷᠬᠦᠵᠤ᠂ ᠡᠰᠡᠬᠦᠯ᠎ᠠ ᠭᠠᠷ ᠠᠳᠬᠤᠵᠤ ᠠᠭᠤᠯᠵᠠᠮᠠᠷ ᠪᠠᠶᠢᠭᠰᠠᠨ ᠴᠦ᠂ ᠲᠡᠷᠠ ᠬᠠᠷᠢᠨ | ᠨᠠᠮᠠᠢᠢ ᠵᠢᠰᠢᠬᠦᠦ ᠰᠢᠭ ᠬᠠᠷᠠᠰᠬᠢᠨ ᠲᠤᠯᠤᠭᠠᠢ ᠲᠤᠬᠢᠨ ᠢᠨᠢᠶᠡᠮᠰᠦᠭᠯᠡᠭᠰᠡᠨ ᠢᠶᠠᠨ ᠪᠤᠭᠴᠦ ᠶᠢ ᠮᠢᠨᠢ ᠲᠤᠰᠴᠦ ᠲᠡᠷᠭᠡᠨ | ᠲᠡᠭᠡᠷ᠎ᠡ ᠪᠠᠨ ᠭᠠᠷᠭᠠᠭᠠᠳ᠂ ᠨᠠᠮᠠᠢᠢ ᠡᠮᠦᠨ᠎ᠠ ᠤᠷᠤᠨ ᠲᠡᠭᠡᠷ᠎ᠡ ᠤᠷᠢᠪᠠ᠃ ᠮᠢᠨᠤ ᠠᠳᠡ ᠢᠷᠡᠭᠰᠡᠨ ᠮᠢᠨᠢ | ᠡᠨᠡ ᠬᠦᠮᠦᠨ ᠲᠠᠢ ᠬᠤᠯᠪᠤᠭ᠎ᠠ ᠲᠠᠢ ᠶᠤᠮ᠃ ᠲᠡᠷᠡ ᠪᠤᠯ ᠪᠠᠳᠠᠷᠠᠬᠤ ᠨᠤᠳᠤᠭ ᠲᠤ ᠦᠰᠴᠦ ᠲᠦᠷᠦᠭᠰᠡᠨ ᠬᠦᠮᠦᠨ᠃ | ᠰᠦᠯᠵᠢᠶ᠎ᠡ ᠪᠠᠷ ᠲᠡᠮᠵᠢᠵᠤ ᠮᠢᠨᠤ ᠬᠤᠯᠪᠤᠭ᠎ᠠ ᠪᠦᠷᠭᠡ ᠪᠠᠷ ᠤᠯᠠᠨ ᠤᠷᠤᠵᠤ ᠭᠠᠷᠳᠠᠭ ᠲᠡᠷᠡ᠂ ᠭᠡᠭᠡᠷ᠎ᠡ ᠶᠢᠨ | ᠰᠢᠨᠵᠢᠯᠡᠯ ᠢ ᠮᠢᠨᠢ ᠲᠤᠷᠠᠯᠠᠭᠰᠠᠨ ᠶᠠᠩᠵᠤᠳᠠᠢ᠃ ᠪᠠᠶᠢᠨ ᠪᠠᠶᠢᠨ ᠪᠠᠳᠠᠷᠠᠬᠤ ᠨᠤᠳᠤᠭ ᠤᠨ ᠢᠶᠠᠨ ᠠᠭᠤᠯᠠ ᠬᠠᠳᠠᠨ᠂ | ᠤᠰᠤ ᠭᠤᠤᠯ᠂ ᠤᠷᠭᠤᠮᠠᠯ ᠮᠤᠳᠤᠳ ᠤᠨ ᠲᠤᠬᠠᠢ ᠪᠠ ᠬᠦᠮᠦᠨ ᠠᠮᠢᠳᠠᠨ ᠤ ᠲᠤᠬᠠᠢ ᠠᠯᠢ ᠤᠯᠠᠨ ᠦᠯᠢᠭᠡᠷ ᠤᠴᠢᠷ | ᠢ᠂ ᠠᠮᠢᠰᠬᠤᠭ᠎ᠠ ᠠᠪᠤᠯ ᠦᠭᠡᠢ ᠬᠡᠯᠡᠭᠡᠳ ᠪᠠᠶᠢᠬᠤ ᠨᠢ ᠶᠠᠭ ᠯᠠ ᠤᠷᠢᠨ ᠲᠤᠯᠠᠭᠠᠨ ᠬᠠᠪᠤᠷ ᠤᠨ ᠡᠳᠦᠷ᠂ ᠠᠭᠤᠯᠠ | ᠶᠢᠨ ᠡᠩᠭᠡᠷ ᠢᠶᠠᠷ ᠠᠬᠢ ᠨᠢᠳᠤᠯᠡᠵᠤ ᠪᠤᠢ ᠰᠢᠭ᠋ ᠴᠠᠭᠠᠨ᠎ᠠ ᠠᠴᠠ ᠨᠢ ᠦᠨᠳᠡᠯᠵᠡᠵᠤ ᠪᠤᠢ ᠨᠢ ᠮᠠᠳᠡᠭᠳᠡᠨᠠ᠃ ︽ᠭᠠᠵᠠᠷ | ᠤᠨ ᠠᠮᠢᠰᠬᠤᠭ᠎ᠠ᠂ ᠤᠰᠤᠨ ᠤ ᠠᠨᠢᠷ ᠢ ᠴᠢᠩᠨᠡᠵᠤ ᠴᠢᠳᠠᠳᠠᠭ ᠲᠠ ᠭᠡᠷᠪᠡ ᠮᠢᠨᠤ ᠡᠨᠡ ᠨᠤᠳᠤᠭ ᠢ ᠨᠢᠭᠡ ᠬᠠᠷᠠᠬᠤ | ᠶᠤᠮ ᠪᠤᠯ᠂ ᠭᠡᠷᠪᠡ ᠲᠠᠨ ᠤ ᠲᠡᠷᠡ ᠠᠪᠳᠠᠯ ᠢᠶᠠᠷ ᠮᠢᠨᠤ ᠨᠤᠳᠤᠭ ᠤᠨ ᠪᠤᠭᠳᠠ ᠠᠭᠤᠯᠠ᠂ ᠬᠠᠮᠵᠢᠶ᠎ᠠ ᠬᠠᠳᠠ᠂ | ᠴᠤᠤᠯ ᠭᠤᠤᠯ ᠁ ᠢ ᠨᠢᠭᠡ ᠪᠢᠴᠢᠬᠦ ᠶᠤᠮ ᠪᠤᠯ ᠁︾ ᠭᠡᠳᠡᠭ᠃ ᠬᠦᠳᠡᠭᠡ ᠭᠡᠭᠡᠷ᠎ᠠ᠂ ᠠᠶᠢᠯ ᠲᠤᠰᠬᠤᠨ | ᠢᠶᠠᠷ ᠭᠡᠷᠡᠭ ᠰᠢᠢᠳᠪᠦᠷᠢᠯᠡᠨ ᠶᠠᠪᠤᠭ᠎ᠠ ᠲᠡᠷᠡ᠂ ᠠᠭᠤᠯᠠ ᠤᠰᠤᠨ ᠤ ᠪᠠᠨ ᠬᠠᠵᠠᠭᠤ ᠠᠴᠠ ᠨᠠᠳᠠ ᠢᠩᠬᠢᠵᠤ ᠤᠳᠠᠰᠤ | ᠢᠷᠡᠬᠦᠯᠬᠦ ᠪᠠᠷ᠂ ᠨᠤᠳᠤᠭ ᠤᠨ ᠬᠢᠨᠢ ᠰᠠᠯᠬᠢ ᠨᠢ ᠴᠦ ᠲᠡᠬᠦᠨ ᠲᠠᠢ ᠪᠤᠯᠢᠶᠠᠯᠳᠤᠨ ︽ᠲᠡ ᠠᠳᠡ ᠨᠢᠭᠡ ᠢᠷᠡᠭᠡᠷᠡᠢ᠂ | ᠮᠢᠨᠤ ᠪᠠᠰᠠ ᠬᠡᠯᠡᠬᠦ ᠦᠭᠡ ᠪᠠᠶᠢᠨ᠎ᠠ ᠰᠢᠦ ᠁︾ ᠭᠡᠮᠡᠨ ᠬᠡᠯᠡᠵᠤ ᠪᠠᠶᠢᠭ᠎ᠠ ᠶᠤᠮ ᠰᠢᠭ᠋᠂ ᠭᠠᠷ ᠤᠳᠠᠰᠤᠨ ᠤ ᠬᠢᠨᠢ | ᠴᠠᠭᠠᠨ᠎ᠠ ᠠᠴᠠ ᠰᠡᠷ ᠰᠡᠷ ᠰᠡᠷᠴᠢᠬᠢᠨᠡᠵᠤ᠂ ᠭᠠᠷᠪᠤ ᠶᠢᠨ ᠲᠠᠭᠤ ᠶᠢ ᠦᠶ᠎ᠡ ᠦᠶ᠎ᠡ ᠪᠠᠯᠠᠯᠳᠠᠭ᠃ ᠦᠭᠡᠢ᠂ ᠡᠨᠡ ᠬᠤᠯᠠ | ᠶᠢᠨ ᠤᠳᠠᠰᠤ ᠶᠢ ᠴᠤᠬᠤᠮ ᠭᠠᠷᠪᠤ ᠠᠬ᠎ᠠ ᠢᠷᠡᠬᠦᠯᠦᠭᠰᠡᠨ ᠶᠤᠮ ᠤᠤ︖ ᠭᠠᠵᠠᠷ ᠨᠤᠳᠤᠭ ᠨᠢ ᠢᠷᠡᠬᠦᠯᠦᠭᠰᠡᠨ ᠶᠤᠮ | ᠤᠤ︖ ᠭᠡᠵᠤ ᠪᠢ ᠬᠠᠶᠠ ᠪᠤᠳᠤᠵᠤ ᠠᠪᠳᠠᠭ᠃ ᠡᠳᠦᠷᠵᠢᠨ ᠠᠭᠤᠯᠠ ᠠᠭᠤᠯᠠ ᠤᠰᠤ ᠤᠰᠤ ᠭᠡᠵᠤ ᠨᠠᠳᠠ | ᠬᠠᠰᠬᠢᠷᠤᠭᠰᠠᠭᠠᠷ ᠪᠠᠶᠢᠵᠤ᠂ ᠲᠡᠬᠦᠨ ᠤ ᠵᠢᠷᠦᠭᠡᠨ ᠬᠢᠯᠪᠡᠷᠢ ᠲᠠᠢ ᠠᠭᠤᠯᠠ ᠨᠢ ᠮᠢᠨᠤ ᠵᠢᠷᠦᠭᠡᠨ ᠳᠤ ᠰᠦᠨᠳᠡᠷᠯᠡᠬᠦ | ᠪᠤᠯᠵᠤ᠂ ᠲᠡᠬᠦᠨ ᠤ ᠰᠡᠳᠬᠢᠯ ᠲᠤᠳᠤᠷᠠᠬᠢ ᠭᠤᠤᠯ ᠨᠢ ᠮᠢᠨᠤ ᠰᠡᠳᠬᠢᠯ ᠤᠨ ᠲᠤᠳᠤᠭᠤᠷ ᠤᠷᠤᠰᠬᠤ ᠪᠤᠯᠪᠠ᠃ ᠡᠨᠡ | ᠭᠤᠤᠯ ᠤᠨ ᠤᠷᠤᠰᠬᠠᠯ ᠢ ᠲᠠᠭᠠᠵᠤ ᠪᠢ ᠬᠢᠩᠭᠠᠨ ᠤ ᠭᠠᠵᠠᠷ ᠲᠡᠭᠡᠷ᠎ᠡ ᠬᠢᠰᠬᠢᠭᠰᠡᠨ ᠶᠤᠮ᠃ ᠲᠡᠷᠭᠡᠨ ᠳᠤ | ᠭᠠᠷᠤᠮᠠᠭᠴᠠ ᠪᠢᠳᠠᠨ ᠪᠠᠳᠠᠷᠠᠬᠤ ᠵᠦᠭ ᠶᠠᠪᠤᠪᠠ᠃ ᠲᠡᠷᠭᠡᠨ ᠲᠤᠳᠤᠷ᠎ᠠ ᠠᠴᠠ ᠬᠠᠮᠢᠭ᠎ᠠ ᠴᠦ ᠪᠠᠶᠢᠭ᠎ᠠ ᠦᠭᠡᠢ ᠨᠢᠭᠡᠨ | ᠰᠢᠨ᠎ᠠ ᠦᠨᠦᠷ ᠰᠡᠩᠬᠢᠨᠡᠪᠡ᠃ ᠡᠨᠡ ᠰᠢᠨ᠎ᠠ ᠦᠨᠦᠷ ᠢ ᠪᠢ ᠶᠠᠭ ᠨᠠᠷᠡᠯᠡᠵᠤ ᠲᠡᠶᠢᠯᠬᠦ ᠦᠭᠡᠢ ᠪᠠᠶᠢᠪᠠ᠃ ᠪᠠᠳᠠᠷᠠᠬᠤ | ᠳᠤ ᠬᠦᠷᠬᠦ ᠵᠠᠮ ᠳᠠᠭᠠᠨ ᠵᠠᠯᠠᠶᠢᠳ ᠬᠤᠰᠢᠭᠤᠨ ᠤ ᠲᠦᠪ ᠪᠤᠯᠬᠤ ᠢᠨᠳᠡᠷ ᠢ ᠦᠩᠭᠡᠷᠡᠳᠡᠭ ᠶᠤᠮ ᠪᠠᠶᠢᠪᠠ᠃ ᠨᠢᠰᠭᠡᠯ | ᠲᠡᠭᠡᠷ᠎ᠡ ᠨᠢᠯᠪᠦᠰᠤ ᠶᠢ ᠮᠢᠨᠢ ᠠᠷᠴᠢᠵᠤ ᠪᠠᠶᠢᠭᠰᠠᠨ ᠴᠡᠩᠭᠡᠷ ᠴᠠᠭᠠᠨ ᠡᠬᠦᠯᠠ᠂ ᠨᠠᠮᠠᠢᠢ ᠭᠠᠵᠠᠷ ᠲᠡᠭᠡᠷ᠎ᠡ ᠪᠠᠭᠤᠭᠰᠠᠨ | ᠴᠦ᠂ ᠠᠭᠠᠷ ᠲᠦᠬᠦᠷᠡᠩ ᠬᠤᠷᠠᠯᠳᠤᠭᠠᠳ᠂ ᠦᠪᠡᠷ ᠢ ᠮᠢᠨᠢ ᠵᠦᠭᠡᠯᠡᠨ ᠴᠠᠭᠠᠨ ᠦᠩᠭᠡᠨ ᠳᠡᠭᠡᠨ ᠠᠭᠤᠰᠬᠠᠵᠤ ᠠᠪᠬᠤ | ᠭᠡᠮᠡᠨ ᠤᠷᠤᠯᠳᠤᠵᠤ ᠪᠤᠢ ᠰᠢᠭ᠋᠃ ︽ᠮᠠᠷᠭᠠᠰᠢ ᠴᠠᠰᠤ ᠤᠨᠠᠬᠤ ᠨᠢ ᠡ ᠁︾ ᠭᠡᠵᠤ ᠭᠠᠷᠪᠤ ᠬᠡᠯᠡᠪᠡ᠃ | ᠵᠠᠮ ᠲᠤᠵᠢ ᠦᠨᠳᠦᠷ ᠦᠨᠳᠦᠷ ᠠᠭᠤᠯᠠ ᠬᠠᠶᠢᠷᠬᠠᠨ ᠵᠠᠯᠭᠠᠯᠳᠤᠵᠤ᠂ ᠠᠭᠤᠯᠠᠰ ᠤᠨ ᠨᠦᠮᠦᠷᠢ ᠳᠤᠨᠢ ᠭᠡᠰᠡᠭ ᠭᠡᠰᠡᠭ | ᠠᠶᠢᠯ ᠲᠤᠰᠬᠤᠨ ᠪᠦᠭᠡᠮᠨᠡᠷᠡᠨ ᠰᠠᠭᠤᠷᠢᠰᠢᠭᠰᠠᠨ ᠬᠠᠷᠠᠭᠳᠠᠨ᠎ᠠ᠃ ᠮᠠᠨ ᠤ ᠤᠷᠳᠤᠰ ᠲᠤ ᠢᠩᠬᠢᠵᠤ ᠲᠦᠪᠯᠡᠷᠡᠨ | ᠰᠠᠭᠤᠭᠰᠠᠨ ᠢ ᠲᠤᠰᠬᠤᠨ ᠭᠡᠳᠡᠭ ᠪᠤᠯ᠂ ᠲᠡᠳᠡ ᠬᠠᠷᠢᠨ ᠲᠡᠬᠦᠨ ᠢᠶᠠᠨ ︽ᠠᠶᠢᠯ︾ ᠭᠡᠳᠡᠭ ᠶᠤᠮ ᠭᠡᠨ᠎ᠠ᠃ ᠲᠡᠭᠡᠪᠡᠯ | ᠠᠶᠢᠯ ᠢ ᠨᠢ ᠴᠤᠬᠤᠮ ᠶᠠᠭᠤ ᠭᠡᠵᠤ ᠨᠠᠷᠠᠯᠡᠳᠡᠭ ᠢ ᠪᠢ ᠮᠡᠳᠡᠬᠦ ᠦᠭᠡᠢ᠃ ᠪᠢ ᠬᠠᠰᠢ ᠯᠠ ᠨᠢᠭᠡ ᠭᠡᠷ ᠪᠦᠯᠢ ᠶᠢ ᠠᠶᠢᠯ | ᠭᠡᠵᠤ᠂ ᠤᠯᠠᠨ ᠠᠶᠢᠯ ᠪᠦᠭᠡᠮᠨᠡᠷᠡᠵᠤ ᠰᠠᠭᠤᠷᠢᠰᠢᠭᠰᠠᠨ ᠢ ᠨᠢ ᠲᠤᠰᠬᠤᠨ ᠭᠡᠵᠤ ᠲᠠᠳᠬᠠᠯᠰᠢᠭᠰᠠᠨ ᠢᠶᠠᠷ ᠢᠶᠠᠨ ᠬᠡᠯᠡᠶ᠎ᠡ︕ | ᠲᠡᠳᠡᠭᠡᠷ ᠲᠤᠰᠬᠤᠨ ᠤ ᠠᠶᠢᠯ ᠪᠦᠷᠢ ᠵᠢᠨᠡᠬᠦᠳᠡ ᠪᠠᠷ ᠡᠷᠳᠡᠨᠢ ᠰᠢᠰᠢ ᠤᠪᠤᠭᠠᠯᠡᠵᠤ᠂ ᠭᠠᠳᠠᠭᠤᠷ ᠨᠢ | ᠭᠠᠭ᠋ᠠᠢ ᠲᠠᠬᠢᠶ᠎ᠠ ᠬᠦᠶᠦᠯᠳᠦᠵᠤ᠂ ᠮᠠᠨ ᠤ ᠲᠡᠨᠳᠡᠬᠢ ᠶᠢᠨ ᠲᠠᠷᠢᠶᠠᠴᠢᠳ ᠤᠨ ᠲᠤᠰᠬᠤᠨ ᠲᠠᠢ ᠡᠭᠡᠭᠡ ᠠᠳᠠᠯᠢ ᠪᠠᠶᠢᠪᠠ᠃ | ᠭᠠᠷᠪᠤ ᠬᠡᠯᠡᠬᠦ ᠳᠡᠭᠡᠨ ᠦᠨᠦ ᠵᠢᠯ ᠬᠤᠷ᠎ᠠ ᠪᠤᠷᠤᠭ᠎ᠠ ᠰᠠᠶᠢᠨ ᠠᠴᠠ ᠠᠶᠢᠯ ᠤᠳ ᠤᠨ ᠲᠠᠷᠢᠶᠠᠨ | ᠬᠤᠷᠢᠶᠠᠯᠳᠠ ᠰᠠᠶᠢᠨ ᠶᠤᠮ ᠭᠡᠨ᠎ᠡ᠃ ᠭᠠᠭ᠋ᠠᠢ ᠨᠢ ᠴᠦ ᠭᠠᠶᠢᠭᠤᠷ ᠲᠠᠷᠭᠤᠯᠠᠵᠤ ᠭᠡᠨ᠎ᠠ᠃ ᠠᠳᠡᠬᠢ ᠶᠢᠨ ᠠᠶᠢᠯ ᠤᠳ | ᠭᠠᠭ᠋ᠠᠢ ᠠᠯᠠᠬᠤ ᠡᠳᠦᠷ ᠢ ᠡᠯᠪᠡᠭ ᠬᠤᠷᠢᠶᠠᠯᠳᠠ ᠶᠢᠨ ᠡᠳᠦᠷ ᠢᠶᠠᠷ ᠪᠤᠳᠤᠵᠤ ᠬᠠᠮᠤᠭ ᠤᠶᠢᠷ᠎ᠠ ᠲᠤᠳᠤᠨᠤ ᠬᠦᠮᠦᠰ | ᠲᠡᠭᠡᠨ ᠭᠠᠭ᠋ᠠᠢ ᠶᠢᠨ ᠬᠠᠯᠠᠭᠤᠨ ᠮᠢᠬ᠎ᠠ ᠢᠳᠡᠬᠦᠯᠵᠤ᠂ ᠬᠦᠨᠳᠦᠳᠭᠡᠯ ᠢᠶᠠᠨ ᠢᠯᠡᠳᠭᠡᠳᠡᠭ ᠵᠠᠩᠰᠢᠯ ᠲᠠᠢ ᠶᠤᠮ ᠭᠡᠨ᠎ᠡ᠃ | ᠢᠨᠳᠡᠷ ᠲᠤ ᠬᠦᠷᠦᠭᠡᠳ ᠪᠢᠳᠠᠨ ᠮᠤᠩᠭᠤᠯ ᠬᠤᠭᠤᠯᠠᠨ ᠭᠡᠷ ᠤᠯᠵᠤ᠂ ᠭᠠᠭ᠋ᠠᠢ ᠶᠢᠨ ᠱᠦᠯᠦ ᠲᠠᠢ ᠭᠤᠯᠢᠷ | ᠪᠤᠳᠠᠭ᠎ᠠ ᠢᠳᠡᠪᠡ᠃ ᠪᠢ ᠪᠤᠳᠤᠬᠤ ᠪᠠᠷ᠂ ᠭᠠᠷᠪᠤ ᠠᠬ᠎ᠠ ᠨᠠᠮᠠᠢᠢ ᠬᠠᠮᠤᠭ ᠤᠶᠢᠷ᠎ᠠ ᠲᠤᠳᠤᠨᠤ ᠬᠦᠮᠦᠨ ᠭᠡᠵᠤ | ᠬᠦᠨᠳᠦᠯᠡᠬᠦ ᠳᠡᠭᠡᠨ ᠡᠶᠢᠮᠤ ᠬᠤᠭᠤᠯᠠ ᠢᠳᠡᠬᠦᠯᠦᠭᠰᠡᠨ ᠪᠠᠶᠢᠬ᠎ᠠ᠃ ᠪᠢ ᠲᠦᠷᠦᠭᠰᠡᠨ ᠠᠴᠠ ᠠᠪᠤᠭᠠᠳ ᠤᠳᠤ | ᠪᠤᠯᠳᠠᠯ᠎ᠠ ᠭᠠᠭ᠋ᠠᠢ ᠶᠢᠨ ᠱᠦᠯᠦ ᠲᠠᠢ ᠭᠤᠯᠢᠷ ᠪᠤᠳᠠᠭ᠎ᠠ ᠢᠳᠡᠭᠡ ᠦᠭᠡᠢ᠃ ᠢᠨᠳᠡᠷ ᠠᠴᠠ ᠭᠠᠷᠴᠦ | ᠪᠠᠳᠠᠷᠠᠬᠤ ᠵᠦᠭ ᠶᠠᠪᠤᠬᠤ ᠳᠤ ᠨᠠᠷᠠ ᠰᠢᠩᠬᠢᠬᠦ ᠤᠶᠢᠷᠠᠳᠴᠦ ᠪᠠᠶᠢᠯ᠎ᠠ᠃ ᠭᠠᠷᠪᠤ᠂ ᠤᠯᠠᠩᠭᠡᠢ ᠤᠳᠠᠰᠤ ᠶᠢ ᠪᠦᠷ ᠡᠨᠡᠬᠦ | ᠢᠨᠳᠡᠷ ᠠᠴᠠ ᠪᠠᠳᠠᠷᠬᠠᠤ ᠬᠦᠷᠬᠦ ᠵᠠᠮ ᠲᠡᠭᠡᠷ᠎ᠡ ᠲᠡᠷᠭᠡ ᠪᠠᠨ ᠪᠠᠷᠢᠬᠤ ᠲᠠᠭᠠᠤ ᠢᠷᠡᠬᠦᠯᠳᠡᠭ ᠶᠤᠮ ᠤᠴᠢᠷ ᠪᠢ ᠴᠦ | ᠡᠨᠡ ᠭᠡᠰᠡᠭ ᠭᠠᠵᠠᠷ ᠢ ᠪᠠᠷᠤᠭ ᠲᠠᠨᠢᠮᠠᠷ ᠪᠤᠯᠵᠡᠢ᠃ ᠦᠨᠦᠳᠦᠷ ᠨᠠᠳᠠ ᠡᠨᠡ ᠵᠠᠮ ᠤᠨ ᠬᠠᠵᠠᠭᠤ ᠪᠠᠷ ᠬᠢ ᠠᠭᠤᠯᠠ | ᠤᠰᠤ ᠪᠠᠨ ᠬᠠᠷᠠᠭᠤᠯᠬᠤ ᠶᠤᠮ ᠭᠡᠵᠤ᠂ ᠴᠤᠤᠯ ᠭᠤᠤᠯ ᠤᠨ ᠴᠦᠬᠦᠷᠡᠮ ᠤᠨ ᠬᠠᠵᠠᠭᠤ ᠳᠤ ᠬᠦᠷᠪᠠ᠃ | ᠲᠡᠯᠡᠢ ᠭᠡᠮᠡᠷ ᠶᠡᠭᠡ ᠴᠦᠬᠦᠷᠡᠮ ᠤᠨ ᠤᠰᠤᠨ ᠤ ᠴᠠᠭᠠᠳᠠᠢ ᠨᠢ ᠠᠭᠤᠯᠠ᠂ ᠠᠭᠤᠯᠠ ᠶᠢᠨ ᠴᠠᠭᠠᠳᠠᠢ ᠨᠢ ᠨᠠᠷᠠ᠂ | ᠴᠡᠭᠡᠨ ᠡᠬᠦᠯᠠ ᠪᠠᠨ ᠨᠠᠪᠳᠡᠯᠦᠨ ᠲᠤᠶᠠᠭᠠᠷᠠᠭᠠᠳ ᠤᠨᠠᠮᠠᠷ ᠪᠠᠶᠢᠪᠠ᠃ ᠠᠭᠤᠯᠠ ᠨᠢ ᠴᠡᠩᠭᠡᠷ ᠲᠡᠭᠡᠨ ᠶᠤᠮ ᠤᠤ᠂ | ᠤᠰᠤ ᠨᠢ ᠲᠤᠩᠭᠠᠯᠠᠭ ᠲᠠᠭᠠᠨ ᠶᠤᠮ ᠤᠤ᠂ ᠡᠰᠡᠬᠦᠯ᠎ᠠ ᠡᠬᠦᠯᠠ ᠨᠢ ᠦᠩᠭᠡᠷᠡᠦ ᠴᠠᠭᠠᠨ ᠳᠠᠭᠠᠨ ᠶᠤᠮ ᠤᠤ᠂ ᠤᠨᠠᠬᠤ | ᠭᠡᠵᠤ ᠪᠠᠶᠢᠭ᠎ᠠ ᠨᠠᠷᠠ ᠨᠢ ᠶᠠᠭᠠᠨ᠂ ᠴᠡᠩᠭᠡᠷ᠂ ᠤᠯᠠᠭᠠᠨ ᠁ ᠭᠡᠳᠦᠨ ᠦᠩᠭᠡ ᠪᠠᠷ ᠰᠤᠯᠤᠩᠭᠠᠷᠠᠭᠠᠳ᠂ ᠲᠡᠭᠷᠢ | ᠶᠢᠨ ᠬᠠᠶᠠᠭᠠᠨ ᠳᠤ ᠲᠤᠰᠤᠨ ᠵᠢᠷᠤᠭ ᠡᠯᠬᠦᠭᠰᠡᠨ ᠶᠤᠮ ᠰᠢᠭ᠃ ᠪᠢ ᠵᠦᠭ ᠠᠳᠡᠬᠦᠷᠡᠭᠰᠡᠨ ᠶᠤᠮ | ᠪᠠᠶᠢᠬ᠎ᠠ᠃ ᠲᠠᠷᠠ ᠰᠠᠶᠢᠬᠠᠨ ᠨᠠᠷᠠ ᠰᠢᠩᠬᠢᠬᠦ ᠦᠵᠡᠮᠵᠢ ᠨᠢ ᠵᠡᠬᠦᠨ ᠵᠦᠭ ᠲᠤ ᠬᠠᠷᠠᠭᠳᠠᠵᠤ ᠪᠠᠶᠢᠪᠠ᠃ ︽ᠲᠠᠨ ᠤ | ᠠᠳᠡᠬᠢ ᠶᠢᠨ ᠨᠠᠷᠠᠨ ᠵᠠᠬᠦᠨ ᠵᠦᠭ ᠲᠤ ᠰᠢᠩᠬᠢᠳᠡᠭ ᠶᠤᠮ ᠤᠤ︖︾ ᠭᠡᠵᠤ ᠠᠰᠠᠭᠤᠴᠢᠬᠠᠮᠠᠷ ᠰᠠᠨᠠᠭᠳᠠᠭᠰᠠᠨ | ᠪᠦᠭᠡᠳ ᠵᠡᠬᠦᠨ ᠵᠦᠭ ᠲᠤ ᠰᠢᠩᠬᠢᠳᠡᠭ ᠨᠠᠷᠠᠨ ᠯᠠ ᠡᠶᠢᠮᠤ ᠭᠤᠶᠤ ᠰᠠᠶᠢᠬᠠᠨ ᠦᠩᠭᠡ ᠪᠠᠷ ᠰᠤᠯᠤᠩᠭᠠᠷᠨ | ᠲᠤᠶᠠᠭᠠᠷᠠᠳᠠᠭ ᠶᠤᠮ ᠪᠠᠶᠢᠬ᠎ᠠ ᠭᠡᠵᠤ ᠴᠦ ᠪᠤᠳᠤᠪᠠ᠃ ᠭᠡᠳᠦᠶᠢᠪᠡᠷ ᠵᠤᠵᠠᠭᠠᠨ ᠡᠬᠦᠯᠠ ᠲᠠᠢ ᠪᠦᠷᠬᠦᠭ ᠲᠡᠭᠷᠢ | ᠪᠠᠶᠢᠭᠰᠠᠨ ᠴᠦ᠂ ᠲᠡᠷᠡ ᠦᠵᠡᠮᠵᠢ ᠶᠢ ᠪᠢ ᠲᠤᠷᠠᠯᠠᠬᠤ ᠳᠠᠭᠠᠨ ᠲᠠᠩᠴᠢ ᠤᠯᠠᠨ ᠰᠡᠬᠦᠳᠡᠷᠯᠡᠪᠡ᠃ ᠭᠠᠷᠪᠤ | ᠲᠡᠮᠡᠢ ᠲᠤᠭᠤᠬᠤ ᠴᠦ ᠦᠭᠡᠢ ᠪᠠᠶᠢᠪᠠ᠃ ᠪᠠᠳᠠᠷᠠᠬᠤ ᠰᠤᠮᠤᠨ ᠳᠤ ᠤᠷᠤᠵᠤ ᠢᠷᠡᠬᠦ ᠳᠤ ᠰᠦᠨᠢ | ᠪᠤᠯᠤᠭᠰᠠᠨ ᠠᠴᠠ ᠶᠠᠭᠤ ᠴᠦ ᠤᠯᠵᠤ ᠬᠠᠷᠠᠭ᠎ᠠ ᠦᠭᠡᠢ᠃ ᠭᠠᠷᠪᠤ ᠨᠠᠮᠠᠢᠢ ᠲᠠᠭᠠᠭᠤᠯᠵᠤ ᠨᠢᠭᠡ ᠪᠠᠭᠤᠳᠠᠯ ᠳᠤ | ᠬᠦᠷᠭᠡᠪᠡ᠃ ᠤᠷᠤᠪᠠᠯ ᠪᠡᠶ᠎ᠡ ᠡᠷᠬᠢᠬᠦ ᠵᠠᠢ ᠦᠭᠡᠢ ᠵᠢᠵᠢᠭ ᠪᠦᠭᠡᠳ ᠬᠠᠷᠠᠩᠭᠤᠢ ᠦᠷᠦᠭᠡ ᠪᠠᠶᠢᠪᠠ᠃ ᠬᠠᠷᠠᠩᠭᠤᠢ | ᠠᠴᠠ ᠨᠢ ᠠᠶᠤᠬᠤ ᠴᠦ ᠪᠢᠰᠢ᠂ ᠴᠠᠬᠢᠯᠭᠠᠨ ᠲᠠᠢ ᠶᠤᠮ ᠴᠢᠨᠢ᠃ ᠲᠡᠷᠡ ᠦᠷᠦᠭᠡ ᠠᠴᠠ ᠮᠥᠨ ᠯᠠ ᠰᠠᠶ᠋ᠢᠬᠠᠨ ᠤ | ᠲᠡᠷᠭᠡᠨ ᠲᠡᠭᠡᠷᠡᠬᠢ ᠦᠨᠦᠷ ᠲᠠᠢ ᠠᠳᠠᠯᠢᠬᠠᠨ ᠦᠨᠦᠷ ᠰᠡᠩᠬᠢᠨᠡᠪᠡ᠃ ᠡᠨᠡ ᠪᠤᠯ ᠡᠳᠡᠨ ᠤ ᠰᠤᠮᠤᠨ ᠳᠠᠬᠢ ᠬᠠᠮᠤᠭ | ᠭᠠᠶᠢᠭᠤᠢ ᠪᠠᠭᠤᠳᠠᠯ ᠭᠡᠭᠴᠢ ᠶᠢ ᠪᠢ ᠪᠠᠷᠤᠭᠯᠠᠭᠰᠠᠨ ᠠᠴᠠ ᠲᠤᠤᠭᠠᠷᠤᠭᠰᠠᠨ ᠦᠭᠡᠢ᠃ ᠭᠡᠷ ᠡᠬᠦᠳᠡᠨ ᠠᠴᠠ ᠪᠠᠨ | ᠭᠠᠷᠤᠭᠰᠠᠨ ᠬᠦᠮᠦᠨ᠂ ᠶᠠᠭᠤ ᠶᠢ ᠨᠢ ᠲᠡᠭᠡᠵᠤ ᠡᠷᠬᠢᠮᠰᠦᠭᠯᠡᠬᠦ ᠪᠤᠢ ᠳ᠋ᠠ᠂ ᠵᠠᠭᠤ ᠭᠠᠷᠤᠢ ᠵᠢᠩ ᠤᠨ ᠬᠦᠨᠳᠦᠴᠠ ᠲᠠᠢ | ᠪᠠᠶ᠎ᠡ ᠪᠠᠨ ᠲᠠᠯᠪᠢᠭᠠᠳ ᠤᠨᠳᠠᠴᠢᠬᠤ ᠵᠢᠭᠠᠬᠨ ᠭᠠᠵᠠᠷ ᠯᠠ ᠪᠠᠶᠢᠪᠠᠯ ᠬᠦᠷᠴᠢᠭᠡᠨᠠ᠃ ᠡᠳᠡᠭᠡᠷ ᠵᠢᠯ ᠤᠳ ᠲᠤ ᠭᠡᠭᠡᠷ᠎ᠡ | ᠶᠢᠨ ᠰᠢᠨᠵᠢᠯᠡᠯ ᠬᠢᠵᠤ ᠮᠠᠯᠴᠢᠨ ᠲᠠᠷᠢᠶᠠᠴᠢᠨ ᠠᠶᠢᠯ ᠤᠳ ᠢᠶᠠᠷ ᠲᠤᠰᠤᠳᠠᠭᠰᠠᠨ ᠠᠷᠠᠰᠤᠨ ᠲᠡᠪᠡᠯ ᠰᠢᠭ ᠭᠬᠢᠷᠢ | ᠪᠤᠷᠳᠠᠭ ᠲᠠᠢ ᠤᠷᠤ ᠬᠦᠨᠵᠢᠯᠡᠨ ᠳᠤ ᠤᠨᠳᠠᠵᠤ ᠭᠡᠪᠳᠡᠵᠤ ᠶᠠᠪᠤᠬᠤ ᠳᠠᠭᠠᠨ ᠶᠡᠷᠦ ᠵᠢᠭᠰᠢᠭᠡ ᠦᠭᠡᠢ᠃ ᠭᠡᠬᠦ ᠳᠤ᠂ | ᠡᠨᠡ ᠪᠤᠯ ᠵᠤᠴᠢᠳ ᠤᠨ ᠪᠠᠭᠤᠳᠠᠯ᠃ ᠮᠢᠨᠤ ᠬᠦᠨᠳᠦᠯᠡᠨ ᠬᠠᠶᠢᠷᠠᠯᠠᠳᠠᠭ ᠲᠡᠳᠡᠭᠡᠷ ᠠᠪᠤ ᠡᠵᠢ ᠶᠢᠨ ᠬᠠᠯᠠᠭᠤᠨ ᠡᠪᠦᠷ | ᠲᠠᠢ ᠬᠠᠨᠵᠤ ᠪᠢᠰᠢ ᠳ᠋ᠠ᠃ ᠭᠡᠪᠡᠴᠦ ︽ᠡᠨᠡ ᠴᠦ ᠭᠠᠷᠪᠤ ᠪᠠᠶᠢᠭᠰᠠᠨ ᠳᠠᠭᠠᠨ᠂ ᠪᠢ ᠡᠨᠡ ᠬᠢᠷᠢ ᠪᠠᠭᠤᠳᠠᠯ ᠳᠤ | ᠰᠠᠭᠤᠵᠤ ᠪᠠᠶᠢᠨ᠎ᠠ ᠰᠢᠦ ᠁︾ ᠭᠡᠵᠤ ᠪᠤᠳᠤᠬᠤᠯᠠᠷ᠂ ᠦᠪᠡᠷ ᠢ ᠪᠠᠨ ᠪᠠᠳᠠᠷᠠᠬᠤ ᠰᠤᠮᠤᠨ ᠤ ᠬᠠᠮᠤᠭ ᠭᠤᠶᠤ | ᠪᠠᠭᠤᠳᠠᠯ ᠳᠤ ᠬᠤᠨᠤᠵᠤ ᠪᠤᠢ ᠪᠠᠨ ᠮᠡᠳᠡᠷᠡᠨ᠂ ᠬᠤᠪᠴᠠᠰᠤ ᠬᠤᠨᠠᠷ ᠢᠶᠠᠨ ᠲᠠᠶᠢᠯᠵᠤ ᠤᠨᠳᠠᠬᠤ ᠪᠠᠷ ᠰᠢᠢᠳᠪᠡ᠃ | 2013 ᠤᠨ ᠤ 11 ᠳ᠋ᠤᠭᠡᠷ ᠰᠠᠷ᠎ᠠ ᠶᠢᠨ 17 ᠤ ᠡᠳᠦᠷ᠃ ᠲᠠᠪᠤᠨ ᠦᠷᠠᠯ ᠵᠢᠦ ᠰᠢᠨ ᠸᠠᠨ ᠢ | ᠤᠤᠭᠤᠵᠤ ᠤᠨᠳᠠᠭᠰᠠᠨ ᠠᠴᠠ ᠪᠢᠵᠠ᠂ ᠦᠴᠦᠭᠡᠳᠦᠷ ᠰᠦᠨᠢ ᠰᠠᠶᠢᠬᠠᠨ ᠤᠨᠳᠠᠭᠰᠠᠨ ᠪᠦᠭᠡᠳ ᠦᠷᠯᠦᠭᠡ ᠰᠡᠷᠡᠬᠦ ᠳᠤ | ᠵᠢᠷᠦᠭᠡ ᠶᠠᠮᠠᠷ ᠴᠦ ᠭᠡᠮ ᠦᠭᠡᠢ ᠰᠠᠷᠠᠭᠤᠯᠬᠠᠨ ᠪᠤᠯᠴᠢᠬᠠᠭᠰᠠᠨ ᠪᠠᠶᠢᠪᠠ᠃ ᠪᠡᠶ᠎ᠡ ᠰᠠᠶᠢᠨ ᠪᠤᠯᠤᠭᠰᠠᠨ ᠳᠠᠭᠠᠨ ᠪᠢ | ᠬᠢᠵᠠᠭᠠᠷ ᠦᠭᠡᠢ ᠪᠠᠶᠠᠷᠯᠠᠨ᠂ ᠡᠮᠦᠨ᠎ᠠ ᠰᠦᠨᠢ ᠶᠢᠨ ᠴᠡᠨᠡᠭᠯᠡᠵᠤ ᠲᠠᠯᠪᠢᠭᠰᠠᠨ ᠮᠠᠰᠢᠨ ᠨᠤᠭᠤᠳ ᠤᠨ ᠢᠶᠠᠨ ᠴᠡᠨᠡᠭᠯᠡᠯ ᠢ | ᠰᠠᠪᠡᠯᠡᠵᠤ ᠠᠪᠤᠭᠠᠳ ᠰᠠᠶᠢᠬᠠᠨ ᠬᠤᠪᠴᠠᠯᠠᠭᠠᠳ ᠪᠠᠶᠢᠳᠠᠯ᠎ᠠ᠂ ᠭᠠᠷᠪᠤ ᠢᠱᠢ ᠠᠱᠢ ᠭᠡᠵᠤ ᠴᠢᠷᠠᠢ ᠨᠢ | ᠤᠯᠠᠶᠢᠴᠢᠬᠠᠭᠰᠠᠨ᠂ ᠭᠤᠳᠤᠯ ᠳᠠᠭᠠᠨ ᠴᠠᠰᠤ ᠨᠠᠭᠠᠯᠳᠤᠭᠤᠯᠤᠨ ᠤᠷᠤᠵᠤ ᠢᠷᠡᠪᠡ᠃ ᠪᠤᠭᠴᠤᠰ ᠢᠶᠠᠨ | ᠠᠪᠴᠦ ᠭᠠᠳᠠᠨ᠎ᠠ ᠭᠠᠷᠪᠠᠯ᠂ ᠦᠨᠡᠭᠡᠷ ᠴᠠᠰᠤ ᠤᠨᠠᠭᠰᠠᠨ ᠶᠤᠮ ᠪᠠᠶᠢᠪᠠ᠃ ᠦᠴᠦᠭᠡᠳᠦᠷ ︽ᠮᠠᠷᠭᠠᠰᠢ ᠴᠠᠰᠤ | ᠤᠨᠠᠨ᠎ᠠ︾ ᠭᠡᠵᠤ ᠪᠠᠳᠤᠯᠭ᠎ᠠ ᠰᠢᠭ᠋ ᠬᠡᠯᠡᠭᠰᠡᠨ ᠭᠠᠷᠪᠤ ᠶᠢᠨ ᠦᠭᠡ ᠶᠢ ᠰᠠᠨᠠᠭᠠᠨ ᠳᠤ ᠤᠷᠤᠵᠤ᠂ ᠡᠨᠡ ᠬᠦᠮᠦᠨ ᠴᠦ | ᠴᠠᠭ ᠠᠭᠤᠷ ᠤᠨ ᠤᠷᠢᠳᠴᠢᠯᠠᠭᠰᠠᠨ ᠮᠡᠳᠡᠭᠡᠯᠡᠯ ᠤᠨ ᠦᠷᠳᠡᠭᠡ ᠪᠠᠶᠢᠨ᠎ᠠ ᠭᠡᠵᠤ ᠪᠤᠳᠤᠪᠠ᠃ ᠲᠡᠷᠠ ᠦᠨᠡᠭᠡᠷ ᠲᠡᠭᠷᠢ | ᠭᠠᠵᠠᠷ ᠤᠨ ᠢᠶᠠᠨ ᠵᠠᠩ ᠠᠭᠠᠯᠢ ᠪᠤᠶᠤ ᠨᠤᠳᠤᠭ ᠤᠰᠤᠨ ᠤ ᠪᠠᠨ ᠠᠨᠢᠷ ᠲᠤᠬᠢᠶ᠎ᠠ ᠶᠢ ᠰᠤᠳᠠᠯ ᠢ ᠨᠢ ᠪᠠᠷᠢᠵᠤ ᠪᠠᠶᠢᠬᠤ | ᠰᠢᠭ᠋ ᠮᠡᠳᠡᠳᠡᠭ ᠶᠤᠮ ᠪᠠᠶᠢᠪᠠ᠃ 2013 ᠤᠨ ᠤ ᠠᠩᠬᠠᠨ ᠤ ᠴᠠᠰᠤ ᠶᠢ ᠪᠢ ᠢᠩᠬᠢᠵᠤ ᠪᠠᠳᠠᠷᠠᠬᠤ ᠳᠤ | ᠲᠤᠰᠤᠭᠰᠠᠨ ᠪᠦᠭᠡᠳ ᠲᠡᠬᠦᠨ ᠢ ᠪᠢ ᠲᠡᠭᠷᠢ ᠶᠢᠨ ᠴᠠᠭᠠᠨ ᠭᠡᠰᠢᠭ ᠭᠡᠵᠤ ᠰᠠᠨᠠᠯ᠎ᠠ᠃ ᠦᠴᠦᠭᠡᠳᠦᠷ ᠤᠨ ᠨᠢᠰᠭᠡᠯ | ᠲᠡᠭᠡᠷ᠎ᠡ ᠬᠠᠷᠠᠭᠰᠠᠨ ᠵᠤᠵᠠᠭᠠᠨ ᠴᠠᠭᠠᠨ ᠡᠬᠦᠯᠠ ᠨᠠᠮᠠᠢᠢ ᠲᠠᠭᠠᠵᠤ ᠢᠷᠡᠭᠡᠳ ᠠᠳᠡ ᠤᠨᠠᠴᠢᠬᠠᠭᠰᠠᠨ ᠴᠦ ᠶᠤᠮ ᠤᠤ | ᠭᠡᠵᠤ ᠰᠠᠨᠠᠭᠳᠠᠭᠤᠯᠤᠮ᠎ᠠ᠃ ᠲᠤᠭᠤᠶᠢᠯᠠᠭᠠᠳ ᠲᠤᠭᠤᠷᠢᠭᠠᠳ ᠰᠤᠮᠤᠨ ᠤ ᠭᠡᠳᠦᠨ ᠭᠡᠷ ᠪᠠᠶᠢᠰᠢᠩ ᠠᠴᠠ ᠭᠠᠷᠪᠠᠯ | ᠠᠯᠤᠰ ᠲᠤ ᠴᠠᠰᠤᠳᠤ ᠠᠭᠤᠯᠠ ᠵᠠᠯᠭᠠᠯᠳᠤᠨ᠂ ᠠᠭᠤᠯᠠᠰ ᠤᠨ ᠴᠠᠭᠠᠭᠤᠷ ᠴᠠᠭᠠᠨ ᠲᠡᠭᠷᠢ ᠰᠦᠩᠨᠡᠶᠢᠵᠤ᠂ ᠲᠦᠷᠪᠠᠨ | ᠵᠦᠭ ᠨᠢᠭᠡ ᠯᠠ ᠦᠩᠭᠡ ᠲᠠᠢ ᠪᠠᠶᠢᠭᠰᠠᠨ ᠠᠴᠠ᠂ ᠮᠢᠨᠤ ᠲᠡᠷᠢᠬᠢᠨ ᠳᠤ ᠶᠠᠮᠠᠷᠴᠦ ᠵᠦᠭ ᠴᠢᠭ ᠭᠡᠰᠡᠨ ᠶᠠᠭᠤᠮ᠎ᠠ | ᠦᠭᠡᠢ ᠪᠤᠯᠪᠠ᠃ ᠬᠠᠷᠠᠩᠭᠤᠢ ᠰᠦᠨᠢ ᠢᠷᠡᠵᠤ ᠴᠠᠭᠠᠨ ᠦᠷᠯᠦᠭᠡ ᠪᠠᠷ ᠬᠠᠷᠠᠭᠰᠠᠨ ᠡᠨᠡᠬᠦ ᠪᠠᠳᠠᠷᠠᠬᠤ ᠪᠠᠯᠭᠠᠰᠦ᠂ | ᠶᠢᠷᠳᠢᠨᠴᠦ ᠶᠢᠨ ᠬᠤᠶᠠᠷ ᠲᠦᠢᠯ ᠤᠨ ᠲᠤᠮᠳᠠ ᠵᠡᠷᠭᠡᠯᠡᠭᠡᠨᠳᠦᠭᠰᠡᠨ ᠭᠠᠨᠳᠠᠷᠢᠰᠦᠨ ᠪᠠᠯᠭᠠᠰᠤ ᠯᠠ ᠪᠠᠶᠢᠨ᠎ᠠ᠃ ᠨᠠᠮ᠎ᠠ | ᠢᠷᠡᠬᠦ ᠪᠠᠷ ᠨᠢ ᠵᠤᠷᠢᠭᠤᠳᠠ ᠦᠪᠡᠷ ᠢ ᠪᠠᠨ ᠴᠠᠭᠠᠨ ᠴᠠᠰᠤᠨ ᠤ ᠴᠠᠭᠠᠳᠠᠢ ᠲᠠᠯᠳᠠᠯᠠᠭᠰᠠᠨ ᠶᠤᠮ ᠰᠢᠭ᠋ ᠨᠢᠭᠤᠴᠠᠭᠠᠢ᠃ | ᠶᠠᠳᠠᠬᠤ ᠳᠤ ᠵᠦᠭ ᠴᠢᠭ ᠴᠦ ᠢᠯᠭᠠᠭᠳᠠᠬᠤ ᠦᠭᠡᠢ᠃ ᠵᠦᠭ ᠴᠢᠭ ᠦᠭᠡᠢ ᠴᠦ ᠴᠠᠰᠤᠳᠤ ᠴᠠᠭᠠᠨ ᠤᠷᠴᠢᠯᠠᠩ | ᠰᠠᠶᠢᠬᠠᠨ ᠯᠠ ᠪᠠᠶᠢᠨ᠎ᠠ᠂ ᠬᠦᠯ ᠢ ᠮᠢᠨᠢ ᠬᠢᠷ ᠬᠢᠷ ᠭᠡᠳᠡᠭᠡᠯᠡᠭᠡᠳ ᠬᠠᠮᠤᠭ ᠪᠡᠶ᠎ᠡ ᠳᠤ ᠬᠠᠶᠢᠷ᠎ᠠ ᠬᠦᠶᠦᠯᠳᠦᠬᠦᠯᠦᠨᠠ᠃ | ᠦᠴᠦᠭᠡᠳᠦᠷ ᠦᠷᠯᠦᠭᠡ ᠭᠠᠷᠬᠤ ᠳᠠᠭᠠᠨ ᠦᠨᠦᠰᠴᠦ ᠦᠨᠦᠰᠦᠭᠡᠳ ᠶᠠᠪᠤᠭᠰᠠᠨ ᠡᠷᠴᠢ ᠬᠦᠦ ᠶᠢᠨ ᠮᠢᠨᠢ ᠰᠡᠳᠬᠢᠯ | ᠰᠢᠭ ᠴᠡᠪᠡᠷ ᠴᠠᠭᠠᠨ ᠪᠠᠶᠢᠭᠠᠯᠢ᠂ ᠦᠪᠡᠷ ᠤᠨ ᠮᠢᠨᠢ ᠲᠤᠳᠤᠭᠤᠷ ᠵᠦᠭᠡᠯᠡᠭᠡᠨ ᠠᠭᠤᠰᠤᠨ᠎ᠠ᠃ | ᠬᠤᠶᠠᠷ᠂ ᠮᠦᠰᠦᠨ ᠰᠢᠬᠢᠷ ᠡᠵᠢ ᠶᠢᠨ ᠦᠯᠢᠭᠡᠷ ᠭᠠᠷᠪᠤ᠂ ᠪᠢᠳᠠ ᠬᠤᠶᠠᠭᠤᠯᠠ ᠡᠷᠳᠡᠨᠢ ᠰᠢᠰᠢ ᠶᠢᠨ | ᠰᠢᠩᠬᠢᠨ ᠪᠤᠳᠠᠭ᠎ᠠ᠂ ᠭᠠᠭ᠋ᠠᠢ ᠶᠢᠨ ᠮᠢᠬ᠎ᠠ ᠶᠢᠨ ᠪᠤᠤᠵᠠ ᠢᠳᠡᠭᠡᠳ᠂ ᠮᠢᠨᠤ ᠡᠨᠡ ᠤᠳᠠᠭ᠎ᠠ ᠶᠢᠨ ᠵᠤᠷᠢᠵᠤ ᠢᠷᠡᠭᠰᠡᠨ | ᠭᠤᠤᠯᠴᠢᠯᠠᠨ ᠰᠤᠷᠪᠤᠯᠵᠢᠯᠠᠬᠤ ᠬᠦᠮᠦᠨ ᠲᠠᠢ ᠪᠠᠨ ᠵᠤᠯᠭᠠᠬᠤ ᠪᠠᠷ ᠬᠦᠳᠡᠯᠪᠡ᠃ ᠭᠠᠷᠪᠤ᠂ ᠡᠨᠡ ᠡᠵᠢ ᠶᠢᠨ ᠲᠤᠬᠠᠢ | ᠤᠳᠠᠰᠤ ᠪᠠᠷ ᠭᠡᠳᠦ ᠤᠳᠠᠭ᠎ᠠ ᠬᠡᠯᠡᠭᠰᠡᠨ ᠠᠴᠠ ᠪᠢ ᠰᠡᠳᠬᠢᠯ ᠬᠦᠳᠡᠯᠦᠭᠰᠡᠨ ᠶᠤᠮ᠃ ᠲᠡᠷᠡ ᠡᠵᠢ᠂ | ᠰᠤᠮᠤᠨ ᠤ ᠲᠤᠭᠤᠷᠢᠭ ᠲᠤ ᠠᠮᠢᠳᠤᠷᠠᠳᠠᠭ ᠠᠴᠠ ᠶᠡᠭᠡ ᠴᠦ ᠲᠦᠬᠦᠮ ᠪᠤᠯᠤᠯ᠎ᠠ᠃ ᠪᠠᠳᠠᠷᠠᠬᠤ ᠰᠤᠮᠤ ᠨᠢ ᠤᠤᠯ | ᠳᠠᠭᠠᠨ ᠪᠠᠳᠠᠷᠠᠬᠤ ᠠᠶᠢᠯ ᠪᠠᠶᠢᠵᠤ᠂ ᠲᠡᠷᠡ ᠨᠠᠰᠤᠳᠠᠨ ᠡᠨᠡ ᠪᠠᠳᠠᠷᠠᠬᠤ ᠠᠶᠢᠯ ᠳᠤ ᠠᠷᠪᠠᠨ ᠲᠠᠪᠤ ᠲᠠᠢ ᠠᠴᠠ ᠪᠠᠨ | ᠨᠡᠬᠦᠵᠤ ᠢᠷᠡᠭᠡᠳ ᠬᠦᠳᠡᠯᠦᠭᠰᠡᠨ ᠦᠭᠡᠢ ᠭᠡᠨ᠎ᠠ᠃ ᠨᠠᠪᠳᠠᠭᠠᠷ ᠵᠢᠭᠠᠬᠠᠨ ᠰᠢᠪᠠᠷ ᠭᠡᠷ ᠤᠨ ᠡᠬᠦᠳᠡ | ᠬᠦᠷᠦᠭᠡᠳ ᠭᠠᠷᠪᠤ ︽ᠬᠦᠷᠴᠢᠭᠡᠭᠰᠡᠨ︕︾ ᠭᠡᠪᠡ᠃ ᠠᠶᠢᠯ ᠭᠡᠷ ᠤᠨ ᠪᠠᠷ᠎ᠠ ᠴᠦ ᠬᠠᠷᠠᠭᠳᠠᠬᠤ ᠦᠭᠡᠢ ᠪᠠᠶᠢᠳᠠᠯ᠎ᠠ᠂ | ᠶᠠᠭᠤ ᠶᠢ ᠨᠢ ᠬᠦᠷᠴᠢᠭᠡᠭᠰᠡᠨ ᠭᠡᠳ ᠪᠠᠶᠢᠭ᠎ᠠ ᠶᠤᠮ ᠭᠡᠵᠤ ᠭᠠᠶᠢᠬᠠᠭᠰᠠᠨ ᠴᠦ᠂ ᠲᠡᠷᠭᠡ ᠵᠤᠭᠰᠤᠭᠰᠠᠨ ᠪᠦᠭᠡᠳ ᠭᠠᠷᠪᠤ | ᠪᠠᠭᠤᠭᠰᠠᠨ ᠶᠤᠮ ᠤᠴᠢᠷ᠂ ᠪᠢ ᠴᠦ ᠮᠠᠰᠢᠨ ᠢᠶᠠᠨ ᠠᠪᠤᠭᠠᠳ ᠲᠠᠭᠠᠵᠤ ᠪᠠᠭᠤᠪᠠ᠃ ᠬᠠᠳᠠ ᠴᠢᠯᠠᠭᠤ ᠪᠠᠷ | ᠪᠤᠭᠤᠨᠢᠬᠠᠨ ᠬᠠᠰᠢᠭᠰᠠᠨ ᠬᠦᠷᠢᠶᠡᠨ ᠳᠡᠭᠡᠨ ᠭᠡᠳᠦᠨ ᠲᠤᠮᠤ ᠤᠪᠤᠭ᠎ᠠ ᠶᠢ ᠰᠤᠯᠢᠶᠤᠤ ᠪᠠᠷ ᠪᠦᠳᠡᠭᠡᠭᠰᠡᠨ ᠪᠦᠭᠡᠳ | ᠲᠡᠷᠡ ᠪᠦᠳᠡᠭᠡᠯᠭᠡ ᠲᠡᠭᠡᠷᠡᠬᠢ ᠴᠠᠰᠤ ᠶᠢ ᠨᠢ ᠲᠦᠩᠬᠢᠵᠢᠭᠡᠨ ᠱᠦᠬᠦᠷᠳᠦᠭᠰᠡᠨ ᠠᠴᠠ᠂ ᠬᠤᠷᠮᠤᠢ ᠲᠤᠤᠭᠤᠷ ᠨᠢ | ᠠᠷᠭᠠᠯ ᠬᠤᠷᠭᠤᠯ ᠪᠤᠯᠳᠠᠯᠵᠠᠨᠠ᠃ ᠮᠠᠯ ᠤᠨ ᠬᠦᠷᠢᠶ᠎ᠠ ᠬᠠᠰᠢᠶᠠᠨ ᠤ ᠡᠬᠦᠳᠡ ᠭᠡᠮᠡᠷ ᠵᠢᠭᠠᠬᠠᠨ ᠮᠠᠶᠢᠵᠢᠬᠢ ᠡᠬᠦᠳᠡ ᠶᠢ | ᠭᠠᠷᠪᠤ ᠲᠠᠳᠠᠵᠤ ᠨᠡᠭᠡᠭᠡᠳ ᠨᠠᠮᠠᠢᠢ ︽ᠤᠷᠤ︕︾ ᠭᠡᠵᠤ ᠤᠷᠢᠪᠠ᠃ ᠪᠢ ᠰᠠᠶᠢᠳᠤᠷ ᠪᠦᠬᠦᠶᠢᠵᠤ ᠪᠠᠰᠠ | ᠬᠢᠴᠢᠶᠡᠰᠬᠢᠵᠤ ᠤᠷᠤᠪᠠ᠃ ᠡᠬᠦᠳᠡ ᠨᠢ ᠲᠠᠩᠴᠤ ᠪᠤᠭᠤᠨᠢ ᠰᠢᠬᠠᠭᠤ ᠪᠦᠭᠡᠳ ᠪᠠᠰᠠ ᠲᠠᠮᠤᠷ ᠬᠠᠪᠳᠠᠰᠤ᠂ | ᠬᠠᠳᠠᠭᠠᠰᠤ ᠵᠡᠷᠭᠡ ᠶᠠᠭᠤᠮᠠᠰ ᠠᠳᠡ ᠲᠡᠨᠳᠡ ᠠᠴᠠ ᠰᠡᠷᠡᠶᠢᠵᠤ ᠪᠠᠶᠢᠭᠰᠠᠨ ᠠᠴᠠ᠂ ᠬᠤᠪᠴᠠᠰᠤ ᠪᠠᠨ ᠤᠷᠠᠭᠤᠯᠴᠢᠬᠠᠬᠤ | ᠠᠴᠠ ᠰᠡᠷᠡᠮᠵᠢᠯᠡᠭᠰᠡᠨ ᠮᠢᠨᠢ ᠲᠠᠷᠠ᠃ ᠰᠢᠬᠠᠭᠤ ᠵᠢᠭᠠᠬᠠᠨ ᠦᠷᠦᠭᠡᠨ ᠠᠴᠠ ᠮᠥᠨ ᠯᠠ ᠭᠠᠷᠪᠤ ᠶᠢᠨ | ᠲᠡᠷᠭᠡᠨ ᠲᠤᠳᠤᠷ᠎ᠠ ᠠᠴᠠ ᠭᠠᠷᠳᠠᠭ ᠦᠨᠦᠷ ᠰᠡᠩᠬᠢᠰᠭᠡᠪᠡ᠃ ᠪᠢ ᠲᠡᠬᠦᠨ ᠢ ᠪᠠᠳᠠᠷᠠᠬᠤ ᠶᠢᠨ ᠦᠨᠦᠷ ᠶᠤᠮ ᠪᠠᠶᠢᠨ᠎ᠠ | ᠭᠡᠵᠤ ᠮᠡᠳᠡᠯ᠎ᠠ᠃ ᠦᠨᠳᠦᠷᠭᠡᠨ ᠪᠡᠶ᠎ᠡ ᠲᠠᠢ ᠤᠯᠠᠭᠠᠨ ᠬᠤᠪᠴᠠᠰᠤ ᠡᠮᠦᠰᠦᠭᠰᠡᠨ ᠨᠠᠰᠤᠵᠢᠮᠠᠭ ᠪᠦᠰᠡᠬᠦᠢ ᠪᠢᠳᠠᠨ ᠢ | ᠬᠠᠷᠠᠭᠠᠳ ᠢᠨᠢᠶᠡᠨ ᠮᠡᠨᠳᠦᠴᠢᠯᠡᠪᠡ᠃ ᠡᠨᠡ ᠪᠤᠯ ᠮᠢᠨᠤ ᠪᠠᠳᠠᠷᠠᠬᠤ ᠳᠤ ᠤᠷᠤᠭᠰᠠᠨ ᠬᠠᠮᠤᠭ ᠠᠩᠬᠠᠨ ᠤ ᠠᠶᠢᠯ | ᠪᠤᠯᠬᠤ ᠶᠤᠮ᠃ ᠪᠢ ᠤᠷᠳᠤᠰ ᠶᠤᠰᠤ ᠪᠠᠷ ᠠᠮᠤᠷ ᠮᠡᠨᠳᠦ ᠠᠰᠠᠭᠤᠵᠤ ᠭᠠᠷᠪᠠᠯ ᠭᠠᠷᠪᠤ ︽ᠡᠨᠡ ᠪᠤᠯ ᠪᠢᠳᠠᠨ ᠤ | ᠰᠤᠷᠪᠤᠯᠵᠢᠯᠠᠬᠤ ᠭᠡᠵᠤ ᠪᠠᠶᠢᠭ᠎ᠠ ᠨᠠᠰᠤᠳᠠᠨ ᠡᠵᠢ ᠶᠢᠨ ᠦᠬᠢᠨ ᠨᠢ᠂ ᠲᠠᠷᠠ ᠡᠵᠢ ᠬᠦᠴᠤᠨ ᠬᠦᠷᠭᠡᠨ ᠠᠪᠤᠭᠰᠠᠨ | ᠠᠴᠠ᠂ ᠬᠡᠦᠭᠡᠨ ᠬᠦᠷᠭᠡᠨ ᠲᠠᠢ ᠪᠠᠨ ᠬᠠᠮᠳᠤ ᠠᠮᠢᠳᠤᠷᠠᠵᠤ ᠪᠠᠶᠢᠭ᠎ᠠ ᠶᠤᠮ ᠁︾ ᠭᠡᠵᠤ ᠲᠠᠨᠢᠯᠴᠠᠭᠤᠯᠪᠠ᠃ | ᠵᠢᠵᠢᠭᠭᠡᠨ ᠭᠡᠷ ᠢ ᠲᠤᠮᠳᠠᠭᠤᠷ ᠨᠢ ᠭᠡᠷᠡᠮ ᠪᠤᠰᠬᠠᠨ ᠬᠤᠶᠠᠷ ᠦᠷᠦᠭᠡ ᠪᠤᠯᠭᠠᠨ ᠠᠩᠬᠢᠯᠠᠭᠰᠠᠨ ᠪᠦᠭᠡᠳ ᠲᠡᠷᠡ ᠭᠡᠷᠡᠮ | ᠨᠢ ᠬᠦᠨᠳᠡᠢ ᠲᠠᠢ ᠪᠠᠶᠢᠵᠤ᠂ ᠲᠤᠳᠤᠷ᠎ᠠ ᠨᠢ ᠭᠠᠯ ᠲᠦᠯᠡᠳᠡᠭ ᠶᠤᠮ ᠪᠠᠶᠢᠪᠠ᠃ ᠲᠡᠭᠡᠭᠰᠡᠨ ᠠᠴᠠ ᠡᠨᠡ ᠭᠡᠷᠡᠮ ᠨᠢ | ᠬᠤᠶᠠᠷ ᠦᠶ᠎ᠡ ᠤᠨ ᠬᠦᠮᠦᠨ ᠤ ᠨᠢᠭᠤᠵᠤ ᠬᠠᠭᠠᠬᠤ ᠴᠢᠬᠤᠯᠠᠳᠠᠢ ᠦᠢᠯᠠ ᠶᠢ ᠨᠢ ᠨᠢᠭᠤᠵᠤ ᠬᠠᠭᠠᠳᠠᠭ ᠦᠢᠯᠡᠳᠦᠯ | ᠲᠠᠢ ᠪᠠᠷ ᠪᠠᠷᠠᠬᠤ ᠦᠭᠡᠢ᠂ ᠬᠤᠶᠠᠷ ᠦᠷᠦᠭᠡ ᠶᠢ ᠪᠦᠷ ᠲᠤᠯᠠᠭᠠᠯᠠᠴᠢᠬᠠᠳᠠᠭ ᠶᠤᠮ ᠪᠠᠶᠢᠪᠠ᠃ ᠭᠡᠷᠡᠮ ᠤᠨ ᠪᠠᠷᠠᠭᠤᠨ | ᠲᠠᠯ᠎ᠠ ᠶᠢᠨ ᠦᠷᠦᠭᠡᠨ ᠳᠤᠨᠢ ᠬᠡᠦᠭᠡᠨ ᠬᠦᠷᠭᠡᠨ ᠨᠢ ᠰᠠᠭᠤᠵᠤ᠂ ᠵᠡᠬᠦᠨ ᠲᠠᠯ᠎ᠠ ᠶᠢᠨ ᠵᠢᠵᠢᠭ ᠦᠷᠦᠭᠡᠨ ᠳᠤᠨᠢ | ᠨᠠᠰᠤᠳᠠᠨ ᠬᠤᠨᠤᠳᠠᠭ ᠶᠤᠮ ᠪᠠᠶᠢᠪᠠ᠃ ᠪᠢᠳᠠᠨ ᠢ ᠤᠷᠤᠬᠤ ᠳᠤ ᠨᠠᠰᠤᠳᠠᠨ ᠦᠪᠡᠷ ᠤᠨ ᠭᠠᠭᠴᠠ ᠬᠦᠮᠦᠨ ᠤ ᠤᠷᠤᠨ | ᠲᠡᠭᠡᠷ᠎ᠡ ᠪᠠᠨ ᠵᠠᠪᠢᠯᠠᠵᠤ ᠰᠠᠭᠤᠭᠠᠳ ︽ᠮᠠᠨᠢ ᠶᠢᠨ ᠵᠢᠷᠭᠤᠭᠠᠨ ᠦᠰᠦᠭ︾ ᠤᠨ ᠠᠶᠠᠰ ᠢ ᠲᠠᠯᠪᠢᠵᠤ᠂ ᠨᠤᠮ | ᠤᠩᠰᠢᠨ ᠮᠦᠷᠬᠦᠯ ᠬᠢᠵᠤ ᠪᠠᠶᠢᠪᠠ᠃ ᠲᠤᠩ ᠴᠠᠭᠠᠨ ᠲᠤᠯᠤᠭᠠᠢ ᠲᠠᠢ ᠲᠡᠷᠠ ᠡᠵᠢ ᠶᠢᠨ᠂ ᠤᠷᠤᠨ ᠤ ᠪᠠᠨ | ᠲᠤᠯᠤᠭᠠᠢ ᠲᠡᠭᠡᠷᠡᠬᠢ ᠭᠡᠷᠡᠮ ᠲᠡᠭᠡᠷ᠎ᠡ ᠵᠢᠭᠰᠠᠭᠠᠭᠰᠠᠨ ᠪᠤᠷᠬᠠᠳ ᠦᠭᠡᠳᠡ ᠪᠠᠨ ᠬᠠᠨᠳᠤᠵᠤ ᠨᠠᠮᠠᠨᠴᠢᠯᠡᠬᠤ ᠲᠦᠷᠢ ᠶᠢ | ᠬᠠᠷᠠᠬᠤ ᠳᠤ᠂ ᠲᠡᠷᠡ ᠦᠪᠡᠷ ᠢᠶᠠᠨ ᠴᠤᠬᠤᠮ ᠴᠦ ᠨᠢᠭᠡ ᠠᠮᠢᠳᠤ ᠪᠤᠷᠬᠠᠨ ᠪᠠᠶᠢᠨ᠎ᠠ ᠡ ᠭᠡᠵᠤ ᠰᠠᠨᠠᠭᠳᠠᠭᠤᠯᠤᠨ᠎ᠠ᠃ | ᠪᠢ᠂ ᠲᠡᠬᠦᠨ ᠳᠤ ᠰᠡᠷᠡᠭᠳᠡᠴᠢᠭᠡᠬᠦ ᠠᠴᠠ ᠰᠡᠷᠡᠮᠵᠢᠯᠡᠵᠤ᠂ ᠰᠡᠪ ᠰᠡᠮᠭᠡᠨ ᠤᠷᠤᠵᠤ ᠵᠢᠷᠤᠭᠯᠠᠪᠠ᠃ | ᠨᠠᠮᠤᠭᠤᠬᠠᠨ ᠠᠶᠠᠰ ᠤᠨ ᠲᠤᠮᠳᠠᠭᠤᠷ ᠨᠤᠮ ᠤᠩᠰᠢᠨ ᠲᠠᠭᠠᠳᠬᠠᠯ ᠬᠢᠵᠤ ᠪᠠᠶᠢᠭ᠎ᠠ ᠲᠡᠷᠡ ᠨᠠᠰᠤᠳᠠᠨ ᠤ ᠬᠠᠵᠠᠭᠤ ᠪᠠᠷ | ᠭᠡᠳᠦ ᠭᠡᠳᠦᠨ ᠨᠤᠬᠠᠢ᠂ ᠮᠤᠤᠷ ᠤᠳ ᠲᠠᠭᠠᠳᠠᠢ ᠭᠡᠪᠳᠡᠳᠡᠭ ᠨᠢ ᠭᠡᠪᠳᠡᠵᠤ᠂ ᠰᠤᠨᠢᠶᠠᠳᠠᠭ ᠨᠢ ᠰᠤᠨᠢᠶᠠᠨ᠎ᠠ᠃ ᠪᠠᠰᠠ | ᠨᠢᠭᠡ ᠡᠭᠡ ᠮᠤᠤᠷ ᠲᠡᠷᠠ ᠡᠵᠢ ᠶᠢᠨ ᠬᠦᠯᠦᠰᠤ ᠲᠠᠭᠠᠭᠠᠪᠤᠷᠢᠯᠠᠭᠰᠠᠨ ᠲᠠᠷᠠᠨ ᠤ ᠬᠠᠵᠠᠭᠤ ᠳᠤ ᠬᠤᠶᠠᠷ ᠵᠤᠯᠵᠠᠭ᠎ᠠ ᠪᠠᠨ | ᠲᠠᠰᠤᠷᠠᠯ ᠦᠭᠡᠢ ᠲᠤᠯᠢᠶᠠᠯᠠᠨ ᠬᠠᠶᠢᠷᠠᠯᠠᠵᠤ ᠬᠦᠬᠦᠬᠦᠯᠦᠨᠠ᠃ ᠬᠦᠮᠦᠨ ᠠᠮᠢᠳᠠᠨ ᠪᠦᠬᠦᠨ ᠤ ᠬᠠᠮᠤᠭ ᠤᠨ ᠡᠮᠵᠢᠭ | ᠮᠡᠳᠡᠷᠡᠮᠵᠢ ᠲᠠᠢ ᠡᠷᠭᠡᠳᠡᠨ ᠪᠤᠯᠬᠤ ᠭᠡᠯᠠᠨ ᠳᠤ ᠤᠬᠢ ᠬᠠᠶᠢᠷ᠎ᠠ ᠶᠢᠨ ᠰᠦᠨ ᠭᠡᠭᠡ ᠲᠤᠶᠠᠭᠠᠷᠠᠵᠤ ᠪᠠᠶᠢᠳᠠᠭ ᠢ ᠪᠢ ᠡᠨᠡ | ᠮᠤᠤᠷ ᠢ ᠬᠠᠷᠠᠭᠠᠳ ᠤᠬᠠᠪᠠ᠃ ᠠᠶ᠎ᠠ ᠲᠠᠭᠤᠤ ᠳᠤ᠂ ᠲᠡᠷᠡ ᠮᠦᠷᠳᠡᠯ᠎ᠠ ᠪᠠᠨ ᠪᠤᠷᠬᠠᠨ ᠤ ᠨᠤᠮᠯᠠᠯ ᠤᠨ ᠠᠶ᠎ᠠ ᠲᠠᠭᠤᠤ | ᠳᠤ ᠦᠷ᠎ᠡ ᠪᠠᠨ ᠲᠤᠯᠢᠶᠠᠯᠠᠨ ᠬᠦᠬᠦᠬᠦᠯᠬᠦ ᠲᠡᠷᠡ ᠬᠦᠳᠡᠯᠦᠯ ᠠᠮᠢᠳᠤ ᠬᠤᠷᠸ᠎ᠠ ᠶᠢᠨ ᠬᠠᠮᠤᠭ ᠤᠨ ᠭᠤᠶᠤ ᠦᠵᠡᠮᠤᠷᠢ | ᠪᠤᠯᠵᠤ ᠬᠠᠷᠠᠭᠳᠠᠨ᠎ᠠ᠃ ᠡᠮ᠎ᠠ ᠲᠦᠷᠦᠯᠳᠠᠨ ᠪᠦᠬᠦᠨ ᠤ ᠬᠦᠬᠦᠨ ᠤ ᠤᠭ ᠠᠴᠠ ᠰᠦ ᠢᠪᠢᠯᠡᠬᠦᠯᠴᠢᠭᠡᠮᠡᠷ ᠡᠨᠡ | ᠵᠢᠭᠠᠬᠠᠨ ᠦᠷᠦᠭᠡᠨ ᠳᠤ ᠪᠢ ᠲᠡᠷᠡ ᠪᠦᠬᠦᠨ ᠢ ᠰᠡᠮᠭᠡᠨ ᠵᠢᠷᠤᠭᠯᠠᠬᠤ ᠳᠤ᠂ ᠵᠢᠷᠦᠭᠡᠨ ᠳᠤ ᠮᠢᠨᠢ ᠶᠠᠮᠠᠷ ᠨᠢᠭᠡᠨ ᠰᠢᠨ᠎ᠠ | ᠠᠭᠠᠷ ᠴᠠᠯᠬᠢᠯᠡᠵᠤ᠂ ᠢᠷᠠᠭᠤ ᠡᠭᠡᠰᠢᠭ ᠡᠬᠦᠰᠭᠦ ᠭᠡ ᠰᠢᠭ᠃ ᠲᠡᠷᠡ ᠢᠷᠠᠭᠤ ᠡᠭᠡᠰᠢᠭ ᠨᠠᠮᠠᠢᠢ ᠡᠨᠡ ᠲᠡᠯᠡᠭᠡᠢ ᠶᠢᠨ | ᠡᠪᠰᠦᠨ ᠰᠢᠷᠭᠡᠭ ᠨᠢᠭᠡᠪᠦᠷᠢ ᠳᠤ ᠴᠦ ᠰᠡᠳᠬᠢᠯ ᠢᠶᠠᠨ ᠠᠭᠤᠰᠬᠠᠬᠤ ᠶᠢ ᠱᠠᠭᠠᠷᠳᠠᠵᠤ ᠪᠤᠢ ᠮᠡᠳᠡᠭᠳᠡᠨ᠎ᠠ᠃ ᠪᠤᠭᠤᠨᠢᠬᠠᠨ | ᠰᠠᠷᠠᠪᠴᠢ ᠲᠠᠢ ᠪᠤᠷᠤᠬᠠᠨ ᠡᠨᠡ ᠵᠢᠭᠠᠬᠠᠨ ᠦᠷᠦᠭᠡ ᠭᠡᠷ ᠬᠠᠷᠢᠨ ᠲᠠᠶᠢᠪᠤᠩ ᠵᠢᠷᠭᠠᠯ ᠤᠨ ᠤᠷᠤᠨ ᠵᠠᠢ ᠪᠠᠶᠢᠭᠰᠠᠨ | ᠶᠤᠮ ᠪᠠᠶᠢᠨ᠎ᠠ᠃ ᠪᠢ ᠭᠡᠳᠦᠢ ᠨᠠᠮ ᠵᠦᠭᠡᠯᠡᠨ ᠬᠦᠳᠡᠯᠵᠤ ᠪᠠᠶᠢᠭᠰᠠᠨ ᠴᠦ᠂ ᠲᠡᠷᠡ ᠨᠠᠰᠤᠳᠠᠨ ᠳᠤ | ᠮᠡᠳᠡᠭᠳᠡᠴᠢᠭᠡᠪᠡ᠃ ᠠᠯᠠᠭ᠎ᠠ ᠪᠠᠨ ᠬᠠᠪᠰᠤᠷᠤᠨ ᠨᠠᠮᠠᠨᠴᠢᠯᠠᠵᠤ ᠪᠠᠶᠢᠭᠰᠠᠨ ᠲᠡᠷᠡ᠂ ᠨᠢᠳᠤ ᠪᠠᠨ ᠶᠠᠯᠢᠮ ᠦᠭᠡᠶᠢᠭᠡᠨ | ᠨᠠᠭᠡᠭᠡᠳ ᠨᠠᠮᠠᠢᠢ ᠨᠢᠭᠡ ᠬᠠᠷᠠᠭᠰᠠᠨ ᠢᠶᠠᠨ ᠦᠷᠬᠦᠯᠵᠢᠯᠡᠨ ᠨᠤᠮ ᠢᠶᠠᠨ ᠤᠩᠰᠢᠵᠤ᠂ ᠮᠦᠷᠬᠦᠯ ᠢᠶᠠᠨ ᠬᠢᠪᠠ᠃ | ᠮᠦᠷᠬᠦᠯᠳᠡ ᠲᠠᠭᠤᠰᠴᠦ ᠪᠢᠳᠠᠨ ᠠᠮᠤᠷ ᠮᠠᠨᠳᠤ ᠡᠷᠢᠨ ᠠᠭᠤᠯᠵᠠᠪᠠ᠃ ᠨᠠᠮᠬᠠᠨ ᠬᠠᠳᠠᠩᠬᠢᠷ ᠪᠡᠶ᠎ᠡ ᠲᠠᠢ | ᠲᠡᠷᠡ ᠡᠵᠢ ᠶᠢᠨ ᠨᠢᠭᠤᠷ ᠲᠤ ᠤᠯᠠᠭ᠎ᠠ᠂ ᠪᠠᠶᠠᠷ ᠪᠠᠶᠠᠰᠬᠤᠯᠠᠩ ᠤᠨ ᠭᠡᠭᠡ ᠪᠢᠯᠬᠠᠨ᠂ ᠮᠢᠨᠤ ᠭᠠᠷ ᠢ ᠠᠳᠬᠤᠵᠤ ︽ | ᠰᠠᠶᠢᠨ ᠶᠠᠪᠤᠵᠤ ᠢᠷᠡᠪᠡ ᠤᠤ︖ ᠭᠤᠤᠯ ᠡ︕︾ ᠭᠡᠬᠦ ᠪᠠᠷ ᠰᠠᠶᠢᠬᠠᠨ ᠰᠠᠨᠠᠭᠳᠠᠪᠠ᠃ ᠬᠡᠦᠭᠡᠨ | ᠬᠦᠷᠭᠡᠨ ᠤ ᠬᠢᠨ ᠰᠠᠭᠤᠳᠠᠭ ᠪᠠᠷᠠᠭᠤᠨ ᠲᠠᠯ᠎ᠠ ᠶᠢᠨ ᠦᠷᠦᠭᠡ ᠨᠢ ᠠᠷᠠᠢ ᠠᠭᠤᠵᠢᠭᠤ ᠰᠢᠭ᠋ ᠪᠦᠭᠡᠳ ᠬᠠᠨᠵᠤ ᠲᠠᠢ | ᠪᠠᠶᠢᠭᠰᠠᠨ ᠠᠴᠠ᠂ ᠪᠢᠳᠠᠨ ᠡᠨᠡ ᠭᠡᠷ ᠲᠤᠨᠢ ᠲᠡᠬᠦᠨ ᠢ ᠰᠤᠷᠪᠤᠯᠵᠢᠯᠠᠪᠠ᠃ ᠬᠤᠸᠠᠷᠳᠠᠢ ᠵᠤᠵᠠᠭᠠᠨ ᠰᠤᠯᠢᠶᠤᠤ | ᠲᠠᠪᠢᠰᠦᠭᠰᠡᠨ ᠬᠠᠨᠵᠤᠨ ᠲᠡᠭᠡᠷ᠎ᠡ ᠨᠢ ᠵᠠᠪᠢᠯᠡᠵᠤ ᠰᠠᠭᠤᠭᠠᠳ ᠶᠠᠷᠢᠯᠳᠤᠪᠠᠯ᠂ ᠤᠯᠠᠨ ᠮᠤᠤᠷ ᠤᠳ ᠨᠢ ᠲᠠᠷᠠ ᠡᠵᠢ ᠶᠢ | ᠬᠠᠷᠠᠮᠨᠠᠵᠤ ᠪᠠᠶᠢᠨ᠎ᠠ ᠭᠡᠮᠡᠷ ᠮᠢᠨᠤ ᠠᠷᠤ ᠤᠷᠢᠳᠠᠭᠤᠷ ᠬᠤᠮᠤᠷᠠᠯᠳᠤᠨ ᠭᠡᠪᠳᠡᠵᠤ ᠬᠦᠷ ᠬᠠᠷ ᠭᠡᠵᠤ ᠪᠠᠶᠢᠪᠠ᠃ | ᠤᠷᠠᠩᠭᠤᠸ᠎ᠠ᠄ ᠡᠵᠢ ᠲᠠᠨ ᠤ ᠤᠪᠤᠭ ᠨᠠᠷᠠ︖ ᠨᠠᠰᠤᠳᠠᠨ᠄ ᠤᠪᠤᠭ ᠴᠢᠶᠠᠨ᠂ ᠨᠠᠷᠠ ᠪᠢᠩ ᠲᠠᠩ᠂ | ᠴᠢᠶᠠᠨ ᠮᠦᠰᠦᠨ ᠰᠢᠬᠢᠷ ᠭᠡᠰᠡᠨ ᠨᠠᠷᠠ ᠡ︕ ᠤᠷᠠᠩᠭᠤᠸ᠎ᠠ᠄ ᠬᠦᠶ᠋ᠢ᠂ ᠶᠠᠮᠠᠷ ᠰᠠᠶᠢᠬᠠᠨ ᠠᠮᠳᠠᠳᠠᠢ | ᠨᠠᠷᠠ ᠶᠤᠮ ᠪᠤᠢ︖ ᠭᠠᠷᠪᠤ ᠠᠬ᠎ᠠ ᠠᠴᠠ ᠰᠤᠨᠤᠰᠬᠤ ᠳᠤ᠂ ᠲᠠᠨ ᠢ ᠤᠯᠠᠨ ᠦᠯᠢᠭᠡᠷ ᠲᠠᠢ ᠶᠠᠪᠤᠭᠰᠠᠨ ᠶᠤᠮ ᠭᠡᠨ᠎ᠠ | ᠂ ᠨᠠᠳᠠ ᠶᠠᠷᠢᠬᠤ ᠤᠤ︖ ᠪᠢᠩ ᠲᠠᠩ᠄ ᠪᠤᠯᠤᠨ᠎ᠠ᠂ ᠪᠤᠯᠤᠨ᠎ᠠ᠂ ᠲᠡᠭᠡᠳᠦᠰ ᠤᠨ ᠢᠶᠠᠨ ᠦᠯᠢᠭᠡᠷ ᠢ | ᠬᠡᠯᠡᠬᠦ ᠳᠤ ᠰᠤᠨᠤᠰᠤᠭᠰᠠᠨ ᠨᠢ ᠪᠠᠶᠢᠨ᠎ᠠ᠂ ᠡᠪᠦᠭᠡ ᠪᠠ ᠡᠴᠢᠭᠡ ᠶᠢᠨ ᠦᠯᠢᠭᠡᠷ ᠢ ᠬᠡᠯᠡᠬᠦ ᠳᠤ ᠬᠠᠷᠠᠭᠰᠠᠨ ᠨᠢ ᠪᠠᠶᠢᠨ᠎ᠠ | ᠂ ᠦᠪᠡᠷ ᠤᠨ ᠢᠶᠠᠨ ᠦᠯᠢᠭᠡᠷ ᠢ ᠬᠡᠯᠡᠬᠦ ᠳᠤ ᠦᠩᠭᠡᠷᠡᠭᠡᠭᠰᠡᠨ ᠨᠢ ᠪᠠᠶᠢᠨ᠎ᠠ᠂ ᠠᠯᠢ ᠶᠢ ᠨᠢ ᠰᠤᠨᠤᠰᠬᠤ ᠶᠤᠮ︖ | ᠤᠷᠠᠩᠭᠤᠸ᠎ᠠ᠄ ᠰᠤᠨᠤᠰᠤᠭᠰᠠᠨ᠂ ᠦᠵᠡᠭᠰᠡᠨ᠂ ᠦᠩᠭᠡᠷᠡᠬᠦᠯᠦᠭᠰᠡᠨ ᠢᠶᠠᠨ ᠪᠦᠬᠦᠨ ᠢ ᠬᠠᠷᠠᠮᠨᠠᠬᠤ ᠦᠭᠡᠢ | ᠶᠠᠷᠢᠭᠠᠴᠢ ᠳ᠋ᠠ᠂ ᠠᠯᠢ ᠡᠷᠳᠡᠬᠢ ᠶᠢ ᠶᠠᠷᠢᠪᠠᠯ ᠠᠯᠢ ᠰᠠᠶᠢᠨ︕ ᠲᠠᠨ ᠤ ᠨᠠᠰᠤᠨ ᠰᠡᠬᠦᠳᠡᠷ ᠭᠡᠳᠦᠢ ᠪᠢᠯᠠ︖ | ᠪᠢᠩ ᠲᠠᠩ᠄ ᠪᠢ ᠦᠨᠤ ᠵᠢᠯ 91 ᠨᠠᠰᠤᠳᠠᠢ᠃ ᠤᠷᠠᠩᠭᠤᠸ᠎ᠠ᠄ ᠶᠠᠮᠠᠷ ᠰᠠᠶᠢᠬᠠᠨ ᠨᠠᠰᠤ ᠪᠠᠶᠢᠨ᠎ᠠ︖ | ᠪᠢ ᠴᠦ ᠦᠨᠡᠭᠡᠷ ᠠᠵᠠ ᠲᠠᠢ ᠬᠦᠮᠦᠨ ᠳ᠋ᠠ᠂ ᠡᠶᠢᠮᠤ ᠰᠠᠶᠢᠬᠠᠨ ᠦᠨᠳᠦᠷ ᠨᠠᠰᠤ ᠲᠠᠢ ᠬᠦᠮᠦᠨ ᠲᠠᠢ ᠠᠭᠤᠯᠵᠡᠵᠤ | ᠶᠠᠷᠢᠯᠳᠤᠨ ᠰᠠᠭᠤᠨ᠎ᠠ ᠭᠡᠵᠤ ᠦᠨᠡᠭᠡᠷ ᠴᠦ ᠪᠤᠷᠬᠠᠨ ᠳᠤ ᠮᠦᠷᠬᠦᠭᠰᠡᠨ ᠲᠠᠢ ᠠᠳᠠᠯᠢ ᠶᠤᠮ ᠁ ᠪᠢᠩ | ᠲᠠᠩ᠄ ᠮᠢᠨᠤ ᠡᠨᠡ ᠶᠢ ᠶᠠᠭᠤᠨᠡᠢ ᠦᠨᠳᠦᠷ ᠨᠠᠰᠤᠨ ᠳᠤ ᠲᠤᠭᠠᠴᠠᠬᠤ ᠶᠤᠮ︖ ᠮᠢᠨᠤ ᠡᠪᠦᠭᠡ 129 ᠨᠠᠰᠤᠯᠠᠭᠰᠠᠨ | ᠶᠤᠮ᠂ ᠪᠢ ᠠᠶᠢᠯ ᠳᠤ ᠮᠤᠷᠳᠠᠳᠠᠯᠠ ᠪᠠᠨ ᠡᠪᠦᠭᠡ ᠶᠢᠨ ᠢᠶᠠᠨ ᠬᠠᠵᠠᠭᠤ ᠳᠤ ᠤᠨᠳᠠᠵᠤ ᠪᠠᠶᠢᠭᠰᠠᠨ᠃ ᠲᠡᠷᠡ ᠰᠠᠶ᠋ᠢ | ᠠᠮᠢᠳᠤ ᠪᠤᠷᠬᠠᠨ ᠶᠤᠮ᠃ ᠤᠷᠠᠩᠭᠤᠸ᠎ᠠ᠄ ᠵᠠ᠂ ᠲᠡᠭᠡᠭᠡᠳ ᠯᠠ ᠲᠡᠷᠡ ᠠᠮᠢᠳᠤ ᠪᠤᠷᠬᠠᠨ ᠤ ᠲᠤᠬᠠᠢ | ᠦᠯᠢᠭᠡᠷ ᠡᠬᠢᠯᠠᠨ᠎ᠠ ᠳ᠋ᠠ᠂ ᠤᠳᠤ ᠶᠠᠷᠢᠬᠤ ᠤᠤ︖ ᠪᠢᠩ ᠲᠠᠩ᠄ ᠡᠪᠦᠭᠡ ᠶᠢᠨ ᠮᠢᠨᠢ ᠡᠪᠦᠭᠡ ᠭᠡᠵᠤ | ᠨᠢᠭᠡ ᠰᠦᠷᠡᠭᠡᠢ ᠬᠦᠮᠦᠨ ᠪᠠᠶᠢᠭᠰᠠᠨ ᠭᠡᠨ᠎ᠠ ᠰᠢᠦ᠂ ᠲᠡᠬᠦᠨ ᠢ ᠲᠦᠭᠡᠮᠡᠯ ᠭᠡᠳᠡᠭ ᠭᠡᠨ᠎ᠠ᠃ ᠰᠢ ᠠᠨ ᠭᠡᠳᠡᠭ ᠭᠠᠵᠠᠷ | ᠲᠤ ᠴᠡᠷᠢᠭ ᠤᠨ ᠨᠤᠶᠠᠨ ᠪᠤᠯᠵᠤ ᠪᠠᠶᠢᠭᠰᠠᠨ ᠭᠡᠨ᠎ᠠ᠃ ᠭᠡᠬᠦ ᠳᠤ᠂ ᠲᠡᠬᠦᠨ ᠤ ᠲᠡᠭᠡᠷᠡᠬᠢ ᠨᠤᠶᠠᠨ ᠨᠢ ᠴᠡᠷᠢᠭ ᠠᠷᠠᠳ | ᠢ ᠬᠢᠬᠠᠵᠤ᠂ ᠶᠠᠯ᠎ᠠ ᠲᠤᠷᠭᠠᠭᠤᠯᠢ ᠢᠳᠡᠵᠤ᠂ ᠠᠷᠠᠳ ᠲᠦᠮᠡᠨ ᠢ ᠵᠤᠪᠠᠭᠠᠵᠤ᠂ ᠡᠰᠨᠨ ᠪᠤᠰᠤ ᠪᠠᠷ ᠠᠭᠠᠰᠢᠯᠠᠬᠤ ᠳᠤ | ︽ᠡᠶᠢᠮᠤ ᠮᠠᠭᠤᠬᠠᠢ ᠠᠮᠢᠳᠠᠨ ᠢ ᠡᠨᠡ ᠶᠢᠷᠳᠢᠨᠴᠦ ᠠᠴᠠ ᠲᠤᠨᠢᠯᠭᠠᠬᠤ ᠦᠭᠡᠢ ᠶᠤᠮ ᠪᠤᠯ᠂ ᠤᠯᠤᠰ ᠠᠷᠠᠳ ᠤᠨ | ᠭᠠᠰᠠᠯᠠᠩ ᠵᠤᠪᠠᠯᠠᠩ ᠤᠨ ᠦᠨᠳᠦᠰᠦ ᠪᠠᠶᠢᠨ᠎ᠠ᠂ ᠲᠦᠭᠡᠮᠡᠯ ᠮᠢᠨᠤ ᠭᠠᠭᠴᠠ ᠠᠮᠢ ᠶᠠᠭᠤ ᠯᠠ ᠪᠠᠶᠢᠨ᠎ᠠ︖ ᠲᠦᠮᠡᠨ | ᠠᠷᠠᠳ ᠤᠨ ᠲᠡᠭᠰᠢ ᠲᠦᠷᠦ ᠴᠢᠬᠤᠯᠠ ᠪᠠᠶᠢᠨ᠎ᠠ ᠭᠡᠵᠤ︾ ᠭᠡᠵᠤ ᠰᠠᠨᠠᠭᠠᠳ ᠨᠤᠶᠠᠨ ᠢᠶᠠᠨ ᠠᠯᠠᠴᠢᠬᠠᠵᠡᠢ ᠭᠡᠨ᠎ᠠ ᠁ | ᠤᠷᠠᠩᠭᠤᠸ᠎ᠠ᠄ ᠡᠴᠢᠭᠡ ᠡ᠂ ᠶᠠᠭᠠᠬᠢᠵᠤ ᠠᠯᠠᠭᠰᠠᠨ ᠶᠤᠮ ᠪᠤᠯ︖ ᠬᠠᠷᠠᠭᠤᠯ ᠮᠠᠨᠠᠭ᠎ᠠ ᠲᠠᠢ ᠲᠡᠶᠢᠮᠤ | ᠶᠡᠭᠡ ᠨᠤᠶᠠᠨ ᠢ ᠁ ᠪᠢᠩ ᠲᠠᠩ᠄ ᠪᠢ ᠴᠢᠮ᠎ᠠ ᠳᠤ ᠬᠡᠯᠡᠵᠤ ᠪᠠᠶᠢᠬᠤ ᠦᠭᠡᠢ ᠤᠤ︖ ᠰᠤᠨᠤᠰᠴᠦ | ᠪᠠᠢ︕ ᠨᠤᠶᠠᠨ ᠢᠶᠠᠨ ᠠᠯᠠᠬᠤ ᠪᠠᠨ ᠪᠠᠶᠢᠮ᠎ᠠ ᠡᠷᠳᠡ ᠠᠴᠠ ᠪᠦᠷ ᠵᠤᠬᠢᠶᠠᠴᠢᠬᠠᠵᠡᠢ ᠰᠢᠦ᠃ ᠲᠡᠷᠡ ᠦᠪᠡᠷ ᠢᠶᠠᠨ | ᠭᠤᠷᠪᠠᠨ ᠬᠦᠦ ᠲᠠᠢ᠃ ᠨᠢᠭᠡᠨ ᠡᠳᠦᠷ ᠭᠤᠷᠪᠠᠨ ᠬᠦᠦ ᠪᠠᠨ ᠲᠠᠭᠤᠳᠠᠵᠤ ᠢᠷᠡᠬᠦᠯᠦᠭᠡᠳ ᠬᠡᠯᠡᠵᠤ ᠭᠡᠨ᠎ᠠ᠃ ᠪᠡᠶ᠎ᠡ | ᠪᠦᠳᠦᠭᠰᠡᠨ ︵ᠡᠭᠡᠨᠡᠷ ᠬᠡᠦᠭᠡᠳ ᠠᠪᠴᠦ ᠭᠡᠷ ᠪᠦᠯᠢ ᠪᠤᠯᠤᠭᠰᠠᠨ︶ ᠶᠡᠭᠡ ᠬᠦᠪᠡᠬᠦᠨ ᠳᠡᠭᠡᠨ ︽ᠴᠢ ᠬᠠᠳᠠᠮ ᠤᠨ | ᠨᠤᠳᠤᠭ ᠲᠠᠭᠠᠨ ᠤᠴᠢᠵᠤ ᠲᠡᠳᠡᠨ ᠤ ᠤᠪᠤᠭ ᠢ ᠠᠪᠴᠦ ᠠᠮᠢᠳᠤᠷᠠ︕︾ ᠭᠡᠵᠤ ᠵᠠᠬᠢᠭᠠᠳ ᠬᠠᠳᠠᠮ ᠳᠤᠨᠢ | ᠶᠠᠪᠤᠭᠤᠯᠵᠡᠢ᠃ ᠤᠷᠠᠩᠭᠤᠸ᠎ᠠ᠄ ᠬᠠᠳᠠᠮ ᠨᠢ ᠶᠠᠮᠠᠷ ᠤᠪᠤᠭᠳᠠᠢ ᠶᠤᠮ ᠪᠤᠯ︖ ᠪᠢᠩ ᠲᠠᠩ᠄ | ᠶᠢᠨ ᠤᠪᠤᠭᠳᠠᠢ ᠶᠤᠮ ᠭᠡᠨ᠎ᠡ︕ ᠪᠡᠶ᠎ᠡ ᠪᠦᠳᠦᠭᠡᠳᠦᠢ ᠬᠤᠶᠠᠳᠤᠭᠠᠷ ᠬᠦᠦ ᠪᠠᠨ ︽ᠴᠢ ᠨᠠᠭᠠᠴᠦ ᠶᠢᠨ ᠳᠠᠭᠠᠨ | ᠤᠴᠢᠵᠤ ᠲᠡᠳᠡᠨ ᠤ ᠤᠪᠤᠭ ᠢ ᠠᠪᠴᠦ ᠠᠮᠢᠳᠤᠷᠠ︕︾ ᠭᠡᠵᠤ ᠶᠠᠪᠤᠭᠤᠯᠵᠡᠢ᠃ ᠨᠠᠭᠠᠴᠦ ᠨᠢ ᠴᠧᠩ ᠤᠪᠤᠭᠳᠠᠢ | ᠶᠤᠮ ᠭᠡᠨ᠎ᠠ᠃ ᠤᠪᠤᠭ ᠬᠠᠯᠡᠵᠤ ᠭᠠᠳᠠᠭᠰᠢ ᠶᠠᠪᠤᠭᠤᠯᠤᠭᠰᠠᠨ ᠬᠤᠶᠠᠷ ᠬᠦᠦ ᠳᠡᠭᠡᠨ ︽ᠲᠠ ᠬᠤᠶᠠᠭᠤᠯᠠ ᠦᠪᠡᠷ | ᠦᠪᠡᠷ ᠤᠨ ᠢᠶᠠᠨ ᠤᠪᠤᠭ ᠡᠷᠦᠭᠡ ᠪᠠᠨ ᠬᠦᠭᠡᠭᠡᠵᠤ ᠲᠠᠬᠢᠵᠤ ᠴᠦ ᠪᠤᠤ ᠬᠠᠷᠢᠵᠤ ᠢᠷ᠎ᠡ᠂ ᠭᠡᠨ ᠳᠤ ᠴᠦ ᠴᠢᠶᠠᠨ | ᠤᠪᠤᠭᠳᠠᠢ ᠭᠡᠳᠡᠭ ᠢᠶᠠᠨ ᠮᠡᠳᠡᠭᠳᠡᠵᠤ ᠪᠤᠯᠬᠤ ᠦᠭᠡᠢ ᠮᠦᠷᠳᠡᠭᠡᠨ ᠮᠢᠨᠤ ᠬᠦᠦ ᠭᠡᠰᠡᠨ ᠢ ᠨᠡᠩ ᠮᠡᠳᠡᠭᠳᠡᠯ ᠦᠭᠡᠢ | ᠠᠮᠤᠷ ᠲᠠᠶᠢᠪᠤᠩ ᠠᠮᠢᠳᠤᠷᠠ ᠁︾ ᠭᠡᠵᠤ ᠨᠠᠶᠢᠳᠠᠭᠰᠠᠨ ᠶᠤᠮ ᠭᠡᠨ᠎ᠠ︕ ᠤᠷᠠᠩᠭᠤᠸ᠎ᠠ᠄ ᠲᠡᠭᠡᠪᠡᠯ | ᠲᠡᠷᠡ ᠬᠤᠶᠠᠷ ᠬᠦᠦ ᠨᠢ ᠰᠢ ᠠᠨ ᠤ ᠤᠷᠴᠢᠮ ᠢᠶᠠᠷ ᠠᠮᠢᠳᠤᠷᠠᠵᠤ ᠲᠡᠨᠳᠡ ᠰᠢᠩᠬᠢᠭᠰᠡᠨ ᠤᠤ︖ ᠪᠢᠩ | ᠲᠠᠩ᠄ ᠲᠡᠭᠡᠬᠦ ᠦᠭᠡᠢ ᠶᠠᠭᠠᠬᠢᠨ᠎ᠠ᠂ ᠤᠳᠤ ᠪᠦᠷ ᠬᠢᠳᠠᠳ ᠪᠤᠯᠴᠢᠬᠠᠭᠰᠠᠨ ᠪᠡᠶᠢᠯᠬᠦᠢ᠂ ᠭᠡᠨ ᠮᠡᠳᠡᠬᠦ ᠶᠤᠮ︖ | ᠬᠠᠷᠢᠨ ᠲᠦᠩᠭᠢᠵᠤ ᠠᠷᠪᠠᠨ ᠬᠤᠶᠠᠷ ᠨᠠᠰᠤ ᠬᠦᠷᠴᠦ ᠪᠠᠶᠢᠭ᠎ᠠ ᠬᠠᠮᠤᠭ ᠪᠠᠭ᠎ᠠ ᠬᠦᠦ ᠪᠠᠨ ᠨᠠᠭᠠᠰᠢ ᠬᠠᠨᠳᠤᠭᠤᠯᠵᠤ᠂ | ᠨᠠᠮᠠᠢᠢ ᠡᠨᠡ ᠶᠢᠷᠳᠢᠨᠴᠦ ᠲᠡᠭᠡᠷ᠎ᠠ ᠠᠪᠴᠢᠷᠠᠭᠤᠯᠤᠭᠰᠠᠨ ᠪᠠᠶᠢᠨ᠎ᠠ︕ ᠪᠢ ᠵᠠᠯᠭᠠᠭᠠᠳ ᠬᠡᠯᠡᠶ᠎ᠡ᠂ ᠴᠢ ᠰᠤᠨᠤᠰᠴᠦ ᠪᠡᠢ | ᠠ︕ ᠲᠦᠭᠡᠮᠡᠯ᠂ ᠠᠷᠪᠠᠨ ᠬᠤᠶᠠᠷ ᠨᠠᠰᠤ ᠬᠦᠷᠴᠦ ᠪᠠᠶᠢᠭ᠎ᠠ ᠪᠠᠭ᠎ᠠ ᠬᠦᠦ ᠳᠡᠭᠡᠨ ︽ᠠᠪᠤ ᠨᠢ ᠴᠢᠮ᠎ᠠ ᠳᠤ ᠬᠤᠶᠠᠷ | ᠶᠠᠭᠤᠮ᠎ᠠ ᠦᠯᠡᠳᠡᠭᠡᠶ᠎ᠡ᠂ ᠨᠢᠭᠡ ᠨᠢ ᠪᠤᠯ ᠮᠠᠨ ᠤ ᠴᠢᠶᠠᠨ ᠤᠪᠤᠭ᠂ ᠨᠦᠬᠦᠭᠡ ᠨᠢ ᠪᠤᠯ ᠮᠠᠨ ᠤ ᠤᠪᠤᠭ ᠤᠳᠤᠮ ᠤᠨ | ᠬᠢᠨ ᠤ ᠴᠢᠬᠢᠷᠠᠭ ᠵᠠᠩ ᠴᠢᠨᠠᠷ᠃ ᠶᠢᠷᠳᠢᠨᠴᠦ ᠲᠡᠭᠡᠷ᠎ᠡ ᠠᠮᠢ ᠨᠠᠰᠤ ᠭᠡᠵᠤ ᠬᠠᠮᠤᠭ ᠡᠷᠬᠢᠮ ᠶᠠᠭᠤᠮ᠎ᠠ ᠭᠡᠳᠡᠭ ᠢ | ᠬᠦᠮᠦᠨ ᠪᠦᠬᠦᠨ ᠮᠡᠳᠡᠨ᠎ᠠ᠃ ᠭᠡᠬᠦ ᠳᠤ ᠠᠮᠢ ᠨᠠᠰᠤᠨ ᠠᠴᠠ ᠴᠦ ᠨᠢᠭᠡ ᠡᠷᠬᠢᠮ ᠶᠠᠭᠤᠮ᠎ᠠ ᠪᠤᠯ ᠰᠢᠳᠤᠷᠭᠤ ᠶᠤᠰᠤᠨ ᠢ | ᠪᠠᠷᠢᠮᠳᠠᠯᠠᠬᠤ ᠴᠢᠩᠭ᠎ᠠ ᠴᠢᠬᠢᠷᠠᠭ ᠵᠤᠷᠢᠭ ᠰᠢᠨᠳᠠᠰᠤ ᠪᠤᠢ᠃ ᠴᠢᠶᠠᠨ ᠤᠪᠤᠭᠳᠠᠨ ᠤ ᠡᠷ᠎ᠡ ᠬᠦᠮᠦᠰ ᠭᠡᠵᠤ ᠡᠶᠢᠮᠤ | ᠡᠷᠬᠢᠮ ᠶᠠᠭᠤᠮᠠᠨ ᠤ ᠲᠦᠯᠦᠭᠡ ᠠᠮᠢᠳᠤᠷᠠᠵᠤ᠂ ᠮᠥᠨ ᠡᠶᠢᠮᠤ ᠡᠷᠬᠢᠮ ᠶᠠᠭᠤᠮᠠᠨ ᠤ ᠲᠦᠯᠦᠭᠡ ᠦᠬᠦᠳᠡᠭ᠃ ᠴᠢ | ᠴᠢᠶᠠᠨ ᠤᠪᠤᠭᠳᠠᠨ ᠤ ᠡᠨᠡ ᠵᠤᠷᠢᠭ ᠰᠢᠨᠳᠠᠰᠤ ᠶᠢ ᠠᠪᠴᠦ ᠲᠡᠯᠡᠭᠡᠢ ᠶᠢ ᠲᠤᠭᠤᠷᠢᠨ ᠠᠮᠢ ᠪᠠᠨ ᠲᠡᠵᠢᠭᠡᠵᠤ | ᠶᠠᠪᠤᠭᠳᠤᠨ ᠁︾ ᠭᠡᠳ ᠬᠦᠭᠡᠭᠡᠴᠢᠭᠡᠵᠤ ᠭᠡᠨ᠎ᠠ᠃ ᠭᠤᠷᠪᠠᠨ ᠬᠡᠦᠭᠡᠳ ᠢᠶᠠᠨ ᠪᠦᠷ ᠵᠦᠭ ᠵᠦᠭ ᠲᠤᠨᠢ | ᠲᠠᠷᠬᠠᠭᠠᠳ ᠴᠡᠷᠢᠭ ᠤᠨ ᠠᠯᠪᠠᠨ ᠲᠡᠭᠡᠷ᠎ᠡ ᠪᠠᠨ ᠪᠤᠴᠡᠵᠡᠢ᠃ ᠤᠷᠠᠩᠭᠤᠸ᠎ᠠ᠄ ᠲᠦᠭᠡᠮᠡᠯ ᠲᠡᠭᠡᠭᠡᠳ ᠭᠤᠷᠪᠠᠨ | ᠬᠡᠦᠭᠡᠳ ᠲᠠᠢ ᠪᠠᠨ ᠡᠬᠦᠷᠢᠳᠡ ᠰᠠᠯᠤᠭᠰᠠᠨ ᠨᠢ ᠡ︖ ᠪᠢᠩ ᠲᠠᠩ᠄ ᠠᠨ᠎ᠠ᠂ ᠠᠨ᠎ᠠ ︵ᠲᠡᠶᠢᠮᠤ᠂ ᠶᠠᠭ | ᠲᠡᠶᠢᠮᠤ᠂ ᠡᠩ ᠲᠡᠭᠡᠷ᠎ᠡ ᠨᠠ ᠶᠢ ᠲᠠᠭᠠᠭᠤᠯᠬᠤ ᠳᠠᠭᠠᠨ ᠢᠩᠬᠢᠵᠤ ᠬᠡᠯᠡᠭᠰᠡᠨ ᠴᠦ ᠶᠤᠮ ᠤᠤ ᠭᠡᠵᠤ ᠪᠢ ᠪᠤᠳᠤᠪᠠ᠃ | ᠤᠴᠢᠷ ᠨᠢ ᠲᠡᠳᠡ ᠵᠠᠷᠢᠮ ᠳᠠᠭᠠᠨ ᠡᠨᠠ ᠭᠡᠵᠤ ᠴᠦ ᠬᠡᠯᠡᠬᠦ ᠨᠢ ᠪᠤᠢ︶︕ ᠴᠡᠷᠢᠭ ᠲᠡᠭᠡᠷ᠎ᠠ ᠪᠠᠨ ᠬᠦᠷᠦᠭᠰᠡᠨ ᠤ | ᠲᠠᠷᠠᠭ᠎ᠠ᠂ ᠨᠦᠬᠦᠭᠡ ᠶᠠᠯ᠎ᠠ ᠢᠳᠡᠳᠡᠭ ᠲᠠᠷᠤᠭ᠎ᠠ ᠨᠤᠶᠠᠨ ᠨᠢ ᠦᠵᠡᠬᠦᠯᠡᠩᠳᠦ ᠰᠠᠶᠢᠬᠠᠨ ᠠᠭᠤᠯᠠ ᠤᠰᠤᠨ ᠳᠤ | ᠵᠤᠭᠠᠴᠠᠬᠤ ᠪᠠᠷ ᠤᠯᠠᠨ ᠤᠨᠤᠭ᠎ᠠ ᠮᠤᠷᠢ᠂ ᠲᠠᠭᠠᠭᠤᠯ ᠮᠠᠨᠠᠭᠤᠯ ᠲᠠᠢ ᠭᠠᠷᠴᠦ ᠭᠡᠨ᠎ᠠ᠃ ᠰᠦᠨᠢ ᠨᠢ ᠲᠠᠶᠠᠭᠠᠷ | ᠤᠨᠳᠠᠵᠤ ᠨᠠᠮᠳᠠᠭᠰᠠᠨ ᠤ ᠲᠠᠷᠠᠭ᠎ᠠ᠂ ᠲᠦᠭᠡᠮᠡᠯ ᠲᠡᠷᠭᠡᠨ ᠳᠤ ᠭᠠᠯ ᠲᠠᠯᠪᠢᠵᠤ ᠤᠯᠠᠨ ᠬᠠᠷᠠᠭᠤᠯ ᠮᠠᠨᠠᠭᠠᠨ ᠤ ᠬᠦᠮᠦᠰ | ᠢ ᠦᠢᠮᠡᠬᠦᠯᠦᠭᠡᠳ᠂ ᠦᠪᠡᠷ ᠢᠶᠠᠨ ᠨᠤᠶᠠᠨ ᠤ ᠪᠠᠨ ᠤᠷᠳᠤᠨ ᠳᠤ ᠬᠦᠶᠦᠵᠤ ᠤᠷᠤᠨ᠂ ᠫᠤᠤᠳᠠᠵᠤ ᠠᠯᠠᠭᠰᠠᠨ ᠶᠤᠮ | ᠭᠡᠨ᠎ᠡ᠃ ᠲᠡᠭᠡᠴᠢᠭᠡᠭᠡᠳ ᠦᠪᠡᠷ ᠢ ᠪᠠᠨ ᠲᠤᠰᠢᠶᠠᠭᠰᠠᠨ ᠪᠦᠭᠡᠳ ᠰᠢᠳᠭᠡᠯ ᠤᠯᠵᠤ ᠠᠯᠠᠭᠳᠠᠭᠰᠠᠨ ᠶᠤᠮ ᠭᠡᠳᠡᠭ ᠡ ᠁ | ᠤᠷᠠᠩᠭᠤᠸ᠎ᠠ᠄ ᠲᠦᠭᠡᠮᠡᠯ ᠤᠨ ᠦᠯᠢᠭᠡᠷ ᠢᠩᠬᠢᠵᠤ ᠲᠠᠭᠤᠰᠤᠭᠠᠳ᠂ ᠦᠨᠦ ᠠᠷᠪᠠᠨ ᠬᠤᠶᠠᠷ ᠨᠠᠰᠤ ᠲᠠᠢ | ᠬᠦᠦ ᠶᠢᠨ ᠬᠢᠨᠢ ᠦᠯᠢᠭᠡᠷ ᠡᠬᠢᠯᠡᠭᠰᠡᠨ ᠶᠤᠮ ᠪᠢᠵᠠ︖ ᠪᠢᠩ ᠲᠠᠩ᠄ ᠡᠨᠠ᠂ ᠡᠨᠠ᠂ ᠲᠠᠷᠠ ᠠᠷᠪᠠᠨ | ᠬᠤᠶᠠᠷ ᠲᠠᠢ ᠬᠦᠦ ᠨᠢ ᠴᠢᠶᠠᠨ ᠤᠪᠤᠭ ᠪᠠ ᠵᠦᠪ ᠶᠤᠰᠤᠨ ᠢ ᠪᠠᠷᠢᠮᠳᠠᠯᠠᠬᠤ ᠴᠢᠩᠭ᠎ᠠ ᠭᠡᠷᠢᠶᠠᠰ ᠢ ᠠᠪᠴᠦ | ᠶᠠᠪᠤᠭᠰᠠᠭᠠᠷ ᠪᠠᠶᠢᠵᠤ᠂ ᠰᠡᠬᠦᠯᠡᠷ ᠨᠢ ᠨᠠᠳᠠ ᠦᠭᠬᠦᠭᠰᠡᠨ ᠳ᠋ᠠ᠃ ᠤᠷᠠᠩᠭᠤᠸ᠎ᠠ᠄ ᠡᠨᠡ ᠬᠤᠶᠠᠷ ᠡᠷᠬᠢᠮ | ᠶᠠᠭᠤᠮ᠎ᠠ ᠲᠠᠨ ᠤ ᠪᠡᠶ᠎ᠡ ᠲᠡᠭᠡᠷ᠎ᠡ ᠢᠷᠡᠳᠡᠯ᠎ᠠ ᠪᠠᠨ ᠭᠡᠳᠦᠢ ᠴᠦ ᠦᠯᠢᠭᠡᠷ ᠢ ᠦᠩᠭᠡᠷᠡᠭᠡᠭᠰᠡᠨ ᠪᠤᠯ ᠳ᠋ᠠ︖ ᠲᠡᠷᠠ | ᠠᠷᠪᠠᠨ ᠬᠤᠶᠠᠷ ᠲᠠᠢ ᠬᠦᠦ ᠨᠢ ᠶᠠᠮᠠᠷ ᠨᠠᠷᠠ ᠲᠠᠢ ᠪᠠᠶᠢᠪᠠ︖ ᠪᠢᠩ ᠲᠠᠩ᠄ ᠠᠮᠤᠭᠤᠯᠠᠩ ᠭᠡᠰᠡᠨ ᠨᠠᠷᠠ | ᠲᠠᠢ᠃ ᠠᠷᠪᠠᠨ ᠬᠤᠶᠠᠷ ᠲᠠᠢ ᠠᠮᠤᠭᠤᠯᠠᠩ᠂ ᠲᠡᠭᠡᠭᠡᠳ ᠯᠠ ᠡᠴᠢᠭᠡ ᠶᠢᠨ ᠢᠶᠠᠨ ᠬᠤᠴᠤᠷᠭᠠᠭᠰᠠᠨ ᠬᠤᠶᠠᠷ ᠭᠡᠷᠢᠶᠡᠰ | ᠢ ᠠᠮᠢ ᠲᠠᠢ ᠪᠠᠨ ᠬᠠᠮᠳᠤ ᠠᠪᠴᠦ᠂ ᠲᠡᠯᠡᠭᠡᠢ ᠶᠢ ᠲᠤᠭᠤᠷᠢᠨ ᠲᠡᠨᠦᠬᠦᠴᠢᠯᠡᠵᠤ ᠶᠠᠪᠤᠭᠰᠠᠭᠠᠷ ᠱᠠᠨᠳᠦ᠋ᠩ ᠬᠦᠷᠴᠡᠢ᠃ | ᠭᠡᠬᠦ ᠳᠤ᠂ ᠶᠠᠭᠠᠬᠢᠭᠠᠳ ᠴᠦ ᠮᠤᠩᠭᠤᠯ ᠨᠤᠳᠤᠭ ᠲᠠᠭᠠᠨ ᠤᠴᠢᠵᠤ ᠠᠮᠢᠳᠤᠷᠠᠶ᠎ᠠ ᠭᠡᠵᠤ ᠰᠠᠨᠠᠨ᠂ ᠱᠠᠨᠳᠦ᠋ᠩ ᠠᠴᠠ | ᠬᠠᠷᠠᠴᠢᠨ ᠳᠤ ᠤᠷᠤᠵᠤ ᠢᠷᠡᠭᠡᠳ ᠪᠡᠶ᠎ᠡ ᠪᠦᠳᠤᠵᠤ ᠲᠠᠪᠤᠨ ᠬᠦᠦ ᠲᠦᠷᠦᠵᠡᠢ᠃ ᠲᠡᠷᠡ ᠲᠠᠪᠤᠨ ᠬᠦᠦ ᠶᠢ ᠨᠢ | ᠴᠢᠶᠠᠨ ᠠᠨ ᠫᠢᠩ᠂ ᠴᠢᠶᠠᠨᠲ᠋ᠠᠢ ᠫᠢᠩ᠂ ᠴᠢᠶᠠᠨ ᠬᠠᠢ ᠱᠠᠨ᠂ ᠴᠢᠶᠠᠨ ᠳ᠋ᠦᠩ ᠱᠠᠨ ︵ᠳ᠋ᠦᠩ ᠱᠠᠨ ᠭᠡ ᠭᠡ ᠭᠡᠰᠡᠨ | ᠲᠠᠭᠤᠤ ᠪᠠᠶᠢᠬᠤ ᠦᠭᠡᠢ ᠤᠤ᠂ ᠲᠡᠷᠡ ᠴᠢᠨᠢ ᠮᠢᠨᠤ ᠡᠨᠡ ᠡᠪᠦᠭᠡ ᠶᠤᠮ ᠰᠢᠦ᠂ ᠡᠨᠡ ᠡᠪᠦᠭᠡ ᠶᠢᠨ ᠢᠶᠠᠨ ᠦᠯᠢᠭᠡᠷ | ᠲᠠᠭᠤᠤ ᠶᠢ ᠪᠢ ᠲᠠᠷᠠᠭ᠎ᠠ ᠨᠢ ᠬᠡᠯᠡᠶ᠎ᠡ︶᠂ ᠴᠢᠶᠠᠨ ᠡᠦ ᠶᠢᠨ ᠳ᠋ᠧ ᠭᠡᠳᠡᠭ᠃ ᠡᠨᠡ ᠴᠢᠶᠠᠨ ᠡᠦ ᠶᠢᠨ ᠳ᠋ᠧ ᠨᠢ ᠲᠠᠷᠤᠢ | ᠮᠢᠨᠤ ᠡᠪᠦᠭᠡ᠃ ᠡᠪᠦᠭᠡ ᠮᠢᠨᠢ129 ᠨᠠᠰᠤᠯᠠᠭᠰᠠᠨ ᠪᠦᠭᠡᠳ ᠬᠠᠮᠤᠭ ᠦᠯᠢᠭᠡᠷ ᠤᠯᠠᠨ ᠲᠠᠢ ᠬᠦᠮᠦᠨ ᠶᠤᠮ᠃ ᠪᠢ | ᠠᠶᠢᠯ ᠤᠨ ᠪᠡᠷᠢ ᠪᠤᠯᠳᠠᠯ᠎ᠠ ᠪᠠᠨ ᠡᠪᠦᠭᠡ ᠲᠠᠢ ᠬᠠᠮᠳᠤ ᠪᠠᠶᠢᠭᠰᠠᠨ ᠲᠤᠯᠠ ᠲᠡᠬᠦᠨ ᠤ ᠦᠯᠢᠭᠡᠷ ᠢ ᠬᠠᠮᠤᠭ ᠤᠯᠠᠨ | ᠰᠤᠨᠤᠰᠤᠭᠰᠠᠨ ᠶᠤᠮ᠃ ᠤᠷᠠᠩᠭᠤᠸ᠎ᠠ᠄ ᠠᠮᠤᠭᠤᠯᠠᠩ ᠤᠨ ᠦᠯᠢᠭᠡᠷ ᠲᠠᠭᠤᠰᠴᠢᠬᠠᠯᠠ ᠤᠤ︖ | ᠪᠢᠩ ᠲᠠᠩ᠄ ᠠᠷᠪᠠᠨ ᠬᠤᠶᠠᠷᠬᠠᠨ ᠨᠠᠰᠤᠳᠠᠢ ᠠᠴᠠ ᠪᠠᠨ ᠲᠡᠨᠦᠬᠦᠴᠢᠯᠡᠵᠤ ᠭᠤᠶᠢᠷᠠᠨᠴᠢᠯᠡᠵᠤ ᠶᠠᠪᠤᠭᠰᠠᠨᠠᠮᠭᠤᠯᠠᠩ | ᠪᠠᠷᠤᠭ ᠲᠡᠮᠡᠢ ᠤᠯᠠᠨ ᠦᠯᠢᠭᠡᠷ ᠬᠢᠭᠰᠡᠨ ᠦᠭᠡᠢ ᠶᠤᠮ ᠪᠠᠶᠢᠬ᠎ᠠ᠃ ᠡᠪᠦᠭᠡ ᠨᠠᠳᠠ ᠲᠡᠮᠡᠢ ᠬᠡᠯᠡᠭᠡ ᠦᠭᠡᠢ᠃ ᠭᠡᠬᠦ ᠳᠤ | ᠂ ᠡᠴᠢᠭᠡ ᠶᠢᠨ ᠢᠶᠠᠨ ᠦᠯᠡᠳᠡᠭᠡᠭᠰᠡᠨ ᠬᠤᠶᠠᠷ ᠡᠷᠬᠢᠮ ᠢ ᠯᠠ ᠬᠤᠶᠢᠴᠢᠰ ᠲᠠᠭᠠᠨ ᠯᠤᠤ ᠯᠤᠤ ᠳ᠋ᠢ ︵ᠨᠤᠳᠠᠳᠠᠢ︶ | ᠲᠤᠰᠢᠶᠠᠭᠰᠠᠨ ᠶᠤᠮ ᠪᠠᠶᠢᠨ᠎ᠠ᠂ ᠡᠬᠦᠨ ᠢ ᠴᠢ ᠰᠤᠨᠤᠰᠴᠦ ᠪᠠᠢ᠂ ᠤᠳᠤ ᠪᠤᠯ ᠮᠢᠨᠤ ᠡᠪᠦᠭᠡ ᠶᠢᠨ ᠦᠯᠢᠭᠡᠷ ᠡᠬᠢᠯᠡᠨ᠎ᠡ | ᠭᠡᠵᠤ ᠪᠠᠶᠢᠨ᠎ᠠ ᠰᠢᠦ︕ ᠮᠢᠨᠤ ᠡᠪᠦᠭᠡ ᠠᠬ᠎ᠠ ᠲᠡᠬᠦᠦ ᠲᠡᠪᠤᠭᠤᠯᠠ ᠶᠢᠨ ᠦᠶ᠎ᠡ ᠲᠡᠭᠡᠷ᠎ᠡ ᠢᠷᠡᠬᠦ ᠳᠤ᠂ ᠬᠠᠷᠠᠴᠢᠨ | ᠨᠤᠳᠤᠭ ᠲᠤ ︽ᠲᠡᠭᠡᠳᠦᠰ ᠤᠨ ᠬᠢᠨᠢ ᠨᠤᠳᠤᠭ ᠨᠢ ᠲᠤᠰ ᠭᠠᠵᠠᠷ ᠤᠷᠤᠨ ᠤ ᠪᠢᠰᠢ ᠬᠦᠮᠦᠨ ᠢ ᠪᠤᠭᠤᠯ ᠪᠤᠯᠭᠠᠨ᠎ᠠ︕ | ︾ ᠭᠡᠰᠡᠨ ᠭᠡᠨ᠎ᠠ᠃ ᠲᠡᠷᠡ ᠲᠠᠪᠤᠨ ᠡᠪᠦᠭᠡ ᠮᠢᠨᠢ ᠪᠤᠭᠤᠯ ᠪᠤᠯᠬᠤ ᠲᠤᠷ᠎ᠠ ᠪᠠᠶᠢᠬᠤ ᠤᠤ ᠳ᠋ᠠ︖ ︽ᠪᠤᠭᠤᠯ ᠪᠤᠯᠬᠤ | ᠦᠭᠡᠢ᠂ ᠲᠤᠳᠠᠭᠠᠶᠡ︕︾ ᠭᠡᠵᠤ ᠭᠡᠳᠦᠬᠦᠯᠡ ᠪᠠᠨ ᠬᠡᠯᠡᠯᠴᠡᠵᠤ ᠲᠤᠬᠢᠷᠠᠭᠠᠳ ᠵᠠᠯᠠᠶᠢᠳ ᠲᠤ ᠤᠷᠤᠵᠤ ᠢᠷᠡᠭᠰᠡᠨ | ᠶᠤᠮ ᠪᠠᠶᠢᠪᠠ᠃ ᠡᠪᠦᠭᠡ ︵ᠴᠢᠶᠠᠨ ᠡᠦ ᠶᠢᠨ ᠳ᠋ᠧ︶ ᠮᠢᠨᠢ ᠲᠤᠳᠠᠭᠠᠭᠰᠠᠭᠠᠷ ᠪᠠᠶᠢᠵᠤ ᠵᠠᠯᠠᠶᠢᠳ ᠤᠨ ᠴᠢᠨ᠋ᠸ᠎ᠠ ᠶᠢᠨ | ᠭᠡᠷ ᠭᠡᠰᠡᠨ ᠭᠠᠵᠠᠷ ︵ᠤᠳᠤ ᠶᠢᠨ ᠲᠠᠶᠢᠯᠠᠢ ᠰᠢᠶᠠᠨ ᠳᠤ ᠪᠠᠭᠳᠠᠵᠤ ᠪᠤᠢ︶ ᠲᠤᠳᠠᠭᠠᠵᠤ ᠢᠷᠡᠵᠡᠢ᠃ ᠡᠴᠢᠭᠡ | ᠠᠮᠭᠤᠯᠠᠩ ᠤᠨ ᠢᠶᠠᠨ ᠲᠡᠨᠦᠬᠦᠯᠴᠢ ᠠᠮᠢᠳᠤᠷᠠᠯ ᠢ ᠪᠠᠰᠠ ᠯᠠ ᠦᠷᠬᠦᠯᠵᠢᠯᠡᠬᠦᠯᠵᠤ᠂ ᠵᠠᠯᠠᠶᠢᠳ ᠤᠨ ᠠᠶᠢᠯ ᠤᠳ ᠢᠶᠠᠷ | ᠬᠦᠴᠦ ᠶᠠᠪᠤᠵᠤ ᠪᠠᠶᠢᠳᠠᠯ᠎ᠠ᠂ ᠪᠡᠭᠡᠵᠢᠩ ᠠᠴᠠ ᠪᠠᠭᠤᠵᠤ ᠢᠷᠡᠭᠰᠡᠨ ᠲᠡᠭᠡᠰᠦᠨ ᠤ ᠨᠤᠶᠠᠨ ᠲᠠᠢ ᠲᠠᠭᠠᠷᠠᠵᠤ ᠭᠡᠨ᠎ᠠ᠃ | ᠤᠷᠠᠩᠭᠤᠸ᠎ᠠ᠄ ᠲᠡᠭᠡᠰᠦᠨ ᠤ ᠨᠤᠶᠠᠨ ᠭᠡᠭᠴᠢ ᠶᠠᠭᠤ ᠬᠢᠳᠡᠭ ᠶᠤᠮ︖ | | | | | |