ᠪᠤᠷᠤᠬᠴᠢᠨ ᠭᠤᠸ᠎ᠠ ᠬᠠᠳᠤᠨ | ᠨᠠᠢᠮᠠᠨ ᠵᠠᠭᠤᠨ ᠤ ᠲᠡᠷᠳᠡᠭᠡᠬᠢ ᠰᠢᠷᠠᠯᠠᠬᠰᠠᠨ ᠲᠡᠤᠭᠡ ᠶᠢ ᠤᠷᠪᠠᠭᠤᠯᠤᠨ ᠭᠦᠷᠪᠡᠭᠦᠯᠦᠨ ᠰᠢᠨᠵᠢᠨᠡᠮ | ᠨᠠᠷᠢᠨ ᠰᠢᠷᠭᠡᠭᠯᠢᠭ ᠲᠤᠷᠭᠠᠨ ᠤᠳᠠᠰᠦ ᠪᠠᠷ ᠪᠠᠯᠠᠷᠬᠠᠢ ᠨᠡᠷ᠎ᠡ ᠶᠢ ᠴᠢᠨᠢ ᠬᠠᠳᠬᠤᠮᠠᠯᠯᠠᠨ ᠤᠷᠠᠯᠠᠨᠠᠮ | ᠢᠵᠢᠯ ᠮᠦᠷᠡᠨ ᠤ ᠵᠡᠭᠦᠨᠳᠡᠬᠢ ᠠᠯᠳᠠᠨ ᠤᠷᠳᠤᠳᠤ ᠬᠤᠳᠠ ᠶᠢ ᠴᠢᠨᠢ ᠠᠯᠤᠰ ᠠᠴᠠ ᠪᠠᠷᠠᠯᠠᠨᠠᠮ | ᠢᠳᠡ ᠬᠠᠪᠤ ᠪᠠᠨ ᠭᠠᠶᠢᠬᠠᠭᠤᠯᠤᠬᠰᠠᠨ ᠴᠢᠩᠬᠢᠰ ᠤᠨ ᠬᠤᠶᠢᠴᠢᠰ ᠲᠡᠨᠳᠡᠬᠢ ᠶᠢᠨ ᠡᠵᠡᠳ ᠪᠠᠶᠢᠯᠤᠭ᠎ᠠ | ᠪᠠᠶᠢᠯᠳᠤᠨ ᠲᠠᠭᠠᠭᠤᠯᠵᠤ ᠲᠠᠶᠢᠳᠤᠨ ᠡᠵᠡᠯᠡᠬᠦ ᠢᠨᠤ ᠲᠠᠩᠭᠠᠷᠢᠭ ᠮᠡᠳᠦ ᠪᠠᠳᠦ ᠪᠦᠭᠡᠳ ᠦᠨᠡᠨ | ᠪᠠᠳᠤᠳᠠ ᠡᠷᠬᠡᠰᠢᠶᠡᠨ ᠦᠷᠦᠰᠢᠶᠡᠨ ᠨᠢᠭᠦᠯᠡᠰᠭᠦᠢ ᠢᠨᠤ ᠲᠡᠭᠷᠢ ᠶᠢᠨ ᠨᠠᠷᠠᠨ ᠮᠡᠳᠦ ᠰᠢᠳᠤᠷᠭᠤ | ᠬᠠᠮᠤᠭ ᠤᠯᠤᠰ ᠲᠠᠶᠠᠭᠠᠷ ᠤᠨ ᠭᠦᠨᠳᠦᠳᠭᠡᠯᠳᠦ ᠡᠭᠡ | ᠬᠠᠳᠤᠳ ᠡᠮᠡᠰ ᠤᠨ ᠦᠯᠢᠭᠡᠷᠯᠡᠬᠦ ᠵᠢᠱᠢᠶ᠎ᠡ | ᠪᠤᠷᠤᠬᠴᠢᠨ ᠭᠤᠸ᠎ᠠ ᠪᠢ ᠪᠠᠷ ᠬᠠᠳᠤᠨ ᠰᠦᠨᠡᠰᠦ | ᠵᠡᠭᠦᠯᠳᠡ᠄ ᠪᠤᠷᠤᠬᠴᠢᠨ ᠭᠤᠸ᠎ᠠ ᠪᠤᠯ ᠴᠢᠩᠬᠢᠰ ᠬᠠᠭᠠᠨ ᠤ ᠠᠬᠠᠮᠠᠳ ᠭᠦᠪᠡᠭᠦᠨ ᠵᠦᠴᠢ ᠶᠢᠨ ᠬᠤᠶᠠᠳᠤᠭᠠᠷ | ᠭᠦᠪᠡᠭᠦᠨ ᠪᠠᠳᠦ ᠶᠢᠨ ᠶᠡᠭᠡ ᠬᠠᠳᠤᠨ ᠪᠤᠯᠤᠨ᠎ᠠ᠃ ᠲᠡᠷᠡ ᠪᠠᠷ ᠭᠤᠶᠤ ᠭᠡᠭᠡᠨᠴᠢᠷ᠂ ᠤᠬᠠᠭᠠᠨ ᠲᠡᠭᠦᠰ ᠮᠦᠷᠳᠡᠭᠡᠨ | ᠠᠭᠤᠳᠠᠮᠴᠢ ᠪᠠᠭᠳᠠᠭᠠᠮᠵᠢᠳᠠᠢ ᠮᠡᠷᠭᠡᠨ ᠪᠤᠳᠤᠯᠭ᠎ᠠ ᠲᠠᠢ ᠪᠠᠶᠢᠵᠤ᠂ ᠪᠠᠳᠤ ᠬᠠᠭᠠᠨ ᠤ ᠲᠦᠷᠦ ᠶᠢᠨ ᠦᠢᠯᠡ ᠳᠤ | ᠰᠢᠭᠤᠳ ᠤᠷᠤᠯᠴᠠᠵᠤ᠂ ᠤᠯᠠᠨ ᠰᠠᠶᠢᠬᠠᠨ ᠤᠬᠠᠭᠠᠨ ᠪᠤᠳᠤᠯᠭ᠎ᠠ ᠡᠷᠬᠦᠵᠦ ᠬᠢᠪᠴᠠᠭ ᠬᠠᠭᠠᠨᠳᠦ ᠤᠯᠤᠰ ᠤᠨ ᠲᠦᠷᠦ | ᠶᠢᠨ ᠡᠷᠭᠡ ᠶᠢ ᠪᠠᠬᠢᠵᠢᠭᠦᠯᠵᠦ᠂ ᠤᠯᠤᠰ ᠭᠡᠷ ᠤᠨ ᠡᠩᠬᠡ ᠲᠦᠪᠰᠢᠨ ᠢ ᠪᠠᠳᠤᠯᠠᠬᠤ ᠳᠤ ᠬᠢᠯᠠᠯᠵᠠᠬᠰᠠᠨ ᠤᠯᠠ ᠮᠦᠷ | ᠢᠶᠠᠨ ᠦᠯᠡᠳᠡᠭᠡᠭᠰᠡᠨ ᠶᠤᠮ᠃ ᠪᠠᠳᠤ ᠬᠠᠭᠠᠨ ᠢ ᠨᠠᠰᠦ ᠪᠠᠷᠠᠬᠰᠠᠨ ᠤ ᠲᠠᠷᠠᠭ᠎ᠠ᠂ ᠬᠤᠶᠠᠷ ᠵᠢᠯ ᠭᠠᠷᠤᠢ ︵1256 | —1257 ᠤᠨ︶ ᠬᠢᠪᠴᠠᠭ ᠬᠠᠭᠠᠨᠳᠦ ᠤᠯᠤᠰ ᠤᠨ ᠲᠦᠷᠦ ᠶᠢᠨ ᠡᠷᠭᠡ ᠶᠢ ᠠᠳᠬᠤᠵᠤ᠂ ᠪᠠᠳᠦ ᠬᠠᠭᠠᠨ ᠤ | ᠪᠤᠳᠤᠯᠭ᠎ᠠ ᠶᠢ ᠭᠤᠶᠢᠪᠢᠰᠢ ᠦᠬᠡᠢ ᠪᠠᠷ ᠭᠡᠷᠡᠭᠵᠢᠬᠦᠯᠵᠦ ᠪᠠᠶᠢᠬᠰᠠᠨ ᠪᠦᠭᠡᠳ ᠬᠠᠭᠠᠨ ᠤᠬᠰᠠᠭᠠᠨ ᠤ ᠲᠤᠳᠤᠭᠠᠳᠦ | ᠶᠢᠨ ᠡᠪ ᠪᠦᠯᠭᠦᠮᠳᠡᠯ ᠢ ᠨᠢᠬᠳᠠᠷᠠᠭᠤᠯᠵᠤ᠂ ᠬᠠᠭᠠᠨᠳᠦ ᠲᠦᠷᠦ ᠶᠢᠨ ᠡᠷᠭᠡᠳᠦ ᠪᠠᠶᠢᠭᠤᠯᠤᠮᠵᠢ ᠪᠠᠨ ᠪᠠᠳᠤᠳᠬᠠᠨ | ᠴᠢᠩᠭᠠᠳᠬᠠᠵᠦ ᠴᠢᠳᠠᠵᠠᠢ᠃ | | ᠴᠠᠮᠪᠤᠢ ᠬᠠᠳᠤᠨ | ᠬᠤᠯᠠ ᠶᠢᠨ ᠪᠤᠳᠤᠯᠳᠦ ᠠᠯᠤᠰ ᠤᠨ ᠬᠠᠷᠠᠴᠠᠳᠦ ᠬᠤᠩᠬᠢᠷᠠᠳ ᠠᠶᠢᠮᠠᠭ ᠤᠨ ᠦᠬᠢᠨ | ᠬᠤᠪᠢᠯᠠᠢ ᠬᠠᠭᠠᠨ ᠤ ᠮᠡᠷᠭᠡᠨ ᠵᠦᠪᠯᠡᠭᠴᠢ ᠬᠤᠪᠤᠷᠬᠠᠨ ᠨᠢᠭᠡᠨ ᠡᠷᠳᠡᠨᠢ | ᠭᠡᠭᠡᠨ ᠤᠬᠠᠭᠠᠨ ᠵᠦᠢᠳᠡᠢ ᠦᠬᠡ ᠪᠠᠷ ᠬᠠᠭᠠᠨ ᠢ ᠢᠳᠬᠠᠨ ᠰᠠᠨᠠᠭᠤᠯᠵᠤ | ᠬᠠᠭᠠᠨᠳᠦ ᠲᠦᠷᠦ ᠶᠢᠨ ᠳᠡᠭᠵᠢᠬᠦ ᠢᠷᠡᠭᠡᠳᠦᠢ ᠳᠤ ᠪᠢᠯᠢᠭ ᠤᠶᠤᠨ ᠢ ᠵᠤᠷᠢᠭᠤᠯᠪᠠᠢ | ᠲᠠᠶᠢᠯᠠᠨ ᠲᠠᠭᠠᠭᠤᠯᠤᠬᠰᠠᠨ ᠭᠠᠵᠠᠷ ᠪᠦᠬᠦᠨ᠎ᠡ ᠮᠤᠩᠭᠤᠯ ᠬᠠᠳᠤᠨ ᠤ ᠤᠬᠠᠭᠠᠨ | ᠲᠠᠶᠢᠳᠦ ᠬᠤᠳᠠ ᠡᠷᠳᠡᠨ ᠤ ᠨᠡᠶᠢᠰᠯᠡᠯ ᠳᠤ ᠪᠠᠯᠠᠷᠠᠰᠢ ᠦᠬᠡᠢ ᠮᠦᠩᠭᠡ | ᠴᠠᠬᠯᠠᠰᠢ ᠦᠬᠡᠢ ᠡᠷᠳᠡᠮ ᠲᠡᠭᠦᠰ | ᠴᠠᠭ ᠢ ᠡᠵᠡᠯᠡᠭᠰᠡᠨ ᠬᠠᠭᠠᠨ ᠤ ᠬᠠᠳᠤᠨ | ᠴᠠᠮᠪᠤᠢ ᠪᠢ ᠪᠠᠷ ᠬᠠᠳᠤᠨ ᠰᠦᠨᠡᠰᠦ | | ᠵᠡᠭᠦᠯᠳᠡ᠄ ᠴᠠᠮᠪᠤᠢ ᠬᠠᠳᠤᠨ ︵1227 —1281 ᠤᠨ᠂ ᠪᠠᠰᠠ ᠴᠢᠮᠪᠠᠢ᠂ ᠴᠠᠮᠪᠢ ᠭᠡᠳᠡᠭ︶ ᠪᠤᠯ | ᠬᠤᠩᠬᠢᠷᠠᠳ ᠠᠶᠢᠮᠠᠭ ᠤᠨ ᠠᠯᠴᠤ ᠨᠤᠶᠠᠨ ᠤ ᠦᠬᠢᠨ᠂ ᠪᠤᠰᠬᠤᠯ ᠤᠪᠤᠭ ᠲᠠᠢ᠃ ᠶᠡᠭᠡ ᠶᠤᠸᠠᠨ ᠤᠯᠤᠰ ᠤᠨ | ᠱᠢᠽᠦ ᠬᠤᠪᠢᠯᠠᠢ ᠰᠡᠴᠡᠨ ᠬᠠᠭᠠᠨ ᠤ ᠭᠤᠤᠯ ᠤᠷᠳᠤᠨ ᠤ ᠲᠡᠷᠢᠬᠦᠨ ᠬᠠᠳᠤᠨ ᠪᠦᠭᠡᠳ ᠲᠤᠷᠵᠢ᠂ ᠴᠢᠩᠬᠢᠮ᠂ | ᠮᠠᠩᠭᠠᠯᠠ᠂ ᠨᠤᠮᠤᠬᠠᠨ ᠬᠡᠮᠡᠬᠦ ᠲᠦᠷᠪᠡᠨ ᠬᠠᠨ ᠬᠦᠪᠡᠬᠦᠨ ᠪᠠ ᠴᠡᠴᠡᠭᠡᠨ ᠬᠡᠮᠡᠬᠦ ᠨᠢᠬᠡ ᠭᠦᠩᠵᠦ ᠮᠡᠨᠳᠦᠯᠡᠵᠡᠢ᠃ | 1260 ᠤᠨ ᠳᠤ᠂ ᠬᠤᠪᠢᠯᠠᠢ ᠬᠠᠭᠠᠨ ᠰᠠᠭᠤᠷᠢᠨ ᠢ ᠵᠠᠯᠭᠠᠮᠵᠢᠯᠠᠵᠤ ᠤᠯᠤᠰ ᠤᠨ ᠴᠤᠯᠠ ᠪᠠᠨ ᠶᠤᠸᠠᠨ ᠬᠡᠮᠡᠨ | ᠬᠠᠯᠠᠬᠰᠠᠨ ᠤ ᠰᠡᠭᠦᠯᠡᠷ ᠴᠠᠮᠪᠤᠢ ᠬᠠᠳᠤᠨ ᠢ ᠭᠤᠤᠯ ᠬᠠᠳᠤᠨ ᠢᠶᠠᠷ ᠡᠷᠭᠦᠮᠵᠢᠯᠡᠪᠡ᠃ ᠮᠤᠩᠭᠤᠯ ᠤᠨ ᠲᠡᠤᠭᠡᠨᠡ ︽ | ᠬᠡᠬᠡᠨ ᠮᠡᠷᠭᠡᠨ ᠬᠠᠳᠤᠨ︾ ᠭᠡᠮᠡᠨ ᠭᠦᠨᠳᠦᠳᠭᠡᠭᠳᠡᠭᠨ ᠲᠡᠭᠡᠳᠦᠯᠡᠭᠳᠡᠭᠰᠡᠨ ᠴᠠᠮᠪᠤᠢ ᠬᠠᠳᠤᠨ ᠪᠠᠷ ᠲᠦᠷᠦᠯᠬᠢ ᠤᠬᠠᠭᠠᠨ | ᠰᠡᠷᠭᠦᠯᠡᠩ᠂ ᠦᠷᠦ ᠵᠦᠬᠡᠯᠡᠨ ᠦᠭᠭᠢᠶᠡᠮᠦᠷ ᠰᠡᠳᠬᠢᠯ ᠲᠠᠢ ᠰᠡᠳᠬᠢᠯᠬᠡ ᠬᠦᠨ᠂ ᠤᠷᠠᠨ ᠠᠪᠢᠶᠠᠰᠯᠢᠭ᠂ ᠠᠵᠢᠯᠴᠢ | ᠪᠤᠷᠤᠬᠵᠢᠭᠤᠨ᠂ ᠲᠦᠪ ᠭᠤᠤᠯᠴᠢ᠂ ᠠᠷᠪᠢᠴᠢ ᠭᠠᠮᠳᠠᠢ ᠵᠡᠷᠭᠡ ᠲᠡᠭᠦᠰ ᠭᠤᠸ᠎ᠠ ᠰᠢᠯᠢᠳᠡᠭ ᠰᠤᠷᠳᠠᠯ ᠢ | ᠪᠦᠷᠢᠳᠦᠭᠦᠯᠦᠭᠰᠡᠨ ᠶᠤᠮ᠃ ᠲᠡᠷᠡ ᠪᠠᠷ ᠪᠤᠳ᠋ᠳ᠋ᠾᠠ ᠶᠢᠨ ᠱᠠᠰᠢᠨ ᠳᠤ ᠮᠠᠰᠢ ᠶᠡᠭᠡ ᠰᠦᠰᠦᠭ ᠪᠢᠰᠢᠷᠡᠯ ᠲᠠᠢ ᠪᠠᠶᠢᠵᠠᠢ | ᠃ ᠤᠯᠤᠰ ᠲᠦᠷᠦ ᠶᠢᠨ ᠬᠤᠯᠠ ᠶᠢᠨ ᠬᠠᠷᠠᠴᠠ ᠲᠠᠢ ᠪᠤᠯᠬᠤᠷ ᠬᠤᠪᠢᠯᠠᠢ ᠬᠠᠭᠠᠨ ᠵᠢᠴᠢ ᠲᠦᠷᠦ ᠶᠢᠨ ᠨᠤᠶᠠᠳ | ᠲᠦᠰᠢᠮᠡᠳ ᠢ ᠶᠡᠭᠡᠭᠡᠨ ᠨᠦᠯᠦᠭᠡᠯᠡᠵᠦ᠂ ᠭᠡᠷᠡᠭ ᠤᠴᠢᠷ ᠢ ᠤᠷᠢᠳᠴᠢᠯᠠᠨ ᠵᠦᠩᠨᠡᠬᠦ ᠵᠦᠩ ᠮᠡᠳᠡᠷᠡᠮᠵᠢ ᠰᠠᠶᠢᠳᠠᠢ᠂ | ᠲᠦᠪ ᠭᠤᠤᠯᠴᠢ ᠪᠠᠷ ᠲᠠᠰᠤᠯᠤᠨ ᠰᠢᠳᠭᠡᠭᠦ ᠮᠡᠷᠭᠡᠨ ᠬᠡᠬᠡᠨ ᠦᠢᠯᠡ ᠲᠠᠢ᠂ ᠲᠦᠷᠦ ᠵᠠᠰᠠᠭ ᠤᠨ ᠦᠢᠯᠡ ᠳᠤ | ᠴᠠᠬᠯᠠᠰᠢ ᠦᠬᠡᠢ ᠤᠬᠠᠭᠠᠨ ᠪᠢᠯᠢᠭ ᠢᠶᠠᠨ ᠵᠤᠷᠢᠭᠤᠯᠵᠤ᠂ ᠶᠡᠭᠡ ᠶᠤᠸᠠᠨ ᠤᠯᠤᠰ ᠤᠨ ᠲᠤᠬᠳᠠᠭᠤᠨ ᠪᠠᠶᠢᠳᠠᠯ ᠢ | ᠬᠠᠮᠠᠭᠠᠯᠠᠬᠤ᠂ ᠶᠡᠭᠡ ᠶᠤᠸᠠᠨ ᠤᠯᠤᠰ ᠤᠨ ᠴᠡᠴᠡᠭᠯᠡᠨ ᠭᠦᠭᠵᠢᠯᠳᠡ ᠶᠢ ᠪᠡᠶᠡᠯᠡᠭᠦᠯᠬᠦ ᠳᠤ ᠠᠰᠤᠷᠦ ᠶᠡᠭᠡ ᠭᠠᠪᠢᠶ᠎ᠠ | ᠵᠢᠳᠭᠦᠯ ᠦᠵᠡᠭᠦᠯᠦᠨ ᠦᠶ᠎ᠡ ᠦᠶ᠎ᠡ ᠶᠢᠨ ᠭᠦᠮᠦᠰ ᠤᠨ ᠲᠠᠭᠤᠷᠢᠶᠠᠯ ᠪᠤᠯᠤᠬᠰᠠᠨ ᠪᠢᠯᠡ᠃ | | | |