ᠬᠠᠳᠤᠨ ᠰᠦᠨᠡᠰᠦ᠂  ᠲᠠᠪᠤᠳᠤᠭᠠᠷ ᠪᠦᠯᠦᠭ᠂ ᠬᠤᠶᠠᠳᠤᠭᠠᠷ ᠭᠡᠰᠡᠭ
ᠨᠡᠶᠢᠲᠡᠯᠡᠭᠰᠡᠨ ᠴᠠᠭ᠄
2020-06-18
ᠰᠤᠷᠬᠠᠬᠳᠠᠨᠢ ᠪᠠᠬᠢ ᠬᠠᠳᠤᠨᠲᠦᠷᠦ ᠶᠢᠨ ᠲᠦᠯᠦᠬᠡ ᠲᠦᠷᠦᠭᠰᠡᠨ ᠪᠡᠶ᠎ᠡ ᠮᠢᠨᠢ ᠭᠡᠷᠡᠶᠢᠳ ᠠᠶᠢᠮᠠᠭ ᠤᠨ ᠵᠠᠬ᠎ᠠ ᠬᠠᠮᠪᠤ ᠡᠴᠢᠬᠡᠳᠦ       ᠡᠷ᠎ᠡ ᠶᠢᠨ ᠲᠦᠯᠦᠬᠡ ᠡᠮᠳᠡᠷᠡᠭᠰᠡᠨ ᠵᠠᠶᠠᠭ᠎ᠠ ᠮᠢᠨᠢ ᠪᠣᠷᠵᠢᠭᠢᠨ ᠤᠳᠤᠮᠳᠦ ᠲᠤᠯᠤᠢ ᠯᠤᠭ᠎ᠠ ᠬᠤᠤᠰᠯᠠᠬᠤ             ᠦᠷ᠎ᠡ ᠬᠡᠮᠡᠨ ᠦᠮᠦᠷᠡᠬᠦ ᠵᠢᠷᠦᠬᠡ ᠮᠢᠨᠢ ᠦᠷᠯᠦᠭ ᠬᠦᠪᠡᠭᠦᠳ ᠢ ᠭᠦᠮᠦᠵᠢᠬᠦᠯᠬᠦ ᠶᠢᠨ ᠰᠢᠯᠲᠠᠭᠠᠨ ᠪᠤᠶᠤ           ᠲᠦᠷᠦ ᠡᠷ᠎ᠡ ᠦᠷ᠎ᠡ ᠭᠤᠷᠪᠠ ᠳᠤ ᠪᠠᠨ ᠡᠭᠦᠷᠢᠳᠡ ᠶᠢᠨ ᠨᠢᠬᠡᠨ ᠰᠡᠳᠬᠢᠯ ᠢ ᠪᠠᠷᠢᠵᠤ ᠴᠢᠳᠠᠬᠰᠠᠨᠭᠤᠷᠪᠠᠨ ᠲᠦᠷᠦ ᠳᠤ ᠭᠦᠴᠦ ᠪᠠᠨ ᠦᠭᠭᠦᠭᠰᠡᠨ ᠲᠤᠳᠤᠭᠠᠳᠦ ᠮᠡᠷᠭᠡᠨ ᠵᠦᠪᠯᠡᠭᠴᠢᠲᠦᠷᠪᠡᠨ ᠬᠠᠭᠠᠨ ᠢ ᠲᠡᠳᠭᠦᠵᠦ ᠭᠦᠮᠦᠵᠢᠭᠦᠯᠦᠭᠰᠡᠨ ᠲᠡᠭᠷᠢᠯᠢᠭ ᠤᠬᠠᠭᠠᠨᠲᠤ ᠪᠦᠰᠡᠭᠦᠢ ᠲᠡᠭᠷᠢ ᠶᠢᠨ ᠰᠤᠶᠤᠷᠬᠠᠯᠳᠦ ᠡᠰᠢ ᠬᠠᠳᠤᠨ ᠴᠤᠯᠠᠳᠦ              ᠲᠢᠪ ᠲᠡᠯᠡᠭᠡᠢ ᠳᠤ ᠮᠤᠩᠭᠤᠯ ᠤᠬᠠᠭᠠᠨ ᠢ ᠭᠠᠶᠢᠬᠠᠭᠤᠯᠤᠬᠰᠠᠨ             ᠰᠤᠷᠬᠠᠬᠳᠠᠨᠢ ᠪᠢ ᠪᠠᠷ ᠬᠠᠳᠤᠨ ᠰᠦᠨᠡᠰᠦ         ᠵᠡᠭᠦᠯᠳᠡ᠄ ᠰᠤᠷᠬᠠᠬᠳᠠᠨᠢ ᠪᠠᠬᠢ ᠬᠠᠳᠤᠨ ︵1192—1252 ᠤᠨ︶ ᠪᠤᠯ ᠭᠡᠷᠡᠶᠢᠳ ᠠᠶᠢᠮᠠᠭ ᠤᠨ ᠸᠠᠩ ᠬᠠᠨ ᠲᠤᠭᠤᠷᠢᠯ ᠤᠨ ᠲᠡᠭᠦᠦ ᠵᠠᠬ᠎ᠠ ᠬᠠᠮᠪᠤ ᠶᠢᠨ ᠬᠤᠶᠠᠳᠤᠭᠠᠷ ᠦᠬᠢᠨ᠂ ᠪᠤᠬᠳᠠ ᠡᠵᠡᠨ ᠲᠠᠶᠢᠽᠦ ᠴᠢᠩᠬᠢᠰ ᠬᠠᠭᠠᠨ  ᠤ ᠲᠦᠷᠪᠡᠳᠦᠭᠡᠷ ᠭᠦᠪᠡᠬᠦᠨ ᠲᠤᠯᠤᠢ ᠡᠵᠡᠨ ᠤ ᠲᠡᠷᠢᠬᠦᠨ ᠬᠠᠳᠤᠨ ᠶᠤᠮ᠃ ᠲᠡᠷᠡ ᠪᠠᠷ ᠡᠷᠬᠢᠬᠦᠨ ︵ᠡᠾᠷᠢᠰᠲ᠋ᠤᠰ︶ ᠱᠠᠰᠢᠨ ᠢ ᠰᠢᠳᠦᠳᠡᠭ᠂ ᠭᠤᠶᠤ ᠦᠵᠡᠰᠭᠦᠯᠡᠩ᠂ ᠰᠡᠴᠡᠨ ᠰᠡᠷᠭᠦᠯᠡᠩ ᠮᠦᠷᠳᠡᠭᠡᠨ ᠤᠬᠠᠭᠠᠨ ᠪᠤᠳᠤᠯᠭ᠎ᠠ ᠭᠦᠨ᠂ ᠨᠠᠶᠢᠷ ᠰᠡᠳᠬᠢᠯᠬᠡ ᠵᠤᠵᠠᠭᠠᠨ᠂ ᠪᠠᠭᠳᠠᠭᠠᠮᠵᠢ ᠶᠡᠭᠡᠳᠡᠢ ᠪᠠᠶᠢᠵᠤ᠂ ᠤᠯᠠᠨ ᠲᠦᠷᠦᠯ ᠤᠨ ᠰᠤᠶᠤᠯ ᠢ ᠭᠦᠯᠢᠶᠡᠨ ᠠᠪᠴᠦ ᠭᠡᠤᠭᠡᠳ ᠢᠶᠠᠨ ᠰᠢᠯᠢᠳᠡᠭ ᠭᠦᠮᠦᠵᠢᠭᠦᠯᠵᠡᠢ᠃ ᠲᠤᠯᠤᠢ ᠨᠤᠶᠠᠨ ᠪᠤᠯᠤᠨ ᠰᠤᠷᠬᠠᠬᠳᠠᠨᠢ ᠬᠠᠳᠤᠨ ᠠᠴᠠ ᠲᠦᠷᠪᠡᠨ ᠬᠦᠪᠡᠬᠦᠨ ᠲᠠᠢ᠃ 1251 ᠤᠨ ᠳᠤ ᠶᠡᠭᠡ ᠭᠦᠪᠡᠬᠦᠨ ᠰᠢᠶᠠᠨᠽᠦ᠋ᠩ ᠮᠦᠩᠬᠡ ᠬᠠᠭᠠᠨ ᠨᠢ ᠮᠤᠩᠭᠤᠯ ᠬᠠᠭᠠᠨᠳᠦ ᠤᠯᠤᠰ ᠤᠨ ᠲᠦᠷᠪᠡᠳᠡᠬᠢ ᠬᠠᠭᠠᠨ ᠢᠶᠠᠷ ᠡᠷᠭᠦᠮᠵᠢᠯᠡᠭᠳᠡᠵᠦ᠂ ᠲᠠᠷᠠᠭ᠎ᠠ ᠪᠠᠷ ᠨᠢ ᠬᠤᠶᠠᠳᠤᠭᠠᠷ ᠭᠦᠪᠡᠬᠦᠨ  ᠱᠢᠽᠦ ᠬᠤᠪᠢᠯᠠᠢ ᠰᠡᠴᠡᠨ ᠬᠠᠭᠠᠨ ᠨᠢ ᠲᠤᠮᠳᠠᠳᠦ ᠤᠷᠤᠨ ᠢ ᠨᠢᠭᠡᠳᠭᠡᠨ ᠲᠠᠶᠢᠶᠤᠸᠠᠨ ᠤᠯᠤᠰ ᠤᠨ ᠲᠠᠶᠢᠽᠦ ᠬᠠᠭᠠᠨ ᠪᠤᠯᠵᠤ ᠂ ᠭᠤᠷᠪᠠᠳᠤᠭᠠᠷ ᠭᠦᠪᠡᠬᠦᠨ ᠦᠯᠡᠬᠦ ︵ᠭᠦᠯᠦᠭ︶ ᠨᠢ ᠢᠯ ᠬᠠᠭᠠᠨᠳᠦ ᠤᠯᠤᠰ ᠢ ᠪᠠᠶᠢᠭᠤᠯᠤᠨ ᠬᠠᠭᠠᠨ ᠰᠠᠭᠤᠵᠤ᠂ ᠤᠳᠬᠤᠨ ᠭᠦᠪᠡᠬᠦᠨ ᠠᠷᠢᠬᠪᠤᠬ᠎ᠠ ᠨᠢ ᠮᠤᠩᠭᠤᠯ ᠨᠤᠳᠤᠭ ᠢᠶᠠᠨ ᠡᠵᠡᠯᠡᠨ ᠲᠤᠰ ᠲᠤᠰ ᠬᠠᠭᠠᠨ ᠰᠠᠭᠤᠵᠠᠢ᠃ ᠰᠤᠷᠬᠠᠬᠳᠠᠨᠢ ᠪᠠᠬᠢ ᠬᠠᠳᠤᠨ ᠶᠡᠭᠡ ᠮᠤᠩᠭᠤᠯ ᠤᠨ ᠤᠯᠤᠰ ᠦᠨᠳᠦᠰᠦᠳᠡᠨ ᠤ ᠲᠡᠤᠭᠡᠨ ᠳᠠᠬᠢ ᠤᠯᠠᠨ ᠠᠴᠠ ᠭᠡᠳᠦᠶᠢᠳᠦᠭᠰᠡᠨ ᠭᠡᠭᠡᠨ ᠤᠬᠠᠭᠠᠨᠳᠦ ᠭᠠᠷᠮᠠᠭᠠᠢ ᠤᠯᠤᠰ ᠲᠦᠷᠦᠴᠢ᠂ ᠠᠪᠢᠶᠠᠰᠯᠢᠭ ᠤᠳᠤᠷᠢᠳᠤᠬᠴᠢ ᠪᠠᠶᠢᠵᠤ᠂ ᠠᠯᠳᠠᠨ ᠤᠷᠤᠭ ᠤᠨ ᠬᠠᠭᠠᠨ ᠰᠢᠷᠡᠭᠡ ᠦᠭᠡᠳᠡᠢ ᠶᠢᠨ ᠤᠬᠰᠠᠭᠠᠨ ᠤ ᠬᠢᠨ ᠠᠴᠠ ᠲᠤᠯᠤᠢ ᠶᠢᠨ ᠤᠬᠰᠠᠭᠠᠨ ᠤ ᠬᠢᠨ  ᠳᠤ ᠰᠢᠯᠵᠢᠬᠦ ᠲᠡᠤᠭᠡᠳᠦ ᠡᠷᠬᠢᠯᠳᠡ ᠶᠢ ᠠᠮᠵᠢᠯᠳᠠ ᠲᠠᠢ ᠪᠡᠶᠡᠯᠡᠭᠦᠯᠵᠡᠢ᠃                          ᠤᠤᠭᠠᠯ ᠬᠠᠶᠢᠮᠢᠰᠢ ᠬᠠᠳᠤᠨ ᠤᠳᠤᠮᠳᠦ ᠤᠶᠢᠷᠠᠳ ᠤᠨ ᠬᠤᠳᠤᠭ᠎ᠠ ᠪᠠᠬᠢ ᠶᠢᠨ ᠬᠠᠳᠠᠨ ᠵᠤᠷᠢᠬᠳᠦ ᠦᠬᠢᠨ     ᠤᠷᠬᠢᠭᠤᠯ ᠢ ᠪᠠᠭᠤᠯᠭᠠᠨ ᠭᠦᠪᠡᠭᠦᠨ ᠢ ᠲᠡᠪᠡᠷᠢᠨ ᠲᠦᠷᠦ ᠶᠢᠨ ᠭᠡᠷᠡᠭ ᠢ ᠰᠢᠳᠭᠡᠯᠦᠭᠡ     ᠭᠠᠴᠢᠭ ᠴᠠᠭ ᠲᠤ ᠴᠠᠭᠠᠵᠠ ᠰᠤᠯᠠᠷᠠᠨ ᠲᠤᠳᠤᠭᠠᠳᠦ ᠵᠦᠷᠢᠴᠡᠯ ᠬᠤᠷᠴᠠᠳᠬᠤᠶ᠎ᠠ     ᠭᠠᠰᠢᠭᠤᠨ ᠰᠡᠭᠦᠷᠡᠰᠦ ᠴᠢᠰᠦᠨ ᠨᠢᠯᠪᠤᠰᠦ ᠪᠠᠷ ᠲᠡᠤᠭᠡ ᠶᠢᠨ ᠮᠦᠷᠡᠨ ᠢ ᠪᠤᠳᠤᠬᠯᠠᠨᠠᠮᠬᠠᠯᠠᠭᠤᠨ ᠵᠠᠭᠤᠷ᠎ᠠ ᠪᠠᠨ ᠡᠪᠳᠡᠷᠡᠯᠴᠡᠬᠦᠶ᠎ᠡ ᠬᠠᠳᠠ ᠴᠢᠯᠠᠭᠤ ᠴᠦ ᠬᠠᠭᠠᠷᠠᠬᠤᠢᠬᠠᠭᠠᠨᠳᠦ ᠤᠯᠤᠰ ᠬᠠᠭᠠᠴᠠᠬᠤᠶ᠎ᠠ ᠬᠠᠭᠠᠨ ᠬᠠᠷᠠᠴᠦ ᠦᠬᠡᠢ ᠭᠠᠰᠠᠯᠬᠤᠢ   ᠤᠯᠤᠰ ᠭᠡᠷ ᠤᠨ ᠮᠠᠨᠳᠤᠯ ᠪᠠᠭᠤᠷᠠᠯ ᠳᠤ     ᠦᠵᠡᠰᠭᠦᠯᠡᠩᠳᠦ ᠪᠡᠶ᠎ᠡ ᠶᠢ ᠵᠤᠷᠢᠭᠤᠯᠵᠤ ᠶᠠᠪᠤᠬᠰᠠᠨ     ᠤᠤᠭᠠᠯ ᠬᠠᠶᠢᠮᠢᠰᠢ ᠪᠢ ᠪᠠᠷ ᠬᠠᠳᠤᠨ ᠰᠦᠨᠡᠰᠦ                 ᠵᠡᠭᠦᠯᠳᠡ᠄ ᠤᠤᠭᠠᠯ ᠬᠠᠶᠢᠮᠢᠰᠢ ᠬᠠᠳᠤᠨ ︵ ︖ —1252 ᠤᠨ︶ ᠪᠤᠯ ᠤᠢ ᠶᠢᠨ ᠢᠷᠭᠡᠳ ᠤᠶᠢᠷᠠᠳ ᠠᠶᠢᠮᠠᠭ ᠤᠨ ᠬᠤᠳᠤᠭ᠎ᠠ ᠪᠠᠬᠢ ᠶᠢᠨ ᠦᠬᠢᠨ᠂ ᠤᠤᠭᠠᠯ ᠤᠪᠤᠭ ᠲᠠᠢ᠂ ᠶᠡᠭᠡ ᠮᠤᠩᠭᠤᠯ ᠤᠨ ᠬᠠᠭᠠᠨᠳᠦ ᠤᠯᠤᠰ ᠤᠨ ᠳ᠋ᠢᠩᠽᠦ᠋ᠩ ᠭᠦᠶᠦᠭ ᠬᠠᠭᠠᠨ ᠤ ᠭᠤᠤᠯ ᠤᠷᠳᠤᠨ ᠤ ᠲᠡᠷᠢᠬᠦᠨ ᠬᠠᠳᠤᠨ ᠶᠤᠮ᠃ ᠭᠦᠶᠦᠭ ᠬᠠᠭᠠᠨ ᠪᠠ ᠤᠤᠭᠠᠯ ᠬᠠᠶᠢᠮᠢᠰᠢ ᠬᠠᠳᠤᠨ ᠠᠴᠠ ᠬᠤᠴᠠ ᠤᠤᠭᠤᠯ᠂ ᠨᠠᠭᠤ ᠭᠡᠮᠡᠬᠦ ᠬᠤᠶᠠᠷ ᠭᠦᠪᠡᠬᠦᠨ ᠮᠡᠨᠳᠦᠯᠡᠪᠡ᠃ 1248 ᠤᠨ ᠳᠤ ᠭᠦᠶᠦᠭ ᠬᠠᠭᠠᠨ ᠨᠠᠰᠦ ᠪᠠᠷᠠᠬᠰᠠᠨ ᠤ ᠲᠠᠷᠠᠭ᠎ᠠ᠂ ᠠᠯᠳᠠᠨ ᠤᠷᠤᠬᠳᠠᠨ ᠤ ᠤᠯᠠᠨ ᠭᠦᠮᠦᠰ ᠦᠭᠡᠳᠡᠢ ᠬᠠᠭᠠᠨ ᠤ ᠵᠠᠷᠯᠢᠭ ᠶᠤᠰᠤᠭᠠᠷ ᠰᠢᠷᠡᠮᠦᠨ ᠪᠤᠯᠤᠨ ᠮᠦᠩᠬᠡ ᠶᠢᠨ ᠠᠯᠢ ᠨᠢᠬᠡᠨ ᠢ ᠰᠢᠨ᠎ᠡ ᠬᠠᠭᠠᠨ ᠢᠶᠠᠷ ᠰᠤᠩᠭᠤᠬᠤ ᠲᠤᠬᠠᠢ ᠵᠦᠷᠢᠴᠡᠯ ᠭᠠᠷᠴᠤ ᠬᠤᠶᠠᠷ ᠪᠦᠯᠦᠭ ᠪᠤᠯᠤᠨ ᠵᠠᠳᠠᠷᠠᠵᠤ ᠬᠠᠭᠠᠨ ᠰᠠᠭᠤᠳᠠᠯ ᠡᠵᠡᠨ ᠦᠬᠡᠢ ᠪᠠᠶᠢᠬᠰᠠᠨ ᠦᠶ᠎ᠡ ᠳᠤ ᠤᠤᠭᠠᠯ ᠬᠠᠶᠢᠮᠢᠰᠢ ᠬᠠᠳᠤᠨ ᠶᠡᠭᠡ ᠮᠤᠩᠭᠤᠯ ᠤᠯᠤᠰ ᠢ ᠵᠠᠰᠠᠬᠯᠠᠨ ᠲᠦᠷᠦ ᠶᠢᠨ ᠭᠡᠷᠡᠭ ᠢ ᠲᠦᠷᠪᠡᠨ ᠵᠢᠯ ᠵᠠᠬᠢᠷᠴᠦ ᠪᠠᠶᠢᠬᠰᠠᠨ ᠪᠦᠬᠡᠳ ᠬᠤᠵᠢᠮ ᠨᠢ ᠠᠯᠳᠠᠨ ᠤᠷᠤᠭ ᠤᠨ ᠬᠠᠭᠠᠨ ᠰᠢᠷᠡᠭᠡᠨ ᠤ ᠲᠠᠯᠳᠠ ᠲᠡᠮᠡᠴᠡᠯ ᠲᠤᠮᠳᠠ ᠬᠠᠷᠠᠰᠠᠯᠳᠠᠢ  ᠪᠠᠷ ᠢᠯᠠᠬᠳᠠᠵᠠᠢ᠃ ᠮᠦᠩᠬᠡ ᠬᠠᠭᠠᠨ ᠤᠷᠤ ᠳᠤ ᠰᠠᠭᠤᠬᠰᠠᠨ ᠤ ᠲᠠᠷᠠᠭ᠎ᠠ᠂ ᠦᠭᠡᠳᠡᠢ ᠪᠤᠯᠤᠨ ᠴᠠᠭᠠᠳᠠᠢ ᠶᠢᠨ ᠬᠤᠶᠢᠴᠢᠰ ᠤᠷᠪᠠᠯᠭᠠᠨ ᠭᠠᠷᠭᠠᠬᠤ ᠭᠡᠳ ᠪᠦᠳᠦᠭᠰᠡᠨ ᠦᠬᠡᠢ ᠲᠦᠪᠰᠢᠳᠭᠡᠭᠳᠡᠪᠡ᠃ ᠤᠤᠭᠠᠯ ᠬᠠᠶᠢᠮᠢᠰᠢ ᠬᠠᠳᠤᠨ  ᠳᠤ ︽ᠮᠦᠩᠬᠡ ᠬᠠᠭᠠᠨ ᠢ ᠭᠦᠨᠦᠬᠡᠬᠦ ᠪᠠᠷ ᠬᠤᠤᠪᠢᠯᠳᠤᠬᠰᠠᠨ︾ ᠭᠡᠬᠦ ᠶᠠᠯ᠎ᠠ ᠤᠨᠤᠭᠠᠨ᠂ ᠢᠰᠡᠬᠡᠢ ᠳᠤ ᠪᠤᠭᠤᠵᠤ ᠭᠤᠤᠯ ᠳᠤ ᠬᠠᠶᠠᠨ ᠴᠠᠴᠠᠭᠠᠵᠤ ᠬᠠᠶᠠᠬᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号