ᠴᠠᠭᠠᠨ ᠮᠦᠷᠠᠨ ᠮᠢᠨᠢ
ᠨᠡᠶᠢᠲᠡᠯᠡᠭᠰᠡᠨ ᠴᠠᠭ᠄
2020-06-15
ᠴᠠᠭᠠᠨ ᠮᠦᠷᠠᠨ ᠮᠢᠨᠢ                      ᠪᠦᠭᠡᠴᠤᠳ · ᠤᠶᠤᠨᠪᠠᠳᠤ ᠭᠠᠵᠡᠷ ᠨᠤᠳᠤᠭ ᠤᠨ ᠠᠮᠢᠨ ᠴᠠᠭᠠᠨ ᠰᠤᠳᠠᠰᠤ ᠭᠠᠯᠪᠠ ᠡᠷᠳᠠᠨ ᠳᠠᠬᠢ ︽ᠬᠠᠷ᠎ᠠ ᠤᠰᠤᠨ︾ ᠠᠯᠳᠠᠷᠰᠢᠯ ᠡᠰ ᠪᠦᠬᠦᠨ ᠳᠤ ᠮᠢᠨᠢ ᠲᠦᠷᠠᠯᠵᠡᠭᠰᠡᠨ ᠡᠵᠢ ᠶᠢᠨ ᠰᠦ ᠶᠢᠨ ᠠᠮᠳᠠᠷᠬᠠᠯ ᠡᠨᠡᠷᠢᠯ ᠬᠠᠶᠢᠷ᠎ᠠ ᠶᠢᠨ ᠶᠡᠭᠡ ᠤᠰᠤᠨ ᠁ ᠡᠷᠳᠠ ᠶᠢᠨ ᠪᠤᠭᠤᠷᠤᠯ ᠲᠠᠤᠭᠡ ᠰᠢᠭ ᠪᠤᠷᠤᠬᠠᠨ ᠬᠦᠳᠡᠭᠡ ᠳᠡᠭᠡᠨ ᠡᠷᠬᠢ ᠪᠠᠨ ᠢᠯᠪᠢᠨ ᠲᠠᠳᠠᠷᠠᠳᠠᠭ ᠨᠠᠷᠠᠨ ᠰᠠᠷᠠᠨ ᠤ ᠢᠯᠴᠢ ᠭᠡᠷᠡᠯ ᠰᠢᠩᠭᠡᠭᠡᠵᠤ ᠨᠠᠮ᠎ᠠ ᠶᠢ ᠪᠤᠶᠢᠵᠢᠭᠤᠯᠤᠭᠰᠠᠨ ᠰᠢᠮᠠᠳᠤ ᠤᠭᠤᠷᠠᠭ ᠤᠰᠤᠨ ᠡᠷᠬᠢᠨ ᠤ ᠪᠦᠭᠡᠷᠡᠩᠭᠡᠢ ᠴᠢᠯᠠᠭᠤᠳ ᠢᠶᠠᠨ ᠡᠩᠬᠦᠷᠡᠶᠢᠯᠠᠨ ᠢᠯᠪᠢᠵᠤ ᠮᠠᠯᠮᠠᠷᠠᠬᠦ ᠳᠡᠭᠡᠨ ᠡᠯᠪᠡᠭ ᠬᠠᠶᠢᠷ᠎ᠠ ᠨᠢ ᠵᠢᠷᠤᠭᠡᠨ ᠵᠦᠭ ᠠᠰᠬᠠᠷᠠᠳᠠᠭ ᠡᠵᠢ ᠤᠰᠤᠨ —  ᠴᠠᠭᠠᠨ ᠮᠦᠷᠠᠨ ᠮᠢᠨᠢ ᠵᠡᠬᠦᠳᠤᠨ ᠳᠤ ᠵᠦᠡᠭᠳᠡᠭᠡᠨ ᠲᠠᠯᠭᠡᠭᠳᠡᠬᠦ ᠴᠡᠩᠭᠡᠷ ᠬᠠᠳᠠᠭ ᠵᠦᠡᠭ ᠪᠢᠯᠢᠭᠳᠦ ᠭᠡᠭᠡᠨ ᠰᠤᠪᠢᠡᠭ ᠤᠨ ᠲᠠᠷᠬᠠᠨ ᠬᠠᠶᠢᠷᠠᠯᠠᠯ ᠲᠠᠷᠠ ᠬᠤᠯᠠ ᠶᠢᠨ ᠠᠯᠢᠶ᠎ᠠ ᠴᠠᠭᠠᠨ ᠬᠠᠳᠤᠨ ᠱᠤᠤᠬᠢᠯ ᠲᠡᠭᠷᠢ ᠶᠢᠨ ᠵᠠᠭᠠᠳᠠᠰᠤ ᠰᠢᠭ᠋ ᠵᠦᠷᠢᠭ ᠡᠮᠵᠢᠶᠠᠷᠢ ᠲᠠᠢ ᠪᠤᠯᠤᠷ ᠤᠷᠤᠰᠬᠠᠯ ᠪᠠᠭᠠᠷᠢᠨ ᠬᠠᠨ ᠤ ᠪᠠᠷᠠᠭᠤᠨ ᠰᠤᠭᠤ ᠳᠠᠬᠢ ᠨᠤᠶᠠᠨ ᠤᠨᠳᠤᠷᠠᠯ ᠪᠠᠶᠠᠨ ᠬᠤᠰᠢᠭᠤ ᠶᠢᠨ ᠡᠩᠭᠡᠷ ᠲᠤ ᠴᠠᠶᠢᠯᠵᠠᠬᠤ ᠴᠠᠭᠡᠨ ᠲᠤᠯᠬᠢᠶ᠎ᠠ ᠪᠠᠯᠠᠷ ᠬᠠᠶᠢᠯᠠᠰᠤᠨ ᠤ ᠦᠨᠳᠤᠰᠤᠨ ᠳᠤ ᠨᠡᠪᠴᠢᠭᠰᠡᠨ ᠲᠤᠮᠤᠭᠳᠤ ᠷᠠᠰᠢᠶᠠᠨ ᠪᠠᠶᠠᠷ ᠭᠤᠨᠢᠭ ᠢᠶᠠᠨ ᠬᠡᠪᠡᠯᠢ ᠳᠡᠭᠡᠨ ᠲᠡᠭᠡᠭᠡᠭᠰᠡᠨ ᠲᠤᠭᠰᠢᠨ ᠴᠠᠯᠬᠢᠯᠠᠯ ᠡᠷᠭᠡᠰ ᠴᠠᠭᠠᠨ ᠨᠠᠷᠠᠨ ᠢ ᠬᠦᠯᠬᠦᠭᠰᠡᠨ ᠲᠦᠯᠬᠡᠨ ᠮᠦᠷᠠᠨ ᠮᠢᠨᠢ ᠡᠯᠤᠨᠴᠠ ᠶᠢᠨ ᠴᠢᠰᠤ ᠶᠢ ᠰᠠᠯᠬᠦᠵᠤ ᠬᠠᠯᠬᠢᠬᠰᠠᠨ ᠠᠮᠠᠷᠠᠭ ᠬᠠᠶᠢᠯᠤᠯ ᠮᠢᠨᠢ ᠁ ᠢᠷᠭᠤᠢ ᠨᠢᠳᠤᠯᠠᠬᠦ ᠴᠠᠭ ᠢᠶᠠᠷ ᠨᠠᠬᠦᠳᠠᠯ ᠤᠨ ᠬᠤᠨ ᠲᠠᠪᠳᠠᠷᠢᠬᠦ ᠳᠤ ᠠᠩᠬᠢᠷ ᠪᠦᠪᠠᠶᠢᠭᠡᠨ ᠠᠶᠠᠯᠭᠤ ᠲᠠᠢ ᠠᠯᠳᠠᠷᠠᠢ ᠮᠢᠨᠢ ᠨᠦᠮᠤᠷᠢ ᠵᠦᠭᠡᠯᠡᠨ ᠡᠯᠡᠰᠤᠨ ᠲᠠᠩ ᠰᠢᠷᠭᠠᠯ ᠨᠦᠮᠵᠦᠭ ᠤᠶᠠᠷᠠᠭᠤᠨ ᠤᠷᠳᠤ ᠶᠢᠨ ᠲᠠᠭᠤᠨ ᠤ ᠨᠤᠭᠤᠯᠠᠭ᠎ᠠ ᠪᠤᠭᠤᠷᠤᠯ ᠡᠪᠤᠭᠡᠳ ᠤᠨ ᠮᠢᠨᠢ ᠵᠢᠰᠤ ᠪᠠᠨ ᠲᠤᠯᠢᠳᠤᠨ ᠠᠮᠠᠷᠠᠭᠰᠠᠨ ᠪᠤᠷᠬᠠᠨ ᠬᠠᠶᠢᠷ᠎ᠠ ᠶᠢᠨ ᠶᠡᠭᠡ ᠤᠰᠤᠨ ᠠᠶᠠᠯᠠᠯ —  ᠴᠠᠭᠠᠨ ᠮᠦᠷᠠᠨ ᠮᠢᠨᠢ ᠨᠤᠳᠤᠭ ᠨᠠᠷᠠᠨ ᠢ ᠰᠢᠵᠢᠮᠯᠡᠭᠰᠡᠨ ᠭᠡᠭᠡᠨ ᠴᠠᠶᠢᠯᠵᠠᠯ ᠨᠠᠶᠢᠷᠠᠭ ᠰᠢᠯᠦᠭ ᠲᠡᠭᠡᠵᠢᠯᠡᠭᠰᠡᠨ ᠤᠡᠭᠭᠤᠨ ᠰᠠᠷᠵᠢᠮᠯᠠᠯ ᠠᠪᠤ ᠶᠢᠨ ᠰᠤᠨᠤᠷ ᠲᠤ ᠡᠭᠡᠰᠢᠭᠯᠡᠬᠦ ᠠᠳᠤᠭᠤᠳ ᠤᠨ ᠦᠤᠷᠰᠠᠯ ᠠᠯᠳᠠᠨ ᠰᠢᠷᠤᠶᠢᠳᠤ ᠨᠤᠳᠤᠭ ᠤᠨ ᠮᠢᠨᠢ ᠤᠶᠡᠩᠭᠠᠨ ᠲᠠᠭᠤᠯᠠᠯ ᠪᠢ — ᠲᠠᠨᠵᠢᠨ ᠳᠤ ᠴᠢᠨᠢ ᠬᠦᠢ ᠪᠠᠨ ᠪᠤᠯᠠᠭᠰᠠᠨ ᠵᠢᠭᠠᠬᠠᠨ ᠰᠦᠶ᠎ᠠ ᠪᠠᠶᠢᠬ᠎ᠠ ᠲᠠᠯᠭᠡᠷ ᠰᠢᠮ᠎ᠠ ᠶᠢ ᠴᠢᠨᠢ ᠬᠦᠬᠦᠵᠤ ᠤᠯᠠᠷᠢᠯ ᠨᠦᠭᠴᠢᠭᠡᠵᠤ ᠪᠠᠶᠢᠭ᠎ᠠ ᠳᠠᠭᠠᠨ ᠲᠡᠭᠷᠢ ᠵᠠᠶᠠᠭᠠᠳᠤ ᠮᠤᠩᠭᠤᠯ ᠤᠨ ᠲᠠᠯ᠎ᠠ ᠳᠠᠭᠠᠨ ᠬᠠᠨᠭ᠍ᠭᠠᠯ ᠲᠠᠪᠠᠯᠭᠠᠯᠠᠬᠤ ᠲᠡᠭᠷᠢᠯᠢᠭ ᠤᠰᠤᠨ ᠲᠠᠨ ᠳᠠᠭᠠᠨ ᠰᠦᠬᠦᠷᠠᠨ ᠰᠦᠬᠦᠳᠤᠶ᠎ᠠ︕ ᠴᠠᠭᠠᠨ ᠮᠦᠷᠠᠨ ᠮᠢᠨᠢ ᠪᠢ — ᠡᠷᠬᠢᠨ ᠳᠤ ᠴᠢᠨᠢ ᠤᠷᠭᠤᠭᠰᠠᠨ ᠡᠷᠪᠡᠭᠡᠷ ᠵᠢᠵᠢᠭᠭᠡᠨ ᠴᠢᠯᠠᠭᠤ ᠪᠠᠶᠢᠬ᠎ᠠ ᠡᠵᠢ ᠶᠢᠨ ᠢᠯᠪᠢᠯᠳᠠ ᠰᠢᠭ ᠵᠦᠭᠡᠯᠡᠨ ᠲᠠᠭᠠᠯᠠᠯ ᠳᠤ ᠴᠢᠨᠢ ᠨᠠᠮᠬᠠᠨ ᠵᠢᠷᠭᠠᠬᠤ ᠳᠠᠭᠠᠨ ᠡᠷᠬᠢᠮ ᠢᠵᠠᠭᠤᠷᠳᠤ ᠮᠤᠷᠢᠳᠠᠨ ᠬᠦᠳᠡᠭᠡ ᠳᠡᠭᠡᠨ ᠭᠠᠨᠭ᠍ᠭᠠᠡᠭ ᠲᠤᠷᠮᠤᠯᠵᠠᠬᠤ ᠡᠴᠢᠭᠡ ᠭᠤᠯᠤᠮᠳᠠ ᠨᠤᠶᠠᠨ ᠮᠠᠯᠮᠠᠢ ᠳᠤ ᠴᠢᠨᠢ ᠬᠠᠶᠢᠷ᠎ᠠ ᠪᠠᠨ ᠮᠠᠨᠠᠶ᠎ᠠ︕ ᠴᠠᠭᠠᠨ ᠮᠦᠷᠠᠨ ᠮᠢᠨᠢ  ᠁  ᠵᠤᠬᠢᠶᠠᠭᠴᠢ ᠶᠢᠨ ᠨᠤᠳᠤᠭ᠄ ᠮᠤᠳᠤᠨ ᠲᠤᠮᠳᠠ ᠭᠠᠴᠠᠭ᠎ᠠ  ᠠᠵᠢᠯᠯᠠᠵᠤ ᠪᠠᠶᠢᠭ᠎ᠠ ᠭᠠᠵᠡᠷ᠄ ᠰᠢ ᠠᠨ ᠬᠤᠳᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号