ᠭᠤᠷᠪᠠᠳᠤᠭᠠᠷ ᠪᠦᠯᠦᠭ | ᠬᠠᠳᠤᠨ ᠰᠦᠨᠡᠰᠦ ᠭᠤᠷᠪᠠᠳᠤᠭᠠᠷ ᠪᠦᠯᠦᠭ ︵ | ᠲᠡᠷᠢᠭᠦᠨ ︶ | ᠫ ᠤᠶᠤᠨᠪᠢᠯᠢᠭ᠌ | ᠭᠠᠯᠠᠢᠬᠠᠨ ᠬᠠᠳᠤᠨ | | | ᠲᠠᠶᠢᠷ ᠡᠭᠡ ᠡᠳᠦᠬᠡᠨ ᠢ ᠲᠠᠩᠬᠢᠯᠠᠰᠤᠨ ᠤ ᠲᠡᠳᠦᠢ ᠪᠦᠬᠦᠢ ᠠᠴᠠ | ᠲᠠᠯᠠᠢ ᠶᠡᠭᠡ ᠮᠦᠷᠡᠨ ᠢ ᠭᠤᠷᠤᠬᠠᠨ ᠤ ᠲᠡᠳᠦᠢ ᠪᠦᠬᠦᠢ ᠠᠴᠠ | ᠲᠡᠭᠡᠷ᠎ᠡ ᠮᠦᠩᠭᠡ ᠲᠡᠭᠷᠢ ᠶᠢᠨ ᠨᠠᠷᠠᠨ ᠰᠠᠷᠠᠨ ᠠᠴᠠ ᠪᠦᠳᠦᠭᠰᠡᠨ | ᠲᠤᠤᠷ᠎ᠠ ᠭᠦᠷᠦᠰᠦᠳᠦ ᠭᠠᠵᠠᠷ ᠤᠨ ᠨᠠᠪᠴᠢ ᠴᠡᠴᠡᠭ ᠠᠴᠠ ᠠᠮᠢᠯᠠᠬᠰᠠᠨ | ᠭᠠᠵᠠᠷ ᠲᠡᠭᠷᠢ ᠶᠢ ᠵᠠᠭᠤᠴᠢᠯᠠᠨ ᠠᠵᠠᠷ ᠪᠤᠵᠠᠷ ᠢ ᠠᠷᠢᠭᠤᠳᠬᠠᠬᠴᠢ | ᠭᠤᠸ᠎ᠠ ᠲᠡᠭᠦᠰ ᠬᠠᠳᠤᠨ ᠤᠳᠤ ᠦᠬᠢᠨ ᠲᠡᠭᠷᠢ ᠶᠢᠨ ᠬᠤᠪᠢᠯᠭᠠᠨ | ᠭᠡᠷᠡᠯᠳᠦᠬᠦ ᠪᠠᠷ ᠮᠠᠨᠢ ᠦᠢᠯᠡ ᠪᠠᠷᠢᠮ᠎ᠠ ᠭᠡᠭᠡᠭᠡᠨ | ᠭᠡᠶᠢᠬᠦ ᠪᠠᠷ ᠮᠠᠨᠢ ᠠᠳᠤᠭᠤ ᠮᠠᠨᠠᠮᠠ ᠲᠡᠯᠭᠡᠷᠡᠩᠬᠦᠢ | ᠭᠠᠯᠠᠶᠢᠬᠠᠨ ᠪᠢ ᠪᠠᠷ ᠬᠠᠳᠤᠨ ᠰᠦᠨᠡᠰᠦ | | | ᠰᠤᠴᠢᠬᠡᠯ ᠬᠠᠳᠤᠨ | ᠶᠡᠭᠡᠰ ᠪᠠᠭᠠᠳᠤᠷ ᠤᠨ ᠪᠠᠭ᠎ᠠ ᠬᠠᠳᠤᠨ ᠤ ᠵᠠᠶᠠᠭᠠᠳᠠᠢ ᠲᠦᠷᠦᠭᠰᠡᠨ ᠪᠦᠰᠡᠭᠦᠢ ᠪᠦᠯᠢᠶᠡᠨ ᠵᠠᠶᠠᠭ᠎ᠠ ᠮᠢᠨᠢ | ᠶᠢᠰᠦ ᠶᠢᠰᠦ ᠶᠢᠨ ᠦᠷᠬᠦᠯᠵᠢᠯᠡᠯ ᠪᠤᠯᠵᠤ ᠶᠢᠰᠦᠬᠡᠢ ᠶᠢᠨ ᠭᠦᠪᠡᠭᠦᠳ ᠢ ᠲᠦᠷᠦᠭᠦᠯᠦᠭᠰᠡᠨ ᠤᠴᠢᠷᠳᠠᠢ | ᠠᠯᠢ ᠭᠠᠯᠪᠠ ᠶᠢᠨ ᠲᠡᠭᠦᠯᠳᠡᠷ ᠭᠦᠴᠦᠨ ᠢᠶᠠᠷ ᠠᠯᠠᠭ ᠦᠷ᠎ᠡ ᠪᠡᠭᠳᠡᠷ ᠤᠨ ᠠᠮᠢᠨ ᠢ ᠬᠤᠬᠢᠷᠠᠭᠤᠯᠵᠤ | ᠠᠮᠢᠳᠤᠷᠠᠯ ᠭᠡᠳᠡᠭ ᠴᠠᠭᠠᠵᠠ ᠶᠢᠨ ᠲᠠᠪᠴᠠᠩ ᠳᠤ ᠢᠨᠠᠭ ᠭᠦᠪᠡᠭᠦᠨ ᠪᠡᠯᠭᠦᠳᠡᠢ ᠠᠴᠠ ᠬᠠᠭᠠᠴᠠᠯᠤᠭᠠ | ᠠᠯᠳᠠᠨ ᠲᠡᠯᠡᠬᠡᠢ ᠭᠡᠳᠡᠭ ᠡᠮᠡᠭᠳᠡᠢ ᠬᠦᠮᠦᠨ ᠤ ᠵᠤᠪᠠᠯᠠᠩ ᠢᠶᠠᠷ ᠴᠠᠳᠴᠦ ᠪᠤᠯᠳᠠᠭ ᠦᠬᠡᠢ ᠶᠤᠮ ᠦᠦ | ᠠᠮᠢᠳᠤᠷᠠᠵᠤ ᠠᠮᠵᠢᠬᠤ ᠠᠴᠠ ᠡᠮᠦᠨ᠎ᠡ ᠠᠵᠠ ᠵᠢᠷᠭᠠᠯ ᠢ ᠮᠢᠨᠢ ᠪᠤᠯᠢᠶᠠᠭᠠᠳ ᠠᠪᠠᠴᠢᠬᠤ ᠨᠢ ᠶᠠᠭᠤᠨ | ᠠᠨᠢᠷ ᠦᠬᠡᠢ ᠬᠠᠷᠠᠩᠭᠤᠢ ᠲᠤᠮᠳᠠ ᠭᠡᠷᠡᠯᠦᠨ ᠤ ᠰᠢᠭᠤᠢ ᠶᠢᠨ ᠨᠠᠪᠴᠢᠰ ᠢ ᠲᠤᠭᠠᠯᠠᠨ ᠭᠡᠶᠦᠷᠡᠭᠰᠡᠭᠡᠷ | ᠠᠯᠳᠠᠷᠠᠵᠤ ᠵᠢᠯᠢᠢᠭᠰᠡᠨ ᠤᠢ ᠰᠠᠨᠠᠮᠵᠢ ᠶᠢᠨ ᠤᠷᠤᠮ ᠢᠶᠠᠷ ᠠᠶᠢᠰᠤᠢ ᠰᠤᠯᠢᠷ ᠰᠢᠭ᠋ ᠭᠡᠷᠡᠯᠳᠦᠨᠡᠮ ᠪᠢ | ᠰᠤᠴᠢᠬᠡᠯ ᠪᠢ ᠪᠠᠷ ᠬᠠᠳᠤᠨ ᠰᠦᠨᠡᠰᠦ | ᠵᠡᠭᠦᠯᠳᠡ᠄ ᠰᠤᠴᠢᠬᠡᠯ ᠬᠠᠳᠤᠨ ᠪᠤᠯ ᠶᠢᠰᠦᠬᠡᠢ ᠪᠠᠭᠠᠳᠤᠷ ᠤᠨ ᠪᠠᠭ᠎ᠠ ᠬᠠᠳᠤᠨ ᠶᠤᠮ᠃ ᠶᠢᠰᠦᠬᠡᠢ ᠪᠠᠭᠠᠳᠤᠷ ᠪᠤᠯᠤᠨ | ᠰᠤᠴᠢᠬᠡᠯ ᠬᠠᠳᠤᠨ ᠠᠴᠠ ᠪᠡᠭᠳᠡᠷ᠂ ᠪᠡᠯᠭᠦᠳᠡᠢ ᠬᠡᠮᠡᠬᠦ ᠬᠤᠶᠠᠷ ᠭᠦᠪᠡᠭᠦᠨ ᠢ ᠲᠦᠷᠦᠭᠦᠯᠵᠡᠢ᠃ | | |