ᠬᠠᠳᠤᠨ ᠰᠦᠨᠡᠰᠦ᠂ ᠲᠦᠷᠪᠡᠳᠤᠭᠡᠷ ᠪᠦᠯᠦᠭ᠂ ᠲᠦᠷᠪᠡᠳᠤᠭᠡᠷ  ᠭᠡᠰᠡᠭ
ᠨᠡᠶᠢᠲᠡᠯᠡᠭᠰᠡᠨ ᠴᠠᠭ᠄
2020-06-17
ᠲᠤᠯᠤᠨᠪᠠᠢ ᠪᠠᠬᠢ ᠠᠹᠠᠷᠢᠺᠠ ᠲᠢᠪ ᠤᠨ ᠤᠮᠠᠷᠠᠳᠦ ᠬᠤᠶᠢᠭ ᠲᠡᠭᠡᠷ᠎ᠡ ᠡᠷᠳᠡᠨ ᠤ ᠰᠤᠶᠤᠯ ᠮᠡᠨᠳᠦᠯᠡᠭᠰᠡᠨ ᠬᠡᠨᠡᠮᠠᠯᠳᠠᠨ ᠤᠷᠳᠤᠳᠦ ᠬᠠᠭᠠᠨᠳᠦ ᠤᠯᠤᠰ ᠠᠴᠠ ᠪᠠᠨ ᠬᠠᠭᠠᠨ ᠤ ᠭᠦᠩᠵᠦ ᠪᠢ ᠮᠤᠷᠳᠠᠨᠠᠮᠠᠯᠤᠰ ᠤᠨ ᠪᠤᠳᠤᠯᠭ᠎ᠠ ᠬᠤᠯᠠ ᠶᠢᠨ ᠵᠤᠷᠢᠯᠳᠠ ᠪᠠᠷ ᠤᠯᠤᠰ ᠲᠦᠷᠦ ᠶᠢᠨ ᠤᠷᠤᠭ ᠢ ᠰᠤᠩᠭᠤᠵᠤᠠᠮᠢᠳᠤᠷᠠᠯ ᠬᠠᠶᠢᠷ᠎ᠠ ᠢᠨᠠᠭ ᠲᠤᠷᠠᠯᠠᠯ ᠢᠶᠠᠷ ᠢᠶᠠᠨ ᠡᠩᠬᠡ ᠲᠠᠶᠢᠪᠤᠩ ᠢ ᠵᠤᠯᠢᠶᠠᠰᠤᠯᠠᠨᠠᠮᠠᠯᠳᠠᠨ ᠶᠠᠰᠤᠨ ᠤ ᠭᠡᠯᠳᠡᠷᠭᠡᠢ ᠪᠠᠷ ᠮᠠᠮᠠᠯᠠᠭ ᠤᠨ ᠰᠦᠯᠲ᠋ᠠᠨ ᠤ ᠬᠢᠨ ᠳᠤ ᠤᠳᠬ᠎ᠠ ᠲᠡᠭᠦᠰᠭᠡᠵᠦᠠᠯᠠᠭ ᠮᠢᠬᠠᠨ ᠤ ᠲᠠᠰᠤᠷᠬᠠᠢ ᠪᠠᠷ ᠠᠮᠢ ᠨᠠᠰᠤᠨ ᠤ ᠤᠶᠠᠩᠭ᠎ᠠ ᠶᠢ ᠲᠠᠭᠤᠷᠢᠰᠬᠠᠨᠠᠮ ᠠᠽᠢᠶ᠎ᠠ ᠠᠪᠠᠷᠢᠺᠠ ᠶᠢᠨ ᠲᠤᠮᠳᠠ ᠨᠦᠭᠦᠷᠰᠡᠭ ᠭᠠᠩᠨᠠᠭᠠᠰᠤ ᠪᠤᠯᠵᠤ ᠠᠷᠢᠭᠤᠨ ᠦᠬᠢᠳ ᠤᠨ ᠴᠢᠨᠠᠷ ᠢ ᠠᠯᠤᠰ ᠤᠨ ᠴᠢᠭ ᠲᠤ ᠲᠡᠮᠳᠡᠭᠯᠡᠭᠰᠡᠨ ᠲᠤᠯᠤᠨᠪᠠᠢ ᠪᠢ ᠪᠠᠷ ᠬᠠᠳᠤᠨ ᠰᠦᠨᠡᠰᠦ ᠵᠡᠭᠦᠯᠳᠡ᠄ ᠠᠯᠳᠠᠨ ᠤᠷᠳᠤᠨ ᠤ ᠶᠡᠭᠡ ᠮᠤᠩᠭᠤᠯ ᠤᠯᠤᠰ ᠤᠨ ᠠᠷᠪᠠᠳᠤᠭᠠᠷ ᠦᠶ᠎ᠡ ᠶᠢᠨ ᠬᠠᠭᠠᠨ ᠦᠰᠪᠠᠬᠢ ︵︽ᠦᠪᠡᠷ ᠤᠨ ᠡᠵᠡᠨ︾ ᠭᠡᠳᠡᠭ ᠡᠷᠳᠡᠨ ᠤ ᠮᠤᠩᠭᠤᠯ ᠦᠬᠡ︶ ᠪᠤᠯ ᠴᠢᠩᠬᠢᠰ ᠬᠠᠭᠠᠨ ᠤ ᠤᠤᠭᠠᠨ ᠭᠦᠪᠡᠭᠦᠨ ᠵᠦᠴᠢ ᠎ ᠶᠢᠨ ᠬᠤᠶᠢᠴᠢᠰ ᠪᠤᠯᠤᠨ᠎ᠠ᠃ ᠲᠤᠯᠤᠨᠪᠠᠢ ᠪᠤᠯ ᠦᠰᠪᠠᠬᠢ ᠬᠠᠭᠠᠨ ᠤ ᠦᠬᠢᠨ᠃ ᠲᠤᠯᠤᠨᠪᠠᠢ ᠪᠠᠬᠢ 1320 ᠤᠨ ᠎ ᠳᠤ᠂ ᠤᠯᠤᠰ ᠲᠦᠷᠦ ᠶᠢᠨ ᠤᠷᠤᠭ ᠪᠠᠷᠢᠯᠳᠤᠯᠭ᠎ᠠ ᠪᠠᠷ ᠶᠧᠵᠢᠫᠲ ᠤᠨ ᠮᠠᠮᠠᠯᠠᠭ ᠬᠠᠭᠠᠨᠳᠦ ᠤᠯᠤᠰ ᠤᠨ ᠡᠵᠡᠨ ᠰᠦᠯᠲ᠋ᠠᠨ ᠨᠠᠰᠢᠷ ᠲᠤ ᠮᠤᠷᠳᠠᠵᠤ᠂ ᠤᠴᠢᠷ ᠪᠢᠳᠡᠭᠦᠯᠢᠭ ᠰᠢᠯᠳᠠᠭᠠᠨ ᠢᠶᠠᠷ ᠲᠡᠤᠭᠡᠨ᠎ᠡ ᠲᠤᠳᠤᠷᠠᠭ᠎ᠠ ᠦᠬᠡᠢ ᠴᠠᠭ ᠲᠤ ᠠᠯᠳᠠᠨ ᠠᠮᠢ ᠠᠷᠢᠭᠤᠨ ᠨᠠᠰᠦ ᠪᠠᠨ ᠠᠯᠤᠰ ᠭᠠᠵᠠᠷ ᠮᠦᠩᠭᠡᠯᠡᠵᠡᠢ᠃       ᠶᠢᠰᠦᠯᠦᠨ ᠬᠠᠳᠤᠨᠴᠠᠬᠢᠯᠤᠨ ᠤᠳᠤᠬᠰᠠᠨ ᠴᠠᠭ ᠤᠨ ᠦᠯᠢᠭᠡᠷ ᠢ ᠴᠢᠮᠡᠭᠡ ᠦᠬᠡᠶᠢᠬᠡᠨ ᠠᠷᠭᠠᠳᠠᠨᠠᠮᠴᠡᠴᠡᠨ ᠨᠢᠳᠦᠨ ᠤ ᠴᠢᠨᠢ ᠲᠤᠩᠭᠠᠯᠠᠭ ᠤᠬᠠᠭᠠᠨ ᠢ ᠴᠠᠭᠠᠨ ᠰᠦ ᠮᠡᠳᠦ ᠬᠦᠭᠦᠨᠡᠮᠴᠡᠴᠡᠭᠯᠡᠵᠦ ᠦᠩᠭᠡᠷᠡᠭᠰᠡᠨ ᠲᠡᠤᠭᠡ ᠶᠢᠨ ᠬᠦᠯᠢᠶᠡᠰᠦ ᠶᠢ ᠠᠶᠠᠷ ᠠᠶᠠᠷᠬᠠᠨ ᠠᠯᠳᠠᠷᠭᠠᠨᠠᠮᠴᠠᠭᠠᠳᠠᠢ ᠳᠤ ᠬᠤᠤᠰᠯᠠᠬᠤ ᠲᠡᠯᠭᠡᠷᠡᠩᠭᠦᠢ ᠰᠠᠶᠢᠬᠠᠨ ᠡᠭᠡ ᠲᠠᠬᠢᠨᠢ ᠶᠢ ᠱᠤᠬᠤᠭᠤᠷᠬᠠᠨᠠᠮᠴᠡᠴᠡᠭ ᠰᠢᠪᠠᠭᠤᠨ ᠤ ᠨᠡᠭᠦᠳᠡᠯ ᠤᠨ ᠲᠤᠮᠳᠠ ᠦᠩᠭᠡᠷᠡᠭᠰᠡᠨ ᠪᠦᠬᠦᠨ ᠬᠠᠭᠤᠴᠢᠨ ᠴᠦᠴᠢᠮᠠᠢᠢ ᠤᠩᠰᠢᠭᠠᠳ ᠦᠪᠡᠷ ᠢ ᠪᠠᠨ ᠲᠠᠨᠢᠬᠤ ᠮᠢᠨᠦ ᠵᠢᠷᠦᠬᠡ ᠰᠢᠪ ᠰᠢᠨᠡᠭᠡᠨ ᠠᠪᠴᠢᠨ ᠠᠭᠰᠢᠬᠤ ᠠᠯᠤᠰ ᠬᠤᠯᠠ ᠶᠢᠨ ᠲᠡᠷᠡ ᠤᠬᠠᠬᠳᠠᠬᠤᠨ ᠵᠢᠵᠢᠭᠷᠡᠨ ᠵᠢᠵᠢᠭᠷᠡᠭᠰᠡᠭᠡᠷ ᠠᠪᠰᠠᠷᠬᠠᠨ ᠬᠤᠶᠠᠷ ᠦᠬᠦᠯᠡᠪᠦᠷᠢ ᠶᠢᠰᠦᠯᠦᠨ ᠪᠢ ᠪᠠᠷ ᠬᠠᠳᠤᠨ ᠰᠦᠨᠡᠰᠦ ᠵᠡᠭᠦᠯᠳᠡ᠄ ᠶᠢᠰᠦᠯᠦᠨ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠲᠤᠮᠳᠠ ᠦᠶ᠎ᠡ ᠠᠴᠠ ᠰᠡᠭᠦᠯᠴᠢ ᠶᠢᠨ ᠦᠶ᠎ᠡ ᠪᠤᠯᠳᠠᠯ᠎ᠠ ᠠᠮᠢᠳᠤᠷᠠᠵᠤ ᠪᠠᠶᠢᠵᠠᠢ︶ ᠪᠤᠯ ᠴᠠᠭᠠᠳᠠᠢ ᠬᠠᠨ ᠤ ᠲᠡᠷᠢᠬᠦᠨ ᠬᠠᠳᠤᠨ᠂ ᠬᠤᠩᠬᠢᠷᠠᠳ ᠠᠶᠢᠮᠠᠭ ᠤᠨ ᠠᠬᠠᠯᠠᠬᠴᠢ ᠲᠠᠷᠢᠳᠠᠢ ᠶᠢᠨ ᠠᠴᠢ ᠬᠠᠳᠠ ᠨᠤᠶᠠᠨ ᠤ ᠦᠬᠢᠨ ᠶᠤᠮ᠃ ᠴᠠᠭᠠᠳᠠᠢ ᠬᠠᠨ ᠪᠤᠯᠤᠨ ᠶᠢᠰᠦᠯᠦᠨ ᠬᠠᠳᠤᠨ ᠎ ᠠᠴᠠ ᠮᠤᠳᠤᠭᠠᠨ ᠭᠡᠮᠡᠬᠦ ᠭᠦᠪᠡᠬᠦᠨ ᠲᠥᠷᠥᠵᠦ᠂ ᠴᠢᠩᠬᠢᠰ ᠬᠠᠭᠠᠨ ᠲᠡᠷᠡ ᠭᠦᠪᠡᠬᠦᠨ ᠳᠤ ᠮᠠᠰᠢ ᠶᠡᠭᠡ ᠬᠠᠶᠢᠷᠠᠳᠠᠢ ᠪᠠᠶᠢᠭᠰᠠᠨ ᠭᠡᠳᠡᠭ᠃ ᠬᠤᠷᠽᠧᠮ ᠢ ᠲᠠᠶᠢᠯᠠᠬᠤ ᠲᠠᠶᠢᠨ ᠳᠤ ᠪᠡᠶ᠎ᠡ ᠠᠳᠡᠵᠡᠢ᠃ ᠴᠠᠭᠠᠳᠠᠢ ᠬᠠᠨ ᠢ ᠨᠠᠰᠦ ᠪᠠᠷᠠᠬᠰᠠᠨ ᠤ ᠲᠠᠷᠠᠭ᠎ᠠ ᠶᠢᠰᠦᠯᠦᠨ ᠬᠠᠳᠤᠨ ᠪᠠᠷ ᠬᠠᠭᠠᠨᠳᠦ ᠤᠯᠤᠰ ᠤᠨ ᠢᠶᠠᠨ ᠵᠠᠰᠠᠭ ᠲᠦᠷᠦ ᠶᠢ ᠴᠢᠳᠠᠮᠠᠭᠠᠢ ᠤᠳᠤᠷᠢᠳᠤᠨ ᠶᠠᠪᠤᠭᠤᠯᠵᠤ᠂ ᠴᠠᠭᠠᠳᠠᠢ ᠬᠠᠨᠯᠢᠭ ᠤᠯᠤᠰ ᠤᠨ ᠲᠡᠤᠭᠡᠨ ᠳᠠᠬᠢ ᠲᠦᠷᠦ ᠶᠢᠨ ᠡᠷᠭᠡ ᠪᠠᠷᠢᠬᠴᠢ ᠠᠩᠬᠠᠨ ᠤ ᠪᠦᠰᠡᠭᠦᠢ ᠪᠤᠯᠤᠬᠰᠠᠨ ᠶᠤᠮ᠃                  
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号