ᠰᠤᠷᠬᠠᠬᠳᠠᠨᠢ ᠪᠠᠬᠢ ᠬᠠᠳᠤᠨ | ᠲᠦᠷᠦ ᠶᠢᠨ ᠲᠦᠯᠦᠬᠡ ᠲᠦᠷᠦᠭᠰᠡᠨ ᠪᠡᠶ᠎ᠡ ᠮᠢᠨᠢ ᠭᠡᠷᠡᠶᠢᠳ ᠠᠶᠢᠮᠠᠭ ᠤᠨ ᠵᠠᠬ᠎ᠠ ᠬᠠᠮᠪᠤ ᠡᠴᠢᠬᠡᠳᠦ | ᠡᠷ᠎ᠡ ᠶᠢᠨ ᠲᠦᠯᠦᠬᠡ ᠡᠮᠳᠡᠷᠡᠭᠰᠡᠨ ᠵᠠᠶᠠᠭ᠎ᠠ ᠮᠢᠨᠢ ᠪᠣᠷᠵᠢᠭᠢᠨ ᠤᠳᠤᠮᠳᠦ ᠲᠤᠯᠤᠢ ᠯᠤᠭ᠎ᠠ ᠬᠤᠤᠰᠯᠠᠬᠤ | | ᠦᠷ᠎ᠡ ᠬᠡᠮᠡᠨ ᠦᠮᠦᠷᠡᠬᠦ ᠵᠢᠷᠦᠬᠡ ᠮᠢᠨᠢ ᠦᠷᠯᠦᠭ ᠬᠦᠪᠡᠭᠦᠳ ᠢ ᠭᠦᠮᠦᠵᠢᠬᠦᠯᠬᠦ ᠶᠢᠨ ᠰᠢᠯᠲᠠᠭᠠᠨ ᠪᠤᠶᠤ | ᠲᠦᠷᠦ ᠡᠷ᠎ᠡ ᠦᠷ᠎ᠡ ᠭᠤᠷᠪᠠ ᠳᠤ ᠪᠠᠨ ᠡᠭᠦᠷᠢᠳᠡ ᠶᠢᠨ ᠨᠢᠬᠡᠨ ᠰᠡᠳᠬᠢᠯ ᠢ ᠪᠠᠷᠢᠵᠤ ᠴᠢᠳᠠᠬᠰᠠᠨ | ᠭᠤᠷᠪᠠᠨ ᠲᠦᠷᠦ ᠳᠤ ᠭᠦᠴᠦ ᠪᠠᠨ ᠦᠭᠭᠦᠭᠰᠡᠨ ᠲᠤᠳᠤᠭᠠᠳᠦ ᠮᠡᠷᠭᠡᠨ ᠵᠦᠪᠯᠡᠭᠴᠢ | ᠲᠦᠷᠪᠡᠨ ᠬᠠᠭᠠᠨ ᠢ ᠲᠡᠳᠭᠦᠵᠦ ᠭᠦᠮᠦᠵᠢᠭᠦᠯᠦᠭᠰᠡᠨ ᠲᠡᠭᠷᠢᠯᠢᠭ ᠤᠬᠠᠭᠠᠨᠲᠤ ᠪᠦᠰᠡᠭᠦᠢ | ᠲᠡᠭᠷᠢ ᠶᠢᠨ ᠰᠤᠶᠤᠷᠬᠠᠯᠳᠦ ᠡᠰᠢ ᠬᠠᠳᠤᠨ ᠴᠤᠯᠠᠳᠦ | ᠲᠢᠪ ᠲᠡᠯᠡᠭᠡᠢ ᠳᠤ ᠮᠤᠩᠭᠤᠯ ᠤᠬᠠᠭᠠᠨ ᠢ ᠭᠠᠶᠢᠬᠠᠭᠤᠯᠤᠬᠰᠠᠨ | ᠰᠤᠷᠬᠠᠬᠳᠠᠨᠢ ᠪᠢ ᠪᠠᠷ ᠬᠠᠳᠤᠨ ᠰᠦᠨᠡᠰᠦ | ᠵᠡᠭᠦᠯᠳᠡ᠄ ᠰᠤᠷᠬᠠᠬᠳᠠᠨᠢ ᠪᠠᠬᠢ ᠬᠠᠳᠤᠨ ︵1192—1252 ᠤᠨ︶ ᠪᠤᠯ ᠭᠡᠷᠡᠶᠢᠳ ᠠᠶᠢᠮᠠᠭ ᠤᠨ ᠸᠠᠩ | ᠬᠠᠨ ᠲᠤᠭᠤᠷᠢᠯ ᠤᠨ ᠲᠡᠭᠦᠦ ᠵᠠᠬ᠎ᠠ ᠬᠠᠮᠪᠤ ᠶᠢᠨ ᠬᠤᠶᠠᠳᠤᠭᠠᠷ ᠦᠬᠢᠨ᠂ ᠪᠤᠬᠳᠠ ᠡᠵᠡᠨ ᠲᠠᠶᠢᠽᠦ ᠴᠢᠩᠬᠢᠰ ᠬᠠᠭᠠᠨ | ᠤ ᠲᠦᠷᠪᠡᠳᠦᠭᠡᠷ ᠭᠦᠪᠡᠬᠦᠨ ᠲᠤᠯᠤᠢ ᠡᠵᠡᠨ ᠤ ᠲᠡᠷᠢᠬᠦᠨ ᠬᠠᠳᠤᠨ ᠶᠤᠮ᠃ ᠲᠡᠷᠡ ᠪᠠᠷ ᠡᠷᠬᠢᠬᠦᠨ ︵ᠡᠾᠷᠢᠰᠲ᠋ᠤᠰ︶ | ᠱᠠᠰᠢᠨ ᠢ ᠰᠢᠳᠦᠳᠡᠭ᠂ ᠭᠤᠶᠤ ᠦᠵᠡᠰᠭᠦᠯᠡᠩ᠂ ᠰᠡᠴᠡᠨ ᠰᠡᠷᠭᠦᠯᠡᠩ ᠮᠦᠷᠳᠡᠭᠡᠨ ᠤᠬᠠᠭᠠᠨ ᠪᠤᠳᠤᠯᠭ᠎ᠠ ᠭᠦᠨ᠂ | ᠨᠠᠶᠢᠷ ᠰᠡᠳᠬᠢᠯᠬᠡ ᠵᠤᠵᠠᠭᠠᠨ᠂ ᠪᠠᠭᠳᠠᠭᠠᠮᠵᠢ ᠶᠡᠭᠡᠳᠡᠢ ᠪᠠᠶᠢᠵᠤ᠂ ᠤᠯᠠᠨ ᠲᠦᠷᠦᠯ ᠤᠨ ᠰᠤᠶᠤᠯ ᠢ ᠭᠦᠯᠢᠶᠡᠨ ᠠᠪᠴᠦ | ᠭᠡᠤᠭᠡᠳ ᠢᠶᠠᠨ ᠰᠢᠯᠢᠳᠡᠭ ᠭᠦᠮᠦᠵᠢᠭᠦᠯᠵᠡᠢ᠃ ᠲᠤᠯᠤᠢ ᠨᠤᠶᠠᠨ ᠪᠤᠯᠤᠨ ᠰᠤᠷᠬᠠᠬᠳᠠᠨᠢ ᠬᠠᠳᠤᠨ ᠠᠴᠠ ᠲᠦᠷᠪᠡᠨ | ᠬᠦᠪᠡᠬᠦᠨ ᠲᠠᠢ᠃ 1251 ᠤᠨ ᠳᠤ ᠶᠡᠭᠡ ᠭᠦᠪᠡᠬᠦᠨ ᠰᠢᠶᠠᠨᠽᠦ᠋ᠩ ᠮᠦᠩᠬᠡ ᠬᠠᠭᠠᠨ ᠨᠢ ᠮᠤᠩᠭᠤᠯ ᠬᠠᠭᠠᠨᠳᠦ | ᠤᠯᠤᠰ ᠤᠨ ᠲᠦᠷᠪᠡᠳᠡᠬᠢ ᠬᠠᠭᠠᠨ ᠢᠶᠠᠷ ᠡᠷᠭᠦᠮᠵᠢᠯᠡᠭᠳᠡᠵᠦ᠂ ᠲᠠᠷᠠᠭ᠎ᠠ ᠪᠠᠷ ᠨᠢ ᠬᠤᠶᠠᠳᠤᠭᠠᠷ ᠭᠦᠪᠡᠬᠦᠨ ᠱᠢᠽᠦ | ᠬᠤᠪᠢᠯᠠᠢ ᠰᠡᠴᠡᠨ ᠬᠠᠭᠠᠨ ᠨᠢ ᠲᠤᠮᠳᠠᠳᠦ ᠤᠷᠤᠨ ᠢ ᠨᠢᠭᠡᠳᠭᠡᠨ ᠲᠠᠶᠢᠶᠤᠸᠠᠨ ᠤᠯᠤᠰ ᠤᠨ ᠲᠠᠶᠢᠽᠦ ᠬᠠᠭᠠᠨ ᠪᠤᠯᠵᠤ | ᠂ ᠭᠤᠷᠪᠠᠳᠤᠭᠠᠷ ᠭᠦᠪᠡᠬᠦᠨ ᠦᠯᠡᠬᠦ ︵ᠭᠦᠯᠦᠭ︶ ᠨᠢ ᠢᠯ ᠬᠠᠭᠠᠨᠳᠦ ᠤᠯᠤᠰ ᠢ ᠪᠠᠶᠢᠭᠤᠯᠤᠨ ᠬᠠᠭᠠᠨ ᠰᠠᠭᠤᠵᠤ᠂ | ᠤᠳᠬᠤᠨ ᠭᠦᠪᠡᠬᠦᠨ ᠠᠷᠢᠬᠪᠤᠬ᠎ᠠ ᠨᠢ ᠮᠤᠩᠭᠤᠯ ᠨᠤᠳᠤᠭ ᠢᠶᠠᠨ ᠡᠵᠡᠯᠡᠨ ᠲᠤᠰ ᠲᠤᠰ ᠬᠠᠭᠠᠨ ᠰᠠᠭᠤᠵᠠᠢ᠃ | ᠰᠤᠷᠬᠠᠬᠳᠠᠨᠢ ᠪᠠᠬᠢ ᠬᠠᠳᠤᠨ ᠶᠡᠭᠡ ᠮᠤᠩᠭᠤᠯ ᠤᠨ ᠤᠯᠤᠰ ᠦᠨᠳᠦᠰᠦᠳᠡᠨ ᠤ ᠲᠡᠤᠭᠡᠨ ᠳᠠᠬᠢ ᠤᠯᠠᠨ ᠠᠴᠠ | ᠭᠡᠳᠦᠶᠢᠳᠦᠭᠰᠡᠨ ᠭᠡᠭᠡᠨ ᠤᠬᠠᠭᠠᠨᠳᠦ ᠭᠠᠷᠮᠠᠭᠠᠢ ᠤᠯᠤᠰ ᠲᠦᠷᠦᠴᠢ᠂ ᠠᠪᠢᠶᠠᠰᠯᠢᠭ ᠤᠳᠤᠷᠢᠳᠤᠬᠴᠢ ᠪᠠᠶᠢᠵᠤ᠂ | ᠠᠯᠳᠠᠨ ᠤᠷᠤᠭ ᠤᠨ ᠬᠠᠭᠠᠨ ᠰᠢᠷᠡᠭᠡ ᠦᠭᠡᠳᠡᠢ ᠶᠢᠨ ᠤᠬᠰᠠᠭᠠᠨ ᠤ ᠬᠢᠨ ᠠᠴᠠ ᠲᠤᠯᠤᠢ ᠶᠢᠨ ᠤᠬᠰᠠᠭᠠᠨ ᠤ ᠬᠢᠨ | ᠳᠤ ᠰᠢᠯᠵᠢᠬᠦ ᠲᠡᠤᠭᠡᠳᠦ ᠡᠷᠬᠢᠯᠳᠡ ᠶᠢ ᠠᠮᠵᠢᠯᠳᠠ ᠲᠠᠢ ᠪᠡᠶᠡᠯᠡᠭᠦᠯᠵᠡᠢ᠃ | | | | | ᠤᠤᠭᠠᠯ ᠬᠠᠶᠢᠮᠢᠰᠢ ᠬᠠᠳᠤᠨ | ᠤᠳᠤᠮᠳᠦ ᠤᠶᠢᠷᠠᠳ ᠤᠨ ᠬᠤᠳᠤᠭ᠎ᠠ ᠪᠠᠬᠢ ᠶᠢᠨ ᠬᠠᠳᠠᠨ ᠵᠤᠷᠢᠬᠳᠦ ᠦᠬᠢᠨ | ᠤᠷᠬᠢᠭᠤᠯ ᠢ ᠪᠠᠭᠤᠯᠭᠠᠨ ᠭᠦᠪᠡᠭᠦᠨ ᠢ ᠲᠡᠪᠡᠷᠢᠨ ᠲᠦᠷᠦ ᠶᠢᠨ ᠭᠡᠷᠡᠭ ᠢ ᠰᠢᠳᠭᠡᠯᠦᠭᠡ | ᠭᠠᠴᠢᠭ ᠴᠠᠭ ᠲᠤ ᠴᠠᠭᠠᠵᠠ ᠰᠤᠯᠠᠷᠠᠨ ᠲᠤᠳᠤᠭᠠᠳᠦ ᠵᠦᠷᠢᠴᠡᠯ ᠬᠤᠷᠴᠠᠳᠬᠤᠶᠠ | ᠭᠠᠰᠢᠭᠤᠨ ᠰᠡᠭᠦᠷᠡᠰᠦ ᠴᠢᠰᠦᠨ ᠨᠢᠯᠪᠤᠰᠦ ᠪᠠᠷ ᠲᠡᠤᠭᠡ ᠶᠢᠨ ᠮᠦᠷᠡᠨ ᠢ ᠪᠤᠳᠤᠬᠯᠠᠨᠠᠮ | ᠬᠠᠯᠠᠭᠤᠨ ᠵᠠᠭᠤᠷ᠎ᠠ ᠪᠠᠨ ᠡᠪᠳᠡᠷᠡᠯᠴᠡᠬᠦᠶᠡ ᠬᠠᠳᠠ ᠴᠢᠯᠠᠭᠤ ᠴᠦ ᠬᠠᠭᠠᠷᠠᠬᠤᠢ | ᠬᠠᠭᠠᠨᠳᠦ ᠤᠯᠤᠰ ᠬᠠᠭᠠᠴᠠᠬᠤᠶᠠ ᠬᠠᠭᠠᠨ ᠬᠠᠷᠠᠴᠦ ᠦᠬᠡᠢ ᠭᠠᠰᠠᠯᠬᠤᠢ | ᠤᠯᠤᠰ ᠭᠡᠷ ᠤᠨ ᠮᠠᠨᠳᠤᠯ ᠪᠠᠭᠤᠷᠠᠯ ᠳᠤ | ᠦᠵᠡᠰᠭᠦᠯᠡᠩᠳᠦ ᠪᠡᠶ᠎ᠡ ᠶᠢ ᠵᠤᠷᠢᠭᠤᠯᠵᠤ ᠶᠠᠪᠤᠬᠰᠠᠨ | ᠤᠤᠭᠠᠯ ᠬᠠᠶᠢᠮᠢᠰᠢ ᠪᠢ ᠪᠠᠷ ᠬᠠᠳᠤᠨ ᠰᠦᠨᠡᠰᠦ | | ᠵᠡᠭᠦᠯᠳᠡ᠄ ᠤᠤᠭᠠᠯ ᠬᠠᠶᠢᠮᠢᠰᠢ ᠬᠠᠳᠤᠨ ︵ ︖ —1252 ᠤᠨ︶ ᠪᠤᠯ ᠤᠢ ᠶᠢᠨ ᠢᠷᠭᠡᠳ ᠤᠶᠢᠷᠠᠳ | ᠠᠶᠢᠮᠠᠭ ᠤᠨ ᠬᠤᠳᠤᠭ᠎ᠠ ᠪᠠᠬᠢ ᠶᠢᠨ ᠦᠬᠢᠨ᠂ ᠤᠤᠭᠠᠯ ᠤᠪᠤᠭ ᠲᠠᠢ᠂ ᠶᠡᠭᠡ ᠮᠤᠩᠭᠤᠯ ᠤᠨ ᠬᠠᠭᠠᠨᠳᠦ ᠤᠯᠤᠰ ᠤᠨ | ᠳ᠋ᠢᠩᠽᠦ᠋ᠩ ᠭᠦᠶᠦᠭ ᠬᠠᠭᠠᠨ ᠤ ᠭᠤᠤᠯ ᠤᠷᠳᠤᠨ ᠤ ᠲᠡᠷᠢᠬᠦᠨ ᠬᠠᠳᠤᠨ ᠶᠤᠮ᠃ ᠭᠦᠶᠦᠭ ᠬᠠᠭᠠᠨ ᠪᠠ ᠤᠤᠭᠠᠯ | ᠬᠠᠶᠢᠮᠢᠰᠢ ᠬᠠᠳᠤᠨ ᠠᠴᠠ ᠬᠤᠴᠠ ᠤᠤᠭᠤᠯ᠂ ᠨᠠᠭᠤ ᠭᠡᠮᠡᠬᠦ ᠬᠤᠶᠠᠷ ᠭᠦᠪᠡᠬᠦᠨ ᠮᠡᠨᠳᠦᠯᠡᠪᠡ᠃ 1248 ᠤᠨ ᠳᠤ | ᠭᠦᠶᠦᠭ ᠬᠠᠭᠠᠨ ᠨᠠᠰᠦ ᠪᠠᠷᠠᠬᠰᠠᠨ ᠤ ᠲᠠᠷᠠᠭ᠎ᠠ᠂ ᠠᠯᠳᠠᠨ ᠤᠷᠤᠬᠳᠠᠨ ᠤ ᠤᠯᠠᠨ ᠭᠦᠮᠦᠰ ᠦᠭᠡᠳᠡᠢ ᠬᠠᠭᠠᠨ ᠤ | ᠵᠠᠷᠯᠢᠭ ᠶᠤᠰᠤᠭᠠᠷ ᠰᠢᠷᠡᠮᠦᠨ ᠪᠤᠯᠤᠨ ᠮᠦᠩᠬᠡ ᠶᠢᠨ ᠠᠯᠢ ᠨᠢᠬᠡᠨ ᠢ ᠰᠢᠨ᠎ᠡ ᠬᠠᠭᠠᠨ ᠢᠶᠠᠷ ᠰᠤᠩᠭᠤᠬᠤ ᠲᠤᠬᠠᠢ | ᠵᠦᠷᠢᠴᠡᠯ ᠭᠠᠷᠴᠤ ᠬᠤᠶᠠᠷ ᠪᠦᠯᠦᠭ ᠪᠤᠯᠤᠨ ᠵᠠᠳᠠᠷᠠᠵᠤ ᠬᠠᠭᠠᠨ ᠰᠠᠭᠤᠳᠠᠯ ᠡᠵᠡᠨ ᠦᠬᠡᠢ ᠪᠠᠶᠢᠬᠰᠠᠨ ᠦᠶ᠎ᠡ ᠳᠤ | ᠤᠤᠭᠠᠯ ᠬᠠᠶᠢᠮᠢᠰᠢ ᠬᠠᠳᠤᠨ ᠶᠡᠭᠡ ᠮᠤᠩᠭᠤᠯ ᠤᠯᠤᠰ ᠢ ᠵᠠᠰᠠᠬᠯᠠᠨ ᠲᠦᠷᠦ ᠶᠢᠨ ᠭᠡᠷᠡᠭ ᠢ ᠲᠦᠷᠪᠡᠨ ᠵᠢᠯ ᠵᠠᠬᠢᠷᠴᠦ | ᠪᠠᠶᠢᠬᠰᠠᠨ ᠪᠦᠬᠡᠳ ᠬᠤᠵᠢᠮ ᠨᠢ ᠠᠯᠳᠠᠨ ᠤᠷᠤᠭ ᠤᠨ ᠬᠠᠭᠠᠨ ᠰᠢᠷᠡᠭᠡᠨ ᠤ ᠲᠠᠯᠳᠠ ᠲᠡᠮᠡᠴᠡᠯ ᠲᠤᠮᠳᠠ ᠬᠠᠷᠠᠰᠠᠯᠳᠠᠢ | ᠪᠠᠷ ᠢᠯᠠᠬᠳᠠᠵᠠᠢ᠃ ᠮᠦᠩᠬᠡ ᠬᠠᠭᠠᠨ ᠤᠷᠤ ᠳᠤ ᠰᠠᠭᠤᠬᠰᠠᠨ ᠤ ᠲᠠᠷᠠᠭ᠎ᠠ᠂ ᠦᠭᠡᠳᠡᠢ ᠪᠤᠯᠤᠨ ᠴᠠᠭᠠᠳᠠᠢ ᠶᠢᠨ | ᠬᠤᠶᠢᠴᠢᠰ ᠤᠷᠪᠠᠯᠭᠠᠨ ᠭᠠᠷᠭᠠᠬᠤ ᠭᠡᠳ ᠪᠦᠳᠦᠭᠰᠡᠨ ᠦᠬᠡᠢ ᠲᠦᠪᠰᠢᠳᠭᠡᠭᠳᠡᠪᠡ᠃ ᠤᠤᠭᠠᠯ ᠬᠠᠶᠢᠮᠢᠰᠢ ᠬᠠᠳᠤᠨ | ᠳᠤ ︽ᠮᠦᠩᠬᠡ ᠬᠠᠭᠠᠨ ᠢ ᠭᠦᠨᠦᠬᠡᠬᠦ ᠪᠠᠷ ᠬᠤᠤᠪᠢᠯᠳᠤᠬᠰᠠᠨ︾ ᠭᠡᠬᠦ ᠶᠠᠯ᠎ᠠ ᠤᠨᠤᠭᠠᠨ᠂ ᠢᠰᠡᠬᠡᠢ ᠳᠤ ᠪᠤᠭᠤᠵᠤ | ᠭᠤᠤᠯ ᠳᠤ ᠬᠠᠶᠠᠨ ᠴᠠᠴᠠᠭᠠᠵᠤ ᠬᠠᠶᠠᠬᠰᠠᠨ ᠪᠠᠶᠢᠨ᠎ᠠ᠃ | |