ᠴᠡᠴᠡᠶᠢᠬᠡᠨ ᠪᠠᠬᠢ | ᠦᠬᠢᠨ ᠭᠦᠮᠦᠨ ᠤ ᠵᠠᠶᠠᠭ᠎ᠠ ᠶᠢ ᠬᠢᠴᠢᠶᠡᠩᠭᠦᠶᠢᠯᠡᠨ ᠤᠶᠢᠷᠠᠳ ᠤᠨ ᠲᠤᠷᠠᠯᠴᠢ ᠳᠤ ᠮᠤᠷᠳᠠᠵᠤ | ᠤᠨᠴᠠᠭᠠᠢ ᠪᠠᠶᠢᠷᠢ ᠡᠵᠡᠨ ᠭᠦᠮᠦᠨ ᠤ ᠶᠤᠰᠤᠭᠠᠷ ᠬᠠᠳᠠᠮ ᠤᠨ ᠭᠠᠵᠠᠷ᠎ᠠ ᠡᠷᠬᠢᠮᠰᠦᠭ | ᠡᠷᠳᠡ ᠪᠤᠰᠴᠦ ᠤᠷᠤᠢ ᠤᠨᠳᠠᠵᠤ ᠡᠴᠢᠬᠡ ᠶᠢᠨ ᠵᠠᠬᠢᠶ᠎ᠠ ᠶᠢ ᠢᠮᠠᠬᠳᠠ ᠲᠡᠭᠡᠵᠢᠯᠡᠨ | ᠡᠳᠦᠷ ᠴᠦ ᠰᠦᠨᠢ ᠴᠦ ᠨᠢᠬᠡᠨ ᠰᠡᠳᠬᠢᠯ ᠢᠶᠠᠷ ᠡᠭᠡ ᠶᠢᠨ ᠰᠤᠷᠭᠠᠯ ᠢ ᠬᠢᠴᠢᠶᠡᠩᠭᠦᠶᠢᠯᠡᠪᠡᠢ | ᠤᠮᠠᠷᠠᠳᠦ ᠲᠢᠪ ᠤᠨ ᠪᠦᠰᠡ ᠵᠦᠭ ᠰᠤᠩᠭᠠᠬᠰᠠᠨ ᠲᠤᠷᠭᠠᠨ ᠤ ᠵᠠᠮ ᠢ ᠨᠡᠭᠡᠭᠡᠭᠳᠡᠭᠦᠯᠵᠦ | ᠤᠷᠤᠭᠤᠯ ᠰᠢᠳᠦᠨ ᠰᠢᠭ ᠤᠷᠤᠭ ᠤᠨ ᠪᠠᠷᠢᠯᠳᠤᠯᠭ᠎ᠠ ᠪᠠᠷ ᠤᠯᠤᠰ ᠭᠦᠷᠦᠨ ᠢᠶᠠᠨ ᠪᠠᠬᠢᠵᠢᠭᠦᠯᠪᠡᠢ | ᠭᠡᠯᠡᠬᠦ ᠦᠴᠢᠬᠦ ᠦᠬᠡ ᠪᠠᠷ ᠤᠬᠠᠭᠠᠨ ᠤ ᠴᠠᠷᠠᠭ᠎ᠠ ᠪᠠᠨ ᠭᠠᠶᠢᠬᠠᠭᠤᠯᠵᠤ | ᠬᠢᠬᠦ ᠦᠢᠯᠡᠳᠬᠦ ᠲᠦᠷᠢᠮ ᠢᠶᠠᠷ ᠰᠤᠷᠳᠠᠯ ᠤᠨ ᠰᠠᠶᠢᠬᠠᠨ ᠢ ᠲᠡᠯᠭᠡᠷᠡᠭᠦᠯᠪᠡᠢ | ᠴᠡᠴᠡᠶᠢᠬᠡᠨ ᠪᠠᠬᠢ ᠪᠢ ᠪᠠᠷ ᠬᠠᠳᠤᠨ ᠰᠦᠨᠡᠰᠦ | | | ᠵᠡᠭᠦᠯᠳᠡ᠄ ᠴᠡᠴᠡᠶᠢᠬᠡᠨ ᠪᠤᠯ ᠴᠢᠩᠬᠢᠰ ᠬᠠᠭᠠᠨ ᠪᠤᠯᠤᠨ ᠪᠦᠷᠳᠡ ᠬᠠᠳᠤᠨ ᠤ ᠬᠤᠶᠠᠳᠤᠭᠠᠷ ᠦᠬᠢᠨ᠃ ᠤᠶᠢᠷᠠᠳ | ᠠᠶᠢᠮᠠᠭ ᠤᠨ ᠬᠤᠳᠤᠭ᠎ᠠ ᠪᠠᠬᠢ ᠶᠢᠨ ᠭᠦᠪᠡᠬᠦᠨ ᠢᠨᠠᠯᠴᠢ ᠲᠠᠢ ᠭᠡᠷᠯᠡᠪᠡ᠃ ᠬᠤᠶᠢᠳᠦ ᠵᠦᠭ ᠤᠨ ᠠᠯᠤᠰ ᠬᠤᠯᠠ | ᠶᠡᠭᠡ ᠲᠠᠶᠢᠭ᠎ᠠ ᠳᠤ ᠠᠮᠢᠳᠤᠷᠠᠳᠠᠭ ᠤᠢ ᠶᠢᠨ ᠢᠷᠭᠡᠳ ︵ᠤᠶᠢᠷᠠᠳ︶ ᠪᠤᠯ ︽ᠲᠤᠷᠭᠠᠨ ᠵᠠᠮ︾ ᠤᠨ ᠴᠢᠬᠤᠯᠠ | ᠨᠢᠬᠡᠨ ᠪᠤᠭᠤᠮᠳᠠ ᠪᠠᠶᠢᠵᠤ ᠵᠡᠷᠯᠢᠭ ᠠᠮᠢᠳᠠᠨ᠂ ᠠᠩ ᠤᠨ ᠠᠷᠠᠰᠦ ᠨᠤᠤᠰᠦ᠂ ᠬᠤᠪᠤᠷ ᠦᠨᠡᠳᠦ ᠡᠮ ᠤᠨ ᠮᠠᠲ᠋ᠧᠷᠢᠶᠠᠯ | ᠵᠡᠷᠭᠡ ᠡᠳ᠋ ᠪᠠᠷᠠᠭᠠᠨ ᠤ ᠠᠷᠠᠯᠵᠢᠶ᠎ᠠ ᠬᠤᠳᠠᠯᠳᠤᠭ᠎ᠠ ᠵᠢᠴᠢ ᠱᠠᠰᠢᠨ ᠰᠤᠷᠳᠠᠬᠤᠨ᠂ ᠰᠤᠶᠤᠯ ᠰᠤᠯᠢᠯᠴᠠᠭ᠎ᠠ᠂ ᠤᠯᠠᠭ᠎ᠠ | ᠦᠷᠳᠡᠭᠡ᠂ ᠮᠦᠩᠬᠦᠨ ᠭᠦᠢᠯᠬᠡᠬᠡᠨ ᠤ ᠴᠢᠬᠤᠯᠠ ᠭᠦᠢᠰᠦ ᠪᠤᠯᠵᠤ ᠪᠠᠶᠢᠵᠠᠢ᠃ ᠤᠯᠤᠰ ᠲᠦᠷᠦ ᠶᠢᠨ ᠦᠩᠬᠡ ᠪᠤᠳᠤᠭ | ᠪᠦᠬᠦᠢ ᠤᠷᠤᠭ ᠰᠠᠳᠤᠨ ᠤ ᠦᠯᠵᠡᠶᠢᠳᠦ ᠪᠠᠷᠢᠯᠳᠤᠯᠭ᠎ᠠ ᠪᠠᠷ ᠲᠤᠩᠭᠠᠯᠠᠭ ᠤᠬᠠᠭᠠᠨᠳᠦ ᠴᠡᠴᠡᠶᠢᠬᠡᠨ ᠪᠠᠬᠢ ᠪᠠᠷ ︽ | ᠬᠠᠭᠠᠨ ᠡᠴᠢᠬᠡ ᠶᠢᠨ ᠦᠬᠢᠨ ᠪᠤᠯᠬᠤᠷ ᠴᠢᠮᠠᠢᠢ ᠤᠶᠢᠷᠠᠳ ᠠᠶᠢᠮᠠᠭ ᠤᠨ ᠠᠷᠠᠳ ᠢᠷᠭᠡᠳ ᠢ ᠤᠳᠤᠷᠢᠳ ᠬᠡᠮᠡᠨ | ᠶᠠᠪᠤᠭᠤᠯᠵᠤ ᠪᠠᠶᠢᠨ᠎ᠠ︾ ᠭᠡᠮᠡᠭᠰᠡᠨ ᠡᠴᠢᠬᠡ ᠬᠠᠭᠠᠨ ᠤ ᠪᠠᠨ ᠵᠠᠷᠯᠢᠭ ᠶᠤᠰᠤᠭᠠᠷ ᠤᠶᠢᠷᠠᠳ ᠲᠦᠮᠡᠨ ᠢ ᠵᠠᠬᠢᠷᠤᠨ | ᠲᠤᠳᠤᠮᠳᠠᠵᠤ᠂ ᠬᠢᠯᠢ ᠬᠢᠵᠠᠭᠠᠷ ᠢᠶᠠᠨ ᠪᠠᠬᠢᠵᠢᠬᠦᠯᠦᠨ ᠬᠠᠮᠠᠭᠠᠯᠠᠵᠤ ᠪᠠᠶᠢᠵᠠᠢ᠃ | | | ᠲᠤᠯᠢ ᠪᠠᠬᠢ | ᠴᠠᠰᠦᠳᠦ ᠶᠢᠨ ᠦᠨᠳᠦᠷᠯᠢᠭ ᠤᠨ ᠬᠠᠷᠯᠤᠭ ᠤᠯᠤᠰ ᠲᠤ ᠬᠠᠨ ᠰᠠᠭᠤᠳᠠᠯᠳᠦ ᠲᠦᠷᠦ ᠶᠢᠨ ᠦᠬᠢᠨ | ᠴᠢᠪᠬᠠᠳᠠᠰᠦᠳᠦ ᠭᠦᠭᠵᠢᠮ ᠢᠶᠠᠨ ᠨᠢᠭᠡᠨᠳᠡ ᠲᠤᠬᠯᠠᠬᠤᠶᠠ ᠲᠡᠭᠷᠢ ᠶᠢᠨ ᠭᠦᠭᠵᠢᠮ ᠮᠡᠳᠦ ᠤᠪᠠᠳᠢᠰ ᠲᠠᠢ | ᠰᠠᠪᠬᠠᠨ ᠴᠠᠭᠠᠨ ᠬᠤᠷᠤᠭᠤᠳ ᠠᠴᠠ ᠨᠢ ᠬᠠᠳᠤᠨ ᠤᠬᠠᠭᠠᠨ ᠤ ᠭᠦᠭ ᠠᠶᠠᠰ ᠤᠶᠠᠩᠭᠠᠷᠠᠨ | ᠰᠦᠷ ᠲᠠᠯᠠᠶᠢᠴᠠᠳᠦ ᠨᠠᠶᠢᠷᠠᠯ ᠭᠦᠭᠵᠢᠮ ᠢᠶᠠᠷ ᠮᠤᠩᠭᠤᠯ ᠤᠨ ᠶᠡᠭᠡ ᠨᠢᠭᠡᠳᠦᠯ ᠢ ᠡᠭᠡᠰᠢᠭᠯᠡᠨᠡᠮ | ᠠᠷᠰᠯᠠᠨ ᠰᠠᠷᠢᠳᠠᠭ ᠲᠠᠢ ᠭᠦᠷᠭᠡᠨ ᠬᠠᠨ ᠬᠦᠦ ᠠᠯᠳᠠᠨ ᠭᠤᠷᠬᠢᠨ ᠠᠴᠠ ᠠᠷᠭᠠᠮᠵᠢᠶ᠎ᠠ ᠲᠠᠢ | ᠠᠷᠢᠭᠤᠨ ᠴᠢᠰᠦ ᠠᠯᠳᠠᠨ ᠠᠮᠢ ᠪᠠᠨ ᠮᠤᠩᠭᠤᠯ ᠤᠨ ᠶᠡᠭᠡ ᠬᠠᠭᠠᠨ ᠳᠤ ᠵᠤᠯᠢᠶᠠᠰᠤᠯᠠᠪᠠᠢ | ᠭᠦᠴᠦᠷᠭᠡᠭ ᠲᠠᠶᠢᠴᠢᠨ ᠠᠷᠭ᠎ᠠ ᠴᠢᠨᠠᠷ ᠲᠤ ᠬᠤᠤᠰᠯᠠᠬᠤ | ᠨᠢᠭᠤᠴᠠᠯᠢᠭ ᠲᠠᠯᠳᠠ ᠪᠢᠯᠢᠭ ᠴᠢᠨᠠᠷ ᠤᠨ ᠭᠦᠴᠦᠨ | ᠲᠤᠯᠢ ᠪᠠᠬᠢ ᠪᠢ ᠪᠠᠷ ᠬᠠᠳᠤᠨ ᠰᠦᠨᠡᠰᠦ | ᠵᠡᠭᠦᠯᠳᠡ᠄ 1211 ᠤᠨ ᠳᠤ᠂ ᠴᠢᠩᠬᠢᠰ ᠬᠠᠭᠠᠨ ᠤ ᠲᠦᠷᠪᠡᠨ ᠨᠤᠬᠠᠢ ᠶᠢᠨ ᠨᠢᠭᠡ ᠪᠤᠯᠬᠤ ᠬᠤᠪᠢᠯᠠᠢ ᠨᠤᠶᠠᠨ᠂ | ᠬᠠᠷᠯᠤᠭ ᠤᠳ ᠢ ᠲᠠᠶᠢᠯᠠᠬᠤ ᠳᠤ ᠬᠠᠷᠯᠤᠭ ᠤᠨ ᠠᠷᠰᠯᠠᠨ ᠬᠠᠭᠠᠨ ᠴᠢᠩᠬᠢᠰ ᠬᠠᠭᠠᠨ ᠳᠤ ᠪᠠᠶᠢᠯᠳᠤᠭᠰᠠᠨ ᠦᠭᠡᠢ ᠪᠠᠷ | ᠡᠶᠡᠳᠡᠨ ᠲᠠᠭᠠᠬᠰᠠᠨ ᠳᠤ ᠴᠢᠩᠬᠢᠰ ᠬᠠᠭᠠᠨ ᠮᠠᠰᠢᠳᠠ ᠪᠠᠶᠠᠰᠤᠨ ︽ᠦᠬᠢᠨ ᠢᠶᠠᠨ ᠦᠭᠬᠦᠶ᠎ᠡ︾ ᠭᠡᠵᠦ ᠵᠠᠷᠯᠢᠭ | ᠪᠤᠯᠤᠭᠠᠳ ᠦᠬᠢᠨ ᠲᠤᠯᠢ ︵ᠲᠤᠯᠠᠢ︶ ᠪᠠᠨ ᠬᠠᠷᠯᠤᠭ ᠲᠤ ᠪᠤᠭᠳᠤᠯᠠᠵᠦ ᠮᠤᠷᠳᠠᠭᠤᠯᠤᠭᠰᠠᠨ ᠪᠠᠶᠢᠨ᠎ᠠ᠃ ᠬᠦᠷᠭᠡᠨ | ᠬᠠᠨ ᠬᠦᠦ ᠠᠷᠰᠯᠠᠨ ᠠᠨᠤ ᠪᠠᠭᠠᠳᠤᠷᠯᠢᠭ ᠦᠢᠯᠡ᠂ ᠠᠷᠢᠭᠤᠨ ᠴᠢᠰᠤ ᠠᠯᠳᠠᠨ ᠠᠮᠢ ᠪᠠᠨ ᠲᠠᠶᠢᠨ ᠪᠠᠶᠢᠯᠳᠤᠭᠠᠨ ᠳᠤ | ᠡᠷᠭᠦᠭᠰᠡᠨ ᠳᠤ᠂ ᠲᠤᠯᠢ ᠪᠠᠬᠢ ᠬᠠᠷᠯᠤᠭ ᠤᠯᠤᠰ ᠢ ᠡᠵᠡᠯᠡᠨ ᠬᠠᠮᠢᠶᠠᠷᠬᠤ ᠶᠢᠨ ᠲᠦᠯᠦᠭᠡ᠂ ᠬᠦᠪᠡᠬᠦᠨ ᠶᠢᠰᠠᠪᠤᠬᠠ | ᠲᠠᠢ ᠨᠢ ᠵᠠᠯᠭᠠᠵᠦ ᠰᠠᠭᠤᠭᠠᠳ ᠶᠡᠭᠡ ᠮᠤᠩᠭᠤᠯ ᠤᠯᠤᠰ ᠤᠨ ᠨᠢᠭᠡᠳᠦᠯ ᠳᠤ ᠭᠠᠪᠢᠶ᠎ᠠ ᠵᠢᠳᠭᠦᠯ ᠢᠶᠠᠨ ᠦᠵᠡᠭᠦᠯᠵᠡᠢ᠃ | | | |