ᠡᠭᠡᠰᠢᠭ ᠳᠣᠯᠣᠭᠠᠨ ᠦᠩᠭᠡ | ᠰᠠᠯᠬᠢᠨ | ᠦᠴᠦᠭᠡᠳᠦᠷ ᠰᠦᠨᠢ ᠪᠢ ᠭᠠᠶᠢᠬᠠᠮᠰᠢᠭᠲᠣ ᠵᠡᠭᠦᠳᠦ ᠵᠡᠭᠦᠳᠦᠯᠡᠪᠡ | ᠡᠭᠡᠰᠢᠭ ᠳᠣᠯᠣᠭᠠᠨ ᠦᠰᠦᠭ ᠮᠢᠨᠢ ᠰᠣᠯᠣᠩᠭᠠᠨ ᠦᠩᠭᠡᠲᠡᠢ ᠦᠵᠡᠭᠳᠡᠪᠡ | ᠡᠪᠦᠭᠡᠳ ᠪᠣᠭᠤᠷᠣᠯᠴᠣᠳ ᠮᠢᠨᠢ ᠲᠡᠭᠦᠨ ᠤ ᠳᠣᠮᠳᠠ ᠭᠢᠯᠠᠯᠵᠠᠵᠥ ᠪᠠᠶᠢᠭ᠎ᠠ ᠬᠠᠷᠠᠭᠳᠠᠪᠠ | ᠦᠪᠡᠷ ᠤᠨ ᠨᠣᠲᠤᠭ ᠮᠢᠨᠢ ᠡᠭᠦᠯᠡᠨ ᠤ ᠴᠠᠭᠠᠨ᠎ᠠ ᠰᠦᠮᠡᠯᠵᠡᠵᠦ ᠪᠠᠶᠢᠮᠠᠷᠬᠠᠨ ᠲᠣᠳᠣᠷᠠᠪᠠ᠃ | ᠡᠵᠡᠨ ᠪᠣᠭᠳᠠ ᠶᠢᠨ ᠮᠢᠨᠢ ᠶᠢᠰᠦᠨ ᠬᠦᠭᠦᠯᠲᠦ ᠲᠤᠭ | ᠠᠨᠢᠷ ᠬᠤᠯᠠ ᠶᠢᠨ ᠴᠠᠭᠠᠨ᠎ᠠ ᠨᠠᠮᠢᠷᠠᠵᠣ ᠪᠠᠶᠢᠮᠠᠷ ᠪᠣᠳᠣᠭᠳᠠᠪᠠ | ᠡᠭᠦᠰᠭᠡᠯ ᠦᠶ᠎ᠡ ᠶᠢᠨ ᠬᠦᠭ ᠠᠶᠠᠯᠭᠤ ᠴᠣᠣᠷᠢᠶᠠᠳᠣᠨ | ᠦᠩᠭᠡᠷᠡᠭᠰᠡᠨ ᠦᠶ᠎ᠡ ᠶᠢᠨ ᠳᠠᠶᠢᠨ ᠲᠣᠯᠣᠭᠠᠨ ᠤ ᠣᠷᠠᠢ ᠬᠠᠩᠭᠢᠨᠠᠪᠠ᠃ | ᠪᠡᠶ᠎ᠡ ᠬᠦᠷᠪᠡᠨ ᠵᠡᠭᠦᠳᠦᠨ ᠠᠴᠠ ᠰᠡᠷᠢᠭᠡᠳ ᠳᠠᠬᠢᠨ ᠣᠮᠳᠠᠵᠣ ᠳᠡᠶᠢᠯᠦᠭᠰᠡᠨ ᠦᠭᠡᠢ | ᠪᠡᠷᠬᠡ ᠶᠢᠨ ᠣᠯᠠᠨ ᠪᠣᠳᠣᠯ ᠰᠡᠳᠬᠢᠭᠳᠡᠯ ᠪᠡᠶ᠎ᠡ ᠣᠷᠢᠶᠠᠨ ᠵᠣᠪᠠᠭᠠᠯ᠎ᠠ | ᠪᠠᠭᠲᠣᠵᠣ ᠪᠠᠶᠠᠷᠯᠠᠭᠤᠰᠢᠲᠠᠢ ᠴᠠᠭ ᠡᠷᠡᠨ ᠦᠩᠭᠡᠷᠡᠵᠦ ᠣᠳᠣᠭᠰᠠᠨ ᠢ ᠮᠡᠳᠡᠵᠦ | ᠪᠢᠳᠡᠨ ᠤ ᠭᠡᠰᠡᠨ ᠡᠭᠡᠰᠢᠭ ᠳᠣᠯᠣᠭᠠᠨ ᠦᠩᠭᠡ ᠯᠠ ᠰᠡᠳᠭᠢᠯ ᠳᠤ ᠲᠣᠶᠠᠭᠠᠯᠠᠬᠤ ᠶᠢ ᠣᠬᠠᠯᠠ ᠁ | ᠠ ᠭᠡᠳᠡᠭ ᠬᠦᠬᠡ ᠪᠢᠯᠡ᠃ ᠠᠭᠤᠳᠠᠮ ᠣᠭᠲᠠᠷᠭᠤᠢ᠂ ᠦᠷᠭᠡᠨ ᠳᠠᠯᠠᠢ᠂ | ᠦᠨᠳᠦᠷ ᠲᠤ ᠭᠠᠷᠣᠭᠰᠠᠨ ᠤ ᠣᠮᠤᠭ᠂ ᠲᠠᠯ᠎ᠠ ᠳᠤ ᠠᠮᠢᠰᠬᠤᠭᠰᠠᠨ ᠠᠮᠢᠰᠬᠤᠯ ᠪᠢᠯᠡ᠃ | ᠡ ᠭᠡᠳᠡᠭ ᠨᠢ ᠴᠠᠭᠠᠨ ᠶᠤᠮ᠃ ᠡᠵᠢ ᠶᠢᠨ ᠰᠦ ᠰᠢᠭ᠂ ᠬᠠᠶᠢᠷ᠎ᠠ ᠶᠢᠨ ᠪᠦᠷᠢᠯᠸ᠎ᠠ ᠶᠤᠮ᠃ | ᠠᠯᠢᠪᠠ ᠠᠮᠢ ᠶᠢᠨ ᠡᠭᠦᠰᠦᠯ᠂ ᠨᠢᠩᠵᠢᠨ ᠰᠡᠳᠭᠢᠯ ᠤᠨ ᠣᠨᠳᠣᠷᠣᠯ ᠪᠢᠯᠡ᠃ | ᠢ᠊ ᠪᠣᠯ ᠰᠢᠷ᠎ᠠ᠃ ᠠᠭᠤᠷᠯᠠᠬᠤ ᠪᠠᠶᠠᠷᠯᠠᠬᠤ ᠶᠢᠨ ᠬᠤᠭᠤᠷᠣᠨᠳᠣ᠂ | ᠣᠬᠠᠭᠠᠷᠠᠬᠤ ᠭᠡᠭᠡᠷᠡᠬᠦ ᠶᠢᠨ ᠵᠠᠪᠰᠠᠷ᠃ | ᠣ ᠭᠡᠭᠴᠢ ᠪᠣᠷᠣ᠃ ᠣᠭᠤᠨᠣ ᠶᠢᠨ ᠨᠢᠷᠣᠭᠤ ᠰᠢᠭ᠂ | ᠠᠯᠣᠰ ᠲᠤ ᠳᠠᠪᠬᠢᠭᠴᠢ ᠣᠭᠤᠨᠣ ᠶᠢᠨ ᠨᠠᠷᠠᠨ ᠳᠤ ᠭᠢᠯᠪᠠᠭᠴᠢ ᠵᠣ ᠨᠢᠷᠣᠭᠤ᠃ | ᠤ ᠭᠡᠭᠴᠢ ᠣᠯᠠᠭᠠᠨ᠃ ᠵᠢᠷᠦᠬᠡᠨ ᠤ ᠣᠯᠠᠭᠠᠨ ᠴᠢᠰᠣᠨ᠃ | ᠵᠡᠭᠦᠳᠦᠨ ᠳᠣᠲᠣᠷᠠᠬᠢ ᠦᠬᠦᠯ᠃ | ᠦ᠊ ᠪᠣᠯᠪᠠᠰᠣ ᠰᠠᠭᠠᠷᠠᠯ ᠪᠣᠶᠣ᠃ ᠡᠪᠡᠰᠦᠨ ᠲᠣᠯᠣᠭᠠᠢ ᠰᠠᠯᠬᠢᠨᠡ ᠬᠡᠶᠢᠰᠬᠦ ᠮᠡᠲᠦ᠃ | ᠦᠩᠭᠢᠨᠡᠨ ᠱᠦᠩᠭᠢᠨᠡᠬᠦ ᠢᠯᠠᠭ᠎ᠠ ᠶᠢᠨ ᠦᠵᠡᠭᠳᠡᠬᠦ ᠦᠭᠡᠢ ᠳᠡᠯᠪᠡᠯᠵᠡᠬᠦ ᠵᠢᠭᠦᠷ ᠪᠢᠯᠡ᠃ | ᠦ᠊ ᠬᠡᠮᠡᠭᠴᠢ ᠬᠠᠷ᠎ᠠ᠃ ᠦᠬᠦᠯ ᠤᠨ ᠬᠠᠷ᠎ᠠ ᠦᠩᠭᠡ᠃ | ᠠᠯᠢᠪᠠ ᠶᠢ ᠬᠤᠷᠢᠶᠠᠭᠴᠢ᠂ ᠠᠯᠢᠮᠠᠳ ᠲᠡᠭᠦᠰᠭᠡᠭᠴᠢ ᠮᠦᠨ᠃ | ᠭᠡᠶᠢᠭᠦᠯᠦᠭᠴᠢ ᠬᠡᠮᠡᠭᠴᠢ ᠪᠢᠷᠢᠳ᠂ ᠠᠮᠢ ᠦᠭᠡᠢ ᠰᠦᠨᠡᠰᠦ᠂ ᠭᠡᠭᠡ ᠦᠭᠡᠢ ᠰᠦᠨᠢ ᠮᠡᠲᠦ ᠁ | ᠬᠦᠬᠡ ᠠ᠂ ᠴᠠᠭᠠᠨ ᠡ᠂ ᠰᠢᠷ᠎ᠠ ᠢ᠂ | ᠪᠣᠷᠣ ᠣ᠂ ᠣᠯᠠᠭᠠᠨ ᠤ᠂ | ᠰᠠᠭᠠᠷᠠᠯ ᠦ᠊᠂ ᠬᠠᠷ᠎ᠠ ᠦ᠊ | ᠡᠭᠡᠰᠢᠭ ᠳᠣᠯᠣᠭᠠᠨ ᠦᠩᠭᠡ ᠮᠢᠨᠣ᠃ | ᠬᠦᠪᠴᠢᠨ ᠳᠡᠯᠡᠬᠡᠢ ᠴᠢᠮ᠎ᠠ ᠪᠠᠷ ᠴᠢᠮᠡᠭᠯᠡᠵᠣ᠂ | ᠬᠦᠬᠡ ᠮᠣᠩᠭᠤᠯ ᠴᠢᠮ᠎ᠠ ᠠᠴᠠ ᠯᠠ ᠡᠭᠦᠰᠦᠨ᠎ᠡ ᠳ᠋ᠧ᠂ | ᠰᠣᠯᠣᠩᠭᠠᠨ ᠳᠣᠯᠣᠭᠠᠨ ᠦᠩᠭᠡ ᠮᠢᠨᠣ ᠃ | ᠡᠭᠡᠰᠢᠭ ᠳᠣᠯᠣᠭᠠᠨ ᠦᠩᠭᠡ ᠮᠢᠨᠣ᠃ | | |