ᠬᠠᠳᠤᠨ ᠰᠦᠨᠡᠰᠦ ᠂ ᠲᠠᠪᠤᠳᠤᠭᠠᠷ ᠪᠦᠯᠦᠭ᠂ ᠭᠤᠷᠪᠠᠳᠤᠭᠠᠷ ᠭᠡᠰᠡᠭ
ᠨᠡᠶᠢᠲᠡᠯᠡᠭᠰᠡᠨ ᠴᠠᠭ᠄
2020-06-18
ᠪᠤᠷᠤᠬᠴᠢᠨ ᠭᠤᠸ᠎ᠠ ᠬᠠᠳᠤᠨᠨᠠᠢᠮᠠᠨ ᠵᠠᠭᠤᠨ ᠤ ᠲᠡᠷᠳᠡᠭᠡᠬᠢ ᠰᠢᠷᠠᠯᠠᠬᠰᠠᠨ ᠲᠡᠤᠭᠡ ᠶᠢ ᠤᠷᠪᠠᠭᠤᠯᠤᠨ ᠭᠦᠷᠪᠡᠭᠦᠯᠦᠨ ᠰᠢᠨᠵᠢᠨᠡᠮᠨᠠᠷᠢᠨ ᠰᠢᠷᠭᠡᠭᠯᠢᠭ ᠲᠤᠷᠭᠠᠨ ᠤᠳᠠᠰᠦ ᠪᠠᠷ ᠪᠠᠯᠠᠷᠬᠠᠢ ᠨᠡᠷ᠎ᠡ ᠶᠢ ᠴᠢᠨᠢ ᠬᠠᠳᠬᠤᠮᠠᠯᠯᠠᠨ ᠤᠷᠠᠯᠠᠨᠠᠮ ᠢᠵᠢᠯ ᠮᠦᠷᠡᠨ ᠤ ᠵᠡᠭᠦᠨᠳᠡᠬᠢ ᠠᠯᠳᠠᠨ ᠤᠷᠳᠤᠳᠤ ᠬᠤᠳᠠ ᠶᠢ ᠴᠢᠨᠢ ᠠᠯᠤᠰ ᠠᠴᠠ ᠪᠠᠷᠠᠯᠠᠨᠠᠮᠢᠳᠡ ᠬᠠᠪᠤ ᠪᠠᠨ ᠭᠠᠶᠢᠬᠠᠭᠤᠯᠤᠬᠰᠠᠨ ᠴᠢᠩᠬᠢᠰ ᠤᠨ ᠬᠤᠶᠢᠴᠢᠰ ᠲᠡᠨᠳᠡᠬᠢ ᠶᠢᠨ ᠡᠵᠡᠳ ᠪᠠᠶᠢᠯᠤᠭ᠎ᠠᠪᠠᠶᠢᠯᠳᠤᠨ ᠲᠠᠭᠠᠭᠤᠯᠵᠤ ᠲᠠᠶᠢᠳᠤᠨ ᠡᠵᠡᠯᠡᠬᠦ ᠢᠨᠤ ᠲᠠᠩᠭᠠᠷᠢᠭ ᠮᠡᠳᠦ ᠪᠠᠳᠦ ᠪᠦᠭᠡᠳ ᠦᠨᠡᠨᠪᠠᠳᠤᠳᠠ ᠡᠷᠬᠡᠰᠢᠶᠡᠨ ᠦᠷᠦᠰᠢᠶᠡᠨ ᠨᠢᠭᠦᠯᠡᠰᠭᠦᠢ ᠢᠨᠤ ᠲᠡᠭᠷᠢ ᠶᠢᠨ ᠨᠠᠷᠠᠨ ᠮᠡᠳᠦ ᠰᠢᠳᠤᠷᠭᠤ  ᠬᠠᠮᠤᠭ ᠤᠯᠤᠰ ᠲᠠᠶᠠᠭᠠᠷ ᠤᠨ ᠭᠦᠨᠳᠦᠳᠭᠡᠯᠳᠦ ᠡᠭᠡ  ᠬᠠᠳᠤᠳ ᠡᠮᠡᠰ ᠤᠨ ᠦᠯᠢᠭᠡᠷᠯᠡᠬᠦ ᠵᠢᠱᠢᠶ᠎ᠡ  ᠪᠤᠷᠤᠬᠴᠢᠨ ᠭᠤᠸ᠎ᠠ ᠪᠢ ᠪᠠᠷ ᠬᠠᠳᠤᠨ ᠰᠦᠨᠡᠰᠦ ᠵᠡᠭᠦᠯᠳᠡ᠄ ᠪᠤᠷᠤᠬᠴᠢᠨ ᠭᠤᠸ᠎ᠠ ᠪᠤᠯ ᠴᠢᠩᠬᠢᠰ ᠬᠠᠭᠠᠨ ᠤ ᠠᠬᠠᠮᠠᠳ ᠭᠦᠪᠡᠭᠦᠨ ᠵᠦᠴᠢ ᠶᠢᠨ ᠬᠤᠶᠠᠳᠤᠭᠠᠷ ᠭᠦᠪᠡᠭᠦᠨ ᠪᠠᠳᠦ ᠶᠢᠨ ᠶᠡᠭᠡ ᠬᠠᠳᠤᠨ ᠪᠤᠯᠤᠨ᠎ᠠ᠃ ᠲᠡᠷᠡ ᠪᠠᠷ ᠭᠤᠶᠤ ᠭᠡᠭᠡᠨᠴᠢᠷ᠂ ᠤᠬᠠᠭᠠᠨ ᠲᠡᠭᠦᠰ ᠮᠦᠷᠳᠡᠭᠡᠨ ᠠᠭᠤᠳᠠᠮᠴᠢ ᠪᠠᠭᠳᠠᠭᠠᠮᠵᠢᠳᠠᠢ ᠮᠡᠷᠭᠡᠨ ᠪᠤᠳᠤᠯᠭ᠎ᠠ ᠲᠠᠢ ᠪᠠᠶᠢᠵᠤ᠂ ᠪᠠᠳᠤ ᠬᠠᠭᠠᠨ ᠤ ᠲᠦᠷᠦ ᠶᠢᠨ ᠦᠢᠯᠡ ᠳᠤ ᠰᠢᠭᠤᠳ ᠤᠷᠤᠯᠴᠠᠵᠤ᠂ ᠤᠯᠠᠨ ᠰᠠᠶᠢᠬᠠᠨ ᠤᠬᠠᠭᠠᠨ ᠪᠤᠳᠤᠯᠭ᠎ᠠ ᠡᠷᠬᠦᠵᠦ ᠬᠢᠪᠴᠠᠭ ᠬᠠᠭᠠᠨᠳᠦ ᠤᠯᠤᠰ ᠤᠨ ᠲᠦᠷᠦ  ᠶᠢᠨ ᠡᠷᠭᠡ ᠶᠢ ᠪᠠᠬᠢᠵᠢᠭᠦᠯᠵᠦ᠂ ᠤᠯᠤᠰ ᠭᠡᠷ ᠤᠨ ᠡᠩᠬᠡ ᠲᠦᠪᠰᠢᠨ ᠢ ᠪᠠᠳᠤᠯᠠᠬᠤ ᠳᠤ ᠬᠢᠯᠠᠯᠵᠠᠬᠰᠠᠨ ᠤᠯᠠ ᠮᠦᠷ  ᠢᠶᠠᠨ ᠦᠯᠡᠳᠡᠭᠡᠭᠰᠡᠨ ᠶᠤᠮ᠃ ᠪᠠᠳᠤ ᠬᠠᠭᠠᠨ ᠢ ᠨᠠᠰᠦ ᠪᠠᠷᠠᠬᠰᠠᠨ ᠤ ᠲᠠᠷᠠᠭ᠎ᠠ᠂ ᠬᠤᠶᠠᠷ ᠵᠢᠯ ᠭᠠᠷᠤᠢ ︵1256 —1257 ᠤᠨ︶ ᠬᠢᠪᠴᠠᠭ ᠬᠠᠭᠠᠨᠳᠦ ᠤᠯᠤᠰ ᠤᠨ ᠲᠦᠷᠦ ᠶᠢᠨ ᠡᠷᠭᠡ ᠶᠢ ᠠᠳᠬᠤᠵᠤ᠂ ᠪᠠᠳᠦ ᠬᠠᠭᠠᠨ ᠤ ᠪᠤᠳᠤᠯᠭ᠎ᠠ ᠶᠢ ᠭᠤᠶᠢᠪᠢᠰᠢ ᠦᠬᠡᠢ ᠪᠠᠷ ᠭᠡᠷᠡᠭᠵᠢᠬᠦᠯᠵᠦ ᠪᠠᠶᠢᠬᠰᠠᠨ ᠪᠦᠭᠡᠳ ᠬᠠᠭᠠᠨ ᠤᠬᠰᠠᠭᠠᠨ ᠤ ᠲᠤᠳᠤᠭᠠᠳᠦ  ᠶᠢᠨ ᠡᠪ ᠪᠦᠯᠭᠦᠮᠳᠡᠯ ᠢ ᠨᠢᠬᠳᠠᠷᠠᠭᠤᠯᠵᠤ᠂ ᠬᠠᠭᠠᠨᠳᠦ ᠲᠦᠷᠦ ᠶᠢᠨ ᠡᠷᠭᠡᠳᠦ ᠪᠠᠶᠢᠭᠤᠯᠤᠮᠵᠢ ᠪᠠᠨ ᠪᠠᠳᠤᠳᠬᠠᠨ ᠴᠢᠩᠭᠠᠳᠬᠠᠵᠦ ᠴᠢᠳᠠᠵᠠᠢ᠃ᠴᠠᠮᠪᠤᠢ ᠬᠠᠳᠤᠨᠬᠤᠯᠠ ᠶᠢᠨ ᠪᠤᠳᠤᠯᠳᠦ ᠠᠯᠤᠰ ᠤᠨ ᠬᠠᠷᠠᠴᠠᠳᠦ ᠬᠤᠩᠬᠢᠷᠠᠳ ᠠᠶᠢᠮᠠᠭ ᠤᠨ ᠦᠬᠢᠨ             ᠬᠤᠪᠢᠯᠠᠢ ᠬᠠᠭᠠᠨ ᠤ ᠮᠡᠷᠭᠡᠨ ᠵᠦᠪᠯᠡᠭᠴᠢ ᠬᠤᠪᠤᠷᠬᠠᠨ ᠨᠢᠭᠡᠨ ᠡᠷᠳᠡᠨᠢ            ᠭᠡᠭᠡᠨ ᠤᠬᠠᠭᠠᠨ ᠵᠦᠢᠳᠡᠢ ᠦᠬᠡ ᠪᠠᠷ ᠬᠠᠭᠠᠨ ᠢ ᠢᠳᠬᠠᠨ ᠰᠠᠨᠠᠭᠤᠯᠵᠤᠬᠠᠭᠠᠨᠳᠦ ᠲᠦᠷᠦ ᠶᠢᠨ ᠳᠡᠭᠵᠢᠬᠦ ᠢᠷᠡᠭᠡᠳᠦᠢ ᠳᠤ ᠪᠢᠯᠢᠭ ᠤᠶᠤᠨ ᠢ ᠵᠤᠷᠢᠭᠤᠯᠪᠠᠢᠲᠠᠶᠢᠯᠠᠨ ᠲᠠᠭᠠᠭᠤᠯᠤᠬᠰᠠᠨ ᠭᠠᠵᠠᠷ ᠪᠦᠬᠦᠨ᠎ᠡ ᠮᠤᠩᠭᠤᠯ ᠬᠠᠳᠤᠨ ᠤ ᠤᠬᠠᠭᠠᠨ            ᠲᠠᠶᠢᠳᠦ ᠬᠤᠳᠠ ᠡᠷᠳᠡᠨ ᠤ ᠨᠡᠶᠢᠰᠯᠡᠯ ᠳᠤ ᠪᠠᠯᠠᠷᠠᠰᠢ ᠦᠬᠡᠢ ᠮᠦᠩᠭᠡ           ᠴᠠᠬᠯᠠᠰᠢ ᠦᠬᠡᠢ ᠡᠷᠳᠡᠮ ᠲᠡᠭᠦᠰ            ᠴᠠᠭ ᠢ ᠡᠵᠡᠯᠡᠭᠰᠡᠨ ᠬᠠᠭᠠᠨ ᠤ ᠬᠠᠳᠤᠨ            ᠴᠠᠮᠪᠤᠢ ᠪᠢ ᠪᠠᠷ ᠬᠠᠳᠤᠨ ᠰᠦᠨᠡᠰᠦ                         ᠵᠡᠭᠦᠯᠳᠡ᠄ ᠴᠠᠮᠪᠤᠢ ᠬᠠᠳᠤᠨ ︵1227  —1281 ᠤᠨ᠂ ᠪᠠᠰᠠ ᠴᠢᠮᠪᠠᠢ᠂ ᠴᠠᠮᠪᠢ ᠭᠡᠳᠡᠭ︶ ᠪᠤᠯ ᠬᠤᠩᠬᠢᠷᠠᠳ ᠠᠶᠢᠮᠠᠭ ᠤᠨ ᠠᠯᠴᠤ ᠨᠤᠶᠠᠨ ᠤ ᠦᠬᠢᠨ᠂ ᠪᠤᠰᠬᠤᠯ ᠤᠪᠤᠭ ᠲᠠᠢ᠃ ᠶᠡᠭᠡ ᠶᠤᠸᠠᠨ ᠤᠯᠤᠰ ᠤᠨ ᠱᠢᠽᠦ ᠬᠤᠪᠢᠯᠠᠢ ᠰᠡᠴᠡᠨ ᠬᠠᠭᠠᠨ ᠤ ᠭᠤᠤᠯ ᠤᠷᠳᠤᠨ ᠤ ᠲᠡᠷᠢᠬᠦᠨ ᠬᠠᠳᠤᠨ ᠪᠦᠭᠡᠳ ᠲᠤᠷᠵᠢ᠂ ᠴᠢᠩᠬᠢᠮ᠂ ᠮᠠᠩᠭᠠᠯᠠ᠂ ᠨᠤᠮᠤᠬᠠᠨ ᠬᠡᠮᠡᠬᠦ ᠲᠦᠷᠪᠡᠨ ᠬᠠᠨ ᠬᠦᠪᠡᠬᠦᠨ ᠪᠠ ᠴᠡᠴᠡᠭᠡᠨ ᠬᠡᠮᠡᠬᠦ‍ ᠨᠢᠬᠡ ᠭᠦᠩᠵᠦ ᠮᠡᠨᠳᠦᠯᠡᠵᠡᠢ᠃ 1260 ᠤᠨ ᠳᠤ᠂ ᠬᠤᠪᠢᠯᠠᠢ ᠬᠠᠭᠠᠨ ᠰᠠᠭᠤᠷᠢᠨ ᠢ ᠵᠠᠯᠭᠠᠮᠵᠢᠯᠠᠵᠤ ᠤᠯᠤᠰ ᠤᠨ ᠴᠤᠯᠠ ᠪᠠᠨ ᠶᠤᠸᠠᠨ ᠬᠡᠮᠡᠨ ᠬᠠᠯᠠᠬᠰᠠᠨ ᠤ ᠰᠡᠭᠦᠯᠡᠷ ᠴᠠᠮᠪᠤᠢ ᠬᠠᠳᠤᠨ ᠢ ᠭᠤᠤᠯ ᠬᠠᠳᠤᠨ ᠢᠶᠠᠷ ᠡᠷᠭᠦᠮᠵᠢᠯᠡᠪᠡ᠃ ᠮᠤᠩᠭᠤᠯ ᠤᠨ ᠲᠡᠤᠭᠡᠨ᠎ᠡ ︽ᠬᠡᠬᠡᠨ ᠮᠡᠷᠭᠡᠨ ᠬᠠᠳᠤᠨ︾ ᠭᠡᠮᠡᠨ ᠭᠦᠨᠳᠦᠳᠭᠡᠭᠳᠡᠭᠨ ᠲᠡᠭᠡᠳᠦᠯᠡᠭᠳᠡᠭᠰᠡᠨ ᠴᠠᠮᠪᠤᠢ ᠬᠠᠳᠤᠨ ᠪᠠᠷ ᠲᠦᠷᠦᠯᠬᠢ ᠤᠬᠠᠭᠠᠨ ᠰᠡᠷᠭᠦᠯᠡᠩ᠂ ᠦᠷᠦ ᠵᠦᠬᠡᠯᠡᠨ ᠦᠭᠭᠢᠶᠡᠮᠦᠷ ᠰᠡᠳᠬᠢᠯ ᠲᠠᠢ ᠰᠡᠳᠬᠢᠯᠬᠡ ᠬᠦᠨ᠂ ᠤᠷᠠᠨ ᠠᠪᠢᠶᠠᠰᠯᠢᠭ᠂ ᠠᠵᠢᠯᠴᠢ ᠪᠤᠷᠤᠬᠵᠢᠭᠤᠨ᠂ ᠲᠦᠪ ᠭᠤᠤᠯᠴᠢ᠂ ᠠᠷᠪᠢᠴᠢ ᠭᠠᠮᠳᠠᠢ ᠵᠡᠷᠭᠡ ᠲᠡᠭᠦᠰ ᠭᠤᠸ᠎ᠠ ᠰᠢᠯᠢᠳᠡᠭ ᠰᠤᠷᠳᠠᠯ ᠢ ᠪᠦᠷᠢᠳᠦᠭᠦᠯᠦᠭᠰᠡᠨ ᠶᠤᠮ᠃ ᠲᠡᠷᠡ ᠪᠠᠷ ᠪᠤᠳ᠋ᠳ᠋ᠾᠠ ᠶᠢᠨ ᠱᠠᠰᠢᠨ ᠳᠤ ᠮᠠᠰᠢ ᠶᠡᠭᠡ ᠰᠦᠰᠦᠭ ᠪᠢᠰᠢᠷᠡᠯ ᠲᠠᠢ  ᠪᠠᠶᠢᠵᠠᠢ ᠃ ᠤᠯᠤᠰ ᠲᠦᠷᠦ ᠶᠢᠨ ᠬᠤᠯᠠ ᠶᠢᠨ ᠬᠠᠷᠠᠴᠠ ᠲᠠᠢ ᠪᠤᠯᠬᠤᠷ ᠬᠤᠪᠢᠯᠠᠢ ᠬᠠᠭᠠᠨ ᠵᠢᠴᠢ ᠲᠦᠷᠦ ᠶᠢᠨ ᠨᠤᠶᠠᠳ ᠲᠦᠰᠢᠮᠡᠳ ᠢ ᠶᠡᠭᠡᠭᠡᠨ ᠨᠦᠯᠦᠭᠡᠯᠡᠵᠦ᠂ ᠭᠡᠷᠡᠭ ᠤᠴᠢᠷ ᠢ ᠤᠷᠢᠳᠴᠢᠯᠠᠨ ᠵᠦᠩᠨᠡᠬᠦ ᠵᠦᠩ ᠮᠡᠳᠡᠷᠡᠮᠵᠢ ᠰᠠᠶᠢᠳᠠᠢ᠂ ᠲᠦᠪ ᠭᠤᠤᠯᠴᠢ ᠪᠠᠷ ᠲᠠᠰᠤᠯᠤᠨ ᠰᠢᠳᠭᠡᠭᠦ ᠮᠡᠷᠭᠡᠨ ᠬᠡᠬᠡᠨ ᠦᠢᠯᠡ ᠲᠠᠢ᠂ ᠲᠦᠷᠦ ᠵᠠᠰᠠᠭ ᠤᠨ ᠦᠢᠯᠡ ᠳᠤ ᠴᠠᠬᠯᠠᠰᠢ ᠦᠬᠡᠢ ᠤᠬᠠᠭᠠᠨ ᠪᠢᠯᠢᠭ ᠢᠶᠠᠨ ᠵᠤᠷᠢᠭᠤᠯᠵᠤ᠂ ᠶᠡᠭᠡ ᠶᠤᠸᠠᠨ ᠤᠯᠤᠰ ᠤᠨ ᠲᠤᠬᠳᠠᠭᠤᠨ ᠪᠠᠶᠢᠳᠠᠯ ᠢ ᠬᠠᠮᠠᠭᠠᠯᠠᠬᠤ᠂ ᠶᠡᠭᠡ ᠶᠤᠸᠠᠨ ᠤᠯᠤᠰ ᠤᠨ ᠴᠡᠴᠡᠭᠯᠡᠨ ᠭᠦᠭᠵᠢᠯᠳᠡ ᠶᠢ ᠪᠡᠶᠡᠯᠡᠭᠦᠯᠬᠦ ᠳᠤ ᠠᠰᠤᠷᠦ ᠶᠡᠭᠡ ᠭᠠᠪᠢᠶ᠎ᠠ ᠵᠢᠳᠭᠦᠯ ᠦᠵᠡᠭᠦᠯᠦᠨ ᠦᠶ᠎ᠡ ᠦᠶ᠎ᠡ ᠶᠢᠨ ᠭᠦᠮᠦᠰ ᠤᠨ ᠲᠠᠭᠤᠷᠢᠶᠠᠯ ᠪᠤᠯᠤᠬᠰᠠᠨ ᠪᠢᠯᠡ᠃    
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号