ᠲᠦᠷᠪᠡᠳᠦᠭᠡᠷ ᠪᠦᠯᠦᠭ | ᠬᠠᠭᠤᠷᠮᠠᠴᠢ ᠨᠤᠮᠯᠠᠯ ᠰᠢᠭ᠋ ᠲᠠᠭᠤᠯᠠᠬᠰᠠᠳ ᠤᠨ ᠲᠡᠤᠭᠡᠨ ᠲᠤᠮᠳᠠ ᠲᠤᠭᠤᠢ ᠤᠳᠠᠭᠠᠨ ᠭᠡᠪᠳᠡᠯ᠎ᠡ ᠪᠢ | ᠬᠠᠭᠤᠴᠢᠷᠠᠬᠰᠠᠨ ᠨᠡᠭᠡᠢ ᠰᠢᠭ ᠪᠠᠯᠠᠷᠯᠢᠭ ᠵᠡᠭᠦᠳᠦᠨ ᠠᠴᠠ ᠪᠠᠨ ᠤᠳᠤ ᠯᠡ ᠨᠢᠭᠡ ᠰᠡᠷᠡᠮᠡᠷ | ᠬᠤᠯᠤ ᠲᠠᠢ ᠠᠶᠢᠷᠠᠭ ᠮᠡᠳᠦ ᠴᠠᠯᠬᠢᠯᠠᠨ ᠠᠰᠬᠠᠷᠠᠬᠤ ᠪᠠᠶᠠᠷ ᠭᠤᠨᠢᠭ ᠶᠤᠭᠠᠨ ᠬᠡᠮᠨᠡᠭᠡᠳ | ᠬᠤᠷᠢᠵᠤ ᠠᠮᠵᠢᠭ᠎ᠠ ᠦᠬᠡᠢ ᠰᠢᠯᠦᠭ ᠤᠨ ᠮᠦᠷᠳᠦ ᠳᠤ ᠭᠦᠷᠦᠩᠬᠡ ᠪᠤᠯᠭᠠᠨ ᠰᠢᠩᠭᠡᠭᠡᠨᠡᠮ | ᠰᠦᠨᠢᠵᠢᠨ ᠭᠠᠯᠵᠠᠭᠤᠷᠠᠬᠰᠠᠨ ᠴᠠᠰᠦ ᠰᠢᠭᠤᠷᠭ᠎ᠠ ᠠᠷᠠᠢ ᠨᠠᠮᠳᠠᠬᠤ ᠪᠤᠯᠤᠭ᠎ᠠ ᠦᠬᠡᠢ ᠶᠤᠮ ᠦᠦ | ᠰᠦᠷᠦᠭ ᠲᠤ ᠤᠷᠤᠬᠰᠠᠨ ᠴᠢᠨ᠋ᠸ᠎ᠠ ᠠᠷᠠᠰᠦ ᠪᠠᠷ ᠢᠶᠠᠨ ᠢᠯᠭᠠᠬᠳᠠᠬᠤ ᠦᠬᠡᠢ ᠲᠠᠩᠴᠦ ᠨᠢᠭᠡ ᠲᠦᠭᠡᠷᠢᠯ | | ᠭᠦᠭᠡ ᠴᠡᠩᠭᠡᠷ ᠤᠳᠬᠠᠰ ᠤᠨ ᠴᠡᠴᠡᠭ ᠢᠶᠠᠷ ᠭᠤᠶᠤᠯᠠᠨ | ᠭᠦᠯ ᠨᠢᠴᠦᠬᠦᠨ ᠠᠶᠠᠯᠠᠬᠤ ᠦᠭᠡᠰ ᠤᠨ ᠲᠠᠩᠰᠤᠭ ᠦᠬᠢᠨ | ᠨᠠᠶᠢᠷᠠᠭ ᠤᠨ ᠪᠢ ᠪᠠᠷ ᠬᠠᠳᠤᠨ ᠰᠦᠨᠡᠰᠦ | | | | ᠠᠯᠠᠭ᠎ᠠ ᠪᠠᠬᠢ | | ᠠᠶᠢᠪᠠᠭ᠎ᠠ ᠭᠤᠤᠯ ᠤᠨ ᠬᠤᠶᠢᠳᠦ ᠭᠦᠪᠡᠭᠡᠨᠡ ᠤᠯᠠᠨ ᠰᠦᠮ᠎ᠡ ᠶᠢᠨ ᠪᠠᠭᠤᠷᠢ ᠳᠤ | ᠤᠳᠤᠳᠦ ᠲᠡᠭᠷᠢ ᠶᠢ ᠭᠡᠭᠡᠷᠡᠬᠦᠯᠵᠦ ᠲᠦᠷᠦ ᠶᠢᠨ ᠦᠬᠢᠨ ᠨᠤᠶᠢᠷᠰᠤᠨᠠᠮ | ᠤᠯᠤᠰ ᠲᠦᠷᠦ ᠶᠢᠨ ᠵᠤᠷᠢᠯᠭ᠎ᠠ ᠪᠠᠷ ᠵᠤᠤ ᠸᠠᠩ ᠳᠤ ᠭᠤᠷᠪᠠᠨᠳᠠ ᠮᠤᠷᠳᠠᠵᠤ | ᠤᠷᠪᠠᠭᠠᠨ ᠭᠦᠷᠪᠡᠭᠡᠨ ᠶᠡᠭᠡᠳᠡᠢ ᠤᠩᠭᠤᠳ ᠠᠶᠢᠮᠠᠭ ᠢ ᠵᠠᠬᠢᠷᠪᠠᠢ | ᠠᠪᠢᠶᠠᠰ ᠪᠢᠯᠢᠭ ᠠᠷᠭ᠎ᠠ ᠤᠬᠠᠭᠠᠨ ᠢᠶᠠᠷ ᠡᠴᠢᠬᠡ ᠶᠢᠨ ᠦᠢᠯᠡᠰ ᠲᠤᠷ ᠲᠤᠰᠠᠯᠠᠵᠤ | ᠠᠷᠢᠭᠤᠨ ᠪᠡᠶ᠎ᠡ ᠠᠯᠳᠠᠨ ᠴᠢᠨᠳᠠᠷ ᠢᠶᠠᠨ ᠤᠩᠭᠤᠳ ᠤᠨ ᠨᠤᠳᠤᠭ ᠲᠤ ᠰᠢᠩᠭᠡᠭᠡᠪᠡᠢ | ᠪᠦᠭᠡᠵᠢ ᠲᠠᠢ ᠬᠤᠷᠤᠭᠤᠨ ᠤ ᠲᠤᠮᠳᠠ ᠲᠦᠷᠦ ᠶᠢᠨ ᠲᠠᠮᠠᠭ᠎ᠠ ᠪᠦᠮᠪᠦᠷᠢᠵᠦ | ᠪᠤᠬᠳᠤᠭᠠ ᠮᠠᠯᠠᠭᠠᠢ ᠶᠢᠨ ᠢᠶᠠᠨ ᠳᠣᠣᠷ᠎ᠠ ᠬᠠᠮᠤᠭ ᠮᠤᠩᠭᠤᠯ ᠢ ᠪᠠᠭᠳᠠᠭᠠᠬᠰᠠᠨ | ᠠᠯᠠᠭ᠎ᠠ ᠪᠠᠬᠢ ᠪᠢ ᠪᠠᠷ ᠬᠠᠳᠤᠨ ᠰᠦᠨᠡᠰᠦ | | ᠵᠡᠭᠦᠯᠳᠡ᠄ ᠠᠯᠠᠭ᠎ᠠ ᠪᠠᠬᠢ ︵ᠪᠠᠰᠠ ᠠᠯᠠᠬᠠᠢ ᠪᠤᠶᠤ ᠠᠯᠠᠩᠭᠤᠸᠠ ᠭᠡᠳᠡᠭ᠃ 1191—︖ ᠤᠨ︶ ᠪᠤᠯ | ᠴᠢᠩᠬᠢᠰ ᠬᠠᠭᠠᠨ ᠪᠤᠯᠤᠨ ᠪᠦᠷᠳᠠ ᠬᠠᠳᠤᠨ ᠠᠴᠠ ᠭᠠᠷᠤᠬᠰᠠᠨ ᠭᠤᠷᠪᠠᠳᠤᠭᠠᠷ ᠦᠬᠢᠨ᠃ ᠲᠡᠷᠡ ᠬᠠᠷᠠᠬᠠᠨ ᠪᠠᠭ᠎ᠠ | ᠠᠴᠠ ᠪᠠᠨ ᠡᠴᠢᠬᠡ ᠬᠠᠭᠠᠨ ᠤ ᠪᠠᠨ ᠰᠤᠷᠭᠠᠯ ᠢᠶᠠᠷ ᠬᠠᠷᠪᠤᠬᠤ ᠨᠠᠮᠨᠠᠬᠤ ᠳᠤ ᠪᠤᠯᠪᠠᠰᠤᠷᠠᠨ ᠴᠡᠷᠢᠭ ᠲᠠᠶᠢᠨ ᠤ | ᠬᠠᠳᠠᠭᠤ ᠰᠤᠷᠭᠠᠭᠤᠯᠢᠯ ᠳᠤ ᠴᠠᠭᠠᠷᠠᠬᠰᠠᠨ ᠪᠦᠭᠡᠳ ᠲᠦᠷᠦᠯᠬᠢ ᠤᠬᠠᠭᠠᠨ ᠪᠢᠯᠢᠭ ᠴᠤᠭᠤᠷᠬᠠᠢ᠂ ᠠᠭᠤᠳᠠᠮ | ᠪᠤᠳᠤᠯᠭ᠎ᠠ ᠦᠷᠭᠡᠨ ᠪᠠᠭᠳᠠᠭᠠᠮᠵᠢ ᠲᠠᠢ᠂ ᠤᠯᠤᠰ ᠲᠦᠷᠦ ᠶᠢᠨ ᠬᠤᠯᠠ ᠬᠠᠷᠠᠴᠠ ᠲᠠᠢ ᠡᠮᠡᠭᠳᠡᠢ ᠶᠤᠮ᠃ ᠠᠯᠠᠭ᠎ᠠ | ᠪᠠᠬᠢ 1207 ᠤᠨ ᠳᠤ ᠤᠩᠭᠤᠳ ᠤᠨ ᠠᠬᠠᠯᠠᠬᠴᠢ ᠠᠯᠬᠤᠰᠢ ᠲᠢᠬᠢᠳ ᠬᠤᠷᠢ ᠳᠤ ᠮᠤᠷᠳᠠᠵᠤ 1211 ᠤᠨ ᠳᠤ | ᠤᠩᠭᠤᠳ ᠤᠨ ᠲᠤᠳᠤᠭᠠᠳᠦ ᠳᠤ ᠲᠦᠷᠦ ᠶᠢᠨ ᠬᠤᠪᠢᠰᠤᠯ ᠭᠠᠷᠴᠦ ᠡᠰᠡᠷᠭᠦᠦ ᠡᠳᠡᠭᠡᠳ ᠨᠢ ᠠᠯᠬᠤᠰᠢ ᠪᠤᠶᠠᠨᠰᠢᠪᠠᠯ | ᠡᠴᠢᠬᠡ ᠭᠦᠪᠡᠬᠦᠨ ᠢ ᠠᠯᠠᠬᠰᠠᠨ ᠠᠴᠠ ᠬᠤᠶᠢᠰᠢ ᠠᠯᠠᠭ᠎ᠠ ᠪᠠᠬᠢ ᠬᠤᠵᠢᠮ ᠨᠢ ᠠᠯᠬᠤᠰᠢ ᠶᠢᠨ ᠠᠬ᠎ᠠ ᠠᠶᠢᠰᠤᠢ ᠶᠢᠨ | ᠭᠦᠪᠡᠬᠦᠨ ᠵᠢᠨᠬᠦᠢ ᠳᠤ ᠮᠤᠷᠳᠠᠪᠠ᠃ ᠵᠢᠨᠬᠦᠢ ᠲᠠᠶᠢᠨ ᠳᠤ ᠪᠡᠶ᠎ᠡ ᠦᠷᠡᠭᠳᠡᠭᠰᠡᠨ ᠤ ᠲᠠᠷᠠᠭ᠎ᠠ ᠠᠯᠠᠭ᠎ᠠ ᠪᠠᠬᠢ ᠪᠤᠶᠠᠨᠰᠢᠪᠠᠯ | ᠤᠨ ᠭᠦᠪᠡᠬᠦᠨ 1219 ᠤᠨ ᠳᠤ ᠴᠢᠩᠬᠢᠰ ᠬᠠᠭᠠᠨ ᠶᠡᠭᠡ ᠴᠡᠷᠢᠭ ᠲᠠᠶᠢᠴᠢᠯᠠᠨ ᠪᠠᠷᠠᠭᠤᠨᠰᠢ ᠰᠠᠷᠳᠠᠭᠤᠯ ᠤᠯᠤᠰ ᠢ | ᠲᠠᠶᠢᠯᠠᠬᠤ ᠪᠠᠷ ᠮᠤᠷᠳᠠᠬᠤ ᠳᠠᠭᠠᠨ ᠠᠯᠠᠭ᠎ᠠ ᠪᠠᠬᠢ ᠪᠠᠷ ᠭᠤᠪᠢ ᠶᠢᠨ ᠡᠮᠦᠨᠡᠳᠦ ᠳᠠᠬᠢ ᠲᠦᠷᠦ ᠶᠢᠨ ᠭᠡᠷᠡᠭ ᠢ | ᠵᠠᠬᠢᠷᠤᠭᠤᠯᠤᠬᠰᠠᠨ ᠠᠴᠠ ︽ᠲᠦᠷᠦ ᠵᠠᠬᠢᠷᠤᠬᠴᠢ ᠭᠦᠩᠵᠦ︾ ᠬᠡᠮᠡᠨ ᠠᠯᠳᠠᠷᠰᠢᠵᠠᠢ᠃ | | | | |