ᠬᠠᠳᠦᠨ ᠰᠦᠨᠡᠰᠦ᠂ ᠲᠠᠪᠤᠳᠤᠭᠠᠷ ᠪᠦᠯᠦᠭ᠂  ᠲᠡᠭᠡᠳᠦ
ᠨᠡᠶᠢᠲᠡᠯᠡᠭᠰᠡᠨ ᠴᠠᠭ᠄
2020-06-18
ᠲᠠᠪᠤᠳᠤᠭᠠᠷ ᠪᠦᠯᠦᠭ         ᠶᠦᠨᠢ ᠺᠤᠳ᠋᠂ ᠲᠤᠯᠢ ᠪᠢᠴᠢᠭ᠂ ᠴᠢᠳᠦᠷᠳᠦ ᠠᠷᠠᠳᠴᠢᠯᠠᠯ ᠢᠶᠠᠷ ᠲᠠᠪᠵᠢᠶᠡᠷᠡᠨ ᠱᠤᠤᠬᠢᠯᠳᠤᠬᠰᠠᠨ    ᠬᠠᠭᠤᠴᠢᠨ ᠬᠤᠸᠠᠩᠯᠢ ᠰᠢᠭ᠋ ᠰᠢᠨᠡᠭᠡᠨ ᠡᠳᠦᠷ ᠤᠳ ᠬᠤᠷᠤᠮᠬᠠᠨ᠎ᠠ ᠤᠷᠠᠬᠳᠠᠬᠤ ᠨᠢ ᠭᠤᠨᠢᠶᠠᠯᠳᠠᠢᠰᠦᠯᠵᠢᠶ᠎ᠡ᠂ ᠸᠧᠢᠴᠠᠲ᠂ ᠴᠤᠬᠯᠠᠷᠠᠯ ᠤᠨ ᠲᠤᠭᠤᠷᠢᠨ ᠳᠤ ᠰᠢᠷᠭᠤᠯᠵᠢ ᠰᠢᠭ᠋ ᠪᠦᠴᠢᠯᠳᠦᠭᠰᠡᠨᠬᠠᠷ᠎ᠠ ᠲᠠᠮᠠᠬᠢ ᠰᠢᠭ᠋ ᠬᠤᠤᠷᠠᠳᠦ ᠬᠠᠪᠤᠳᠠᠷ ᠤᠳ ᠰᠡᠮᠬᠡᠨ ᠲᠡᠯᠭᠡᠷᠡᠭᠦ ᠨᠢ ᠠᠶᠤᠮᠰᠢᠬᠳᠠᠢ       ᠬᠤᠰᠢᠭᠤᠨ ᠳᠤ ᠪᠠᠨ ᠲᠡᠭᠷᠢ ᠶᠢᠨ ᠪᠢᠴᠢᠭ ᠵᠠᠭᠤᠬᠰᠠᠨ ᠲᠤᠮᠤᠭ ᠤᠨ ᠨᠢᠭᠡᠨ ᠰᠢᠪᠠᠭᠤ  ᠬᠠᠷᠠᠩᠭᠤᠢ ᠶᠢᠨ ᠭᠦᠰᠢᠭᠡ ᠶᠢ ᠰᠢᠷᠭᠡᠭ ᠰᠢᠷᠭᠡᠭ ᠢᠶᠠᠷ ᠰᠡᠮᠡᠯᠦᠨ ᠦᠤᠷ ᠴᠠᠶᠢᠳᠠᠯ᠎ᠠ ᠨᠢᠭᠤᠴᠠᠬᠠᠨ     ᠦᠯᠢᠭᠡᠷ ᠤᠨ ᠭᠦᠭᠡ ᠰᠤᠳᠤᠷ ᠠᠴᠠ ᠡᠬᠢ ᠠᠪᠤᠨ ᠤᠨᠳᠤᠷᠴᠦ            ᠦᠯᠢᠳᠭᠡᠰᠢ ᠦᠬᠡᠢ ᠤᠬᠠᠭᠠᠨ ᠤ ᠲᠠᠯᠠᠢ ᠳᠤ ᠴᠢᠳᠬᠤᠯᠠᠬᠰᠠᠨ                ᠤᠷᠠᠯᠢᠭ ᠤᠨ ᠪᠢ ᠪᠠᠷ ᠬᠠᠳᠤᠨ ᠰᠦᠨᠡᠰᠦ       ᠲᠦᠷᠭᠡᠨ᠎ᠡ ᠬᠠᠳᠤᠨᠭᠦᠮᠦᠨ ᠠᠮᠢᠳᠠᠨ ᠠᠴᠠ ᠵᠠᠶᠢᠳᠠᠭᠤ ᠭᠦᠪᠴᠢ ᠶᠢᠨ ᠵᠠᠬ᠎ᠠ ᠶᠢᠨ ᠮᠤᠳᠤᠨ ᠭᠡᠷ ᠲᠤ ᠭᠠᠭᠴᠠᠭᠠᠷ ᠤᠬᠢᠯᠠᠮᠠᠷ              ᠭᠦᠨᠳᠡᠢ ᠴᠡᠭᠡᠵᠢ ᠪᠠᠨ ᠢᠷᠠᠭᠠᠳ ᠪᠤᠷᠬᠢᠯᠬᠤ ᠴᠢᠰᠦ ᠪᠠᠨ ᠪᠠᠯᠭᠤ ᠪᠠᠯᠭᠤ ᠪᠠᠷ ᠠᠮᠰᠠᠨ ᠲᠠᠮᠰᠢᠶᠠᠮᠠᠷ              ᠬᠠᠷᠠᠮᠨᠠᠬᠤ ᠶᠢᠨ᠂ ᠬᠠᠷᠠᠳᠠᠬᠤ ᠶᠢᠨ᠂ ᠬᠠᠭᠠᠰᠯᠠᠬᠤ ᠶᠢᠨ᠂ ᠬᠠᠭᠳᠠᠷᠠᠬᠤ ᠶᠢᠨ ᠤᠯᠠᠨ ᠴᠢᠨᠠᠷ ᠢ               ᠬᠠᠭᠠᠨ ᠤ ᠬᠠᠳᠤᠳ᠂ ᠲᠠᠳᠠᠪᠤᠷᠢ ᠰᠢᠪᠡᠭᠴᠢᠳ᠂ ᠤᠯᠠᠨ ᠭᠤᠸ᠎ᠠ ᠪᠦᠰᠡᠭᠦᠶᠢᠴᠤᠤᠯ ᠠᠴᠠ ᠠᠰᠠᠭᠤᠯ ᠳ᠋ᠠᠲᠦᠷᠦ ᠵᠠᠬᠢᠷᠴᠦ ᠵᠠᠰᠠᠭ ᠶᠠᠪᠤᠭᠤᠯᠬᠤᠶ᠎ᠠ ᠲᠡᠭᠷᠢ ᠶᠢᠨ ᠰᠤᠯᠤᠩᠭ᠎ᠠ ᠮᠡᠳᠦ ᠦᠵᠡᠰᠭᠦᠯᠡᠩᠳᠡᠢ ᠴᠦᠲᠦᠷᠦᠭᠡ ᠮᠤᠯᠳᠤᠷᠴᠦ ᠰᠢᠷᠤᠢ ᠡᠮᠭᠦᠭᠦᠶ᠎ᠡ ᠠᠮᠳᠠᠳᠠᠶᠢᠬᠠᠨ ᠭᠠᠰᠢᠭᠤᠨ ᠢ ᠭᠡᠷᠬᠢᠨᠡᠮ ᠪᠢᠯᠡ  ᠬᠠᠮᠤᠭ ᠤᠨ ᠡᠭᠡᠵᠢᠭᠳᠡᠢ ᠮᠦᠴᠡ ᠳᠤ              ᠬᠠᠭᠠᠨ ᠲᠦᠷᠦ ᠶᠢ ᠵᠠᠰᠠᠬᠯᠠᠬᠰᠠᠨ            ᠲᠦᠷᠭᠡᠨ᠎ᠡ ᠪᠢ ᠪᠠᠷ ᠬᠠᠳᠤᠨ ᠰᠦᠨᠡᠰᠦ                             ᠵᠡᠭᠦᠯᠳᠡ᠄ ᠲᠦᠷᠭᠡᠨ᠎ᠡ ᠬᠠᠳᠤᠨ  ︵︖ —1246 ᠤᠨ᠂ ᠨᠠᠢᠮᠠᠯᠵᠢ ᠪᠤᠶᠤ ᠨᠠᠢᠮᠠᠯᠵᠢᠨ ᠬᠠᠳᠤᠨ ᠴᠦ ᠭᠡᠳᠡᠭ︶ ᠪᠤᠯ ᠨᠠᠶᠢᠮᠠᠵᠢᠨ ᠤᠪᠤᠭ ᠤᠨ ᠢᠵᠠᠭᠤᠷᠳᠠᠨ ᠭᠠᠷᠤᠯ ᠲᠠᠢ ᠦᠬᠢᠨ᠂ ᠶᠡᠭᠡ ᠮᠤᠩᠭᠤᠯ ᠬᠠᠭᠠᠨᠳᠦ ᠤᠯᠤᠰ ᠤᠨ ᠬᠤᠶᠠᠳᠤᠭᠠᠷ ᠦᠶ᠎ᠡ ᠶᠢᠨ ᠬᠠᠭᠠᠨ ᠲᠠᠶᠢᠽᠦ᠋ᠩ ᠦᠬᠡᠳᠡᠢ ᠬᠠᠭᠠᠨ ᠤ ᠵᠢᠷᠭᠤᠳᠤᠭᠠᠷ ᠬᠠᠳᠤᠨ ᠪᠦᠬᠡᠳ ᠶᠡᠭᠡ ᠮᠤᠩᠭᠤᠯ ᠤᠨ ᠬᠠᠭᠠᠨᠳᠦ ᠤᠯᠤᠰ ᠤᠨ ᠲᠡᠤᠭᠡᠨ ᠳᠤ ᠲᠤᠯᠭᠤᠷ ᠲᠦᠷᠦ ᠶᠢᠨ ᠭᠡᠷᠡᠭ ᠢ ᠬᠠᠮᠤᠭ ᠤᠨ ᠤᠯᠠᠨ ᠵᠢᠯ ᠲᠦᠷ ᠮᠡᠳᠡᠵᠦ ᠪᠠᠶᠢᠬᠰᠠᠨ ᠡᠷᠭᠡ ᠰᠦᠷ ᠲᠠᠢ ᠠᠩᠬᠠᠨ ᠤ ᠬᠠᠳᠤᠨ ᠶᠤᠮ᠃᠃ ᠲᠡᠷᠡ ᠪᠤᠯ ᠤᠬᠠᠭᠠᠨ ᠰᠡᠷᠭᠦᠯᠡᠩ ᠮᠦᠷᠳᠡᠭᠡᠨ ᠡᠷᠡᠰ ᠰᠢᠭᠤᠷᠬᠠᠢ ᠵᠠᠩ ᠠᠷᠠᠨᠰᠢᠨ ᠲᠠᠢ᠂ ᠵᠤᠷᠢᠭ ᠵᠢᠪᠬᠤᠭ᠎ᠠ ᠲᠡᠭᠦᠯᠳᠡᠷ᠂ ᠤᠯᠤᠰ ᠲᠦᠷᠦ ᠶᠢᠨ ᠠᠪᠢᠶᠠᠰ ᠴᠢᠳᠠᠪᠤᠷᠢ ᠲᠠᠢ ᠭᠠᠷᠮᠠᠭᠠᠢ ᠡᠮᠡᠭᠳᠡᠢ ᠪᠤᠯᠤᠨ᠎ᠠ᠃ 1241 ᠤᠨ ᠳᠤ ᠦᠭᠡᠳᠡᠢ ᠬᠠᠭᠠᠨ ᠨᠠᠰᠦ ᠪᠠᠷᠠᠬᠰᠠᠨ ᠤ ᠲᠠᠷᠠᠭ᠎ᠠ ᠵᠢᠯ ᠠᠴᠠ ᠨᠢ ᠡᠬᠢᠯᠡᠭᠡᠳ ᠲᠠᠪᠤᠨ ᠵᠢᠯ ᠤᠨ ᠲᠤᠷᠰᠢ ᠶᠡᠭᠡ ᠮᠤᠩᠭᠤᠯ ᠬᠠᠭᠠᠨᠳᠦ ᠤᠯᠤᠰ ᠤᠨ ᠲᠦᠷᠦ ᠶᠢ ᠵᠠᠰᠠᠬᠯᠠᠵᠤ᠂ ᠳ᠋ᠢᠩᠽᠦ᠋ᠩ ᠭᠦᠶᠦᠭ ᠬᠠᠭᠠᠨ ᠤ ᠦᠶ᠎ᠡ ᠳᠤ ᠴᠦ ᠤᠯᠤᠰ ᠤᠨ ᠡᠭᠡ ᠶᠢᠨ ᠬᠤᠪᠢ ᠪᠠᠷ ᠲᠦᠷᠦ ᠶᠢᠨ ᠭᠡᠷᠡᠭ ᠲᠤ ᠪᠠᠶᠢᠩᠭᠤ ᠤᠷᠤᠯᠴᠠᠵᠤ ᠪᠠᠶᠢᠪᠠ᠃ 1246 ᠤᠨ ᠳᠤ ᠭᠦᠪᠡᠬᠦᠨ ᠭᠦᠶᠦᠭ ᠢᠶᠠᠨ ᠬᠠᠭᠠᠨ ᠰᠠᠭᠤᠷᠢᠨ ᠳᠤ ᠰᠠᠭᠤᠯᠭᠠᠭᠠᠳ ᠲᠡᠮᠡᠢ ᠤᠳᠠᠬᠰᠠᠨ ᠦᠬᠡᠢ ᠨᠠᠰᠤ ᠪᠠᠷᠠᠵᠠᠢ᠃ ᠲᠦᠷᠭᠡᠨ᠎ᠡ ᠬᠠᠳᠤᠨ ᠲᠦᠷᠦ ᠵᠠᠰᠠᠭ ᠲᠠᠬᠢ ᠡᠷᠭᠡ ᠪᠠᠨ ᠪᠠᠬᠢᠵᠢᠬᠦᠯᠬᠦ ᠶᠢᠨ ᠲᠦᠯᠦᠬᠡ ᠤᠯᠤᠰ ᠲᠦᠷᠦ ᠶᠢᠨ ᠭᠡᠳᠦᠷᠡᠮᠡᠬᠡᠢ ᠠᠷᠭ᠎ᠠ ᠶᠢ ᠭᠡᠷᠡᠭᠯᠡᠭᠰᠡᠨ ᠪᠤᠯᠪᠠᠴᠦ ᠮᠤᠩᠭᠤᠯ ᠬᠠᠭᠠᠨᠳᠦ ᠲᠦᠷᠦ ᠶᠢᠨ ᠭᠤᠷᠪᠠᠳᠡᠬᠢ ᠬᠠᠭᠠᠨ ᠢ ᠰᠣᠩᠭᠤᠨ ᠲᠣᠬᠳᠠᠭᠠᠵᠤ ᠵᠠᠯᠭᠠᠮᠵᠢᠯᠠᠭᠤᠯᠤᠬᠰᠠᠨ ᠭᠠᠪᠢᠶ᠎ᠠ ᠲᠠᠢ᠃ ᠦᠭᠡᠳᠡᠢ ᠬᠠᠭᠠᠨ ᠪᠠ ᠲᠦᠷᠭᠡᠨ᠎ᠡ ᠬᠠᠳᠤᠨ ᠠᠴᠠ ᠭᠦᠶᠦᠭ᠂ ᠭᠦᠳᠠᠨ᠂ ᠭᠦᠴᠦ᠂ ᠬᠠᠷᠠᠴᠠᠷ᠂ ᠬᠠᠰᠢ ᠵᠡᠷᠭᠡ ᠲᠠᠪᠤᠨ ᠬᠠᠨ ᠭᠦᠪᠡᠬᠦᠨ ᠮᠡᠨᠳᠦᠯᠡᠵᠡᠢ᠃              
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号