ᠬᠠᠳᠤᠨ ᠰᠦᠨᠡᠰᠦ ᠂ ᠭᠤᠷᠪᠠᠳᠤᠭᠠᠷ ᠪᠦᠯᠦᠭ᠂  ᠲᠤᠤᠷᠠᠳᠤ
ᠨᠡᠶᠢᠲᠡᠯᠡᠭᠰᠡᠨ ᠴᠠᠭ᠄
2020-06-16
ᠬᠤᠸᠠᠬᠴᠢᠨ ᠡᠮᠡᠭᠡᠨᠬᠤᠯᠠ ᠶᠢᠨ ᠴᠢᠮᠡᠭᠡ ᠶᠢ ᠤᠶᠢᠷᠠᠳᠤᠭᠤᠯᠨ ᠴᠢᠩᠨᠠᠬᠤ ᠬᠤᠷᠴᠠ ᠰᠡᠷᠭᠡᠭ ᠰᠤᠨᠤᠷ ᠲᠠᠢᠬᠤᠳᠠᠯ ᠰᠠᠶᠢᠬᠠᠨ ᠦᠬᠡ ᠪᠠᠷ ᠡᠵᠡᠨ ᠤ ᠪᠠᠨ ᠠᠮᠢ ᠶᠢ ᠠᠪᠤᠷᠠᠬᠰᠠᠨ ᠠᠴᠢ ᠲᠠᠢᠪᠦᠷᠭᠦᠭᠦᠯᠳᠦ ᠲᠡᠷᠭᠡᠨ᠎ᠡ ᠪᠡᠶ᠎ᠡ ᠭᠦᠨᠳᠦ ᠪᠦᠷᠳᠠ ᠶᠢ ᠲᠡᠭᠡᠭᠡᠵᠦ ᠲᠤᠳᠠᠭᠠᠬᠰᠠᠨ ᠴᠦᠪᠦᠴᠢᠵᠦ ᠢᠷᠡᠭᠰᠡᠨ ᠭᠤᠷᠪᠠᠨ ᠮᠡᠷᠭᠢᠳ ᠲᠤ ᠦᠰᠢᠯ ᠤᠨ ᠦᠰᠢᠯ ᠢᠶᠠᠷ ᠪᠠᠷᠢᠪᠴᠢᠯᠠᠬᠳᠠᠪᠠᠬᠤᠶᠠᠷ ᠦᠶ᠎ᠡ ᠶᠢᠨ ᠦᠵᠢᠨ ᠬᠠᠳᠤᠨ ᠢ ᠨᠠᠰᠤᠨ ᠲᠤᠷᠰᠢ ᠡᠮᠰᠡᠭᠯᠡᠨ ᠠᠰᠠᠷᠠᠵᠤᠬᠠᠭᠳᠠᠷᠠᠵᠤ ᠦᠳᠡᠯᠳᠡᠯ᠎ᠡ ᠪᠠᠨ ᠬᠠᠨᠢ ᠲᠦᠰᠢᠭ ᠪᠤᠯᠤᠬᠰᠠᠨ ᠬᠠᠶᠢᠷᠠᠳᠦ ᠦᠬᠦᠢ ᠮᠢᠨᠢ ᠬᠠᠷᠠᠴᠦ ᠪᠤᠭᠤᠯ ᠤᠨ ᠵᠠᠶᠠᠭ᠎ᠠ ᠲᠠᠢ ᠲᠦᠷᠦᠭᠰᠡᠨ ᠴᠦ ᠬᠠᠳᠤᠨ ᠤᠬᠠᠭᠠᠨ ᠤ ᠬᠢᠯᠪᠠᠭ᠎ᠠ ᠶᠢ ᠰᠠᠴᠤᠷᠠᠭᠤᠯᠤᠬᠰᠠᠨ ᠬᠤᠸᠠᠬᠴᠢᠨ ᠪᠢ ᠪᠠᠷ ᠬᠠᠳᠤᠨ ᠰᠦᠨᠡᠰᠦ ᠵᠡᠭᠦᠯᠳᠡ᠄ ᠬᠤᠸᠠᠬᠴᠢᠨ ᠪᠤᠯ ᠦᠬᠡᠯᠦᠨ ᠡᠭᠡ ᠶᠢᠨ ᠭᠡᠷ ᠲᠤ ᠵᠠᠷᠤᠴᠠᠯᠠᠬᠳᠠᠵᠤ ᠪᠠᠶᠢᠬᠰᠠᠨ ᠡᠭᠡᠯ ᠪᠦᠰᠡᠭᠦᠢ ᠶᠤᠮ᠃ ᠲᠡᠭᠦᠨ ᠳᠤ ᠬᠤᠷᠴᠠ ᠰᠡᠷᠭᠡᠭ ᠰᠤᠨᠤᠷ ᠲᠠᠢ᠂ ᠬᠤᠯᠠ ᠶᠢᠨ ᠴᠢᠮᠡᠭᠡ ᠶᠢ ᠤᠶᠢᠷᠠᠳᠤᠭᠤᠯᠤᠨ ᠲᠤᠭᠤᠯᠬᠤ ᠴᠢᠳᠠᠪᠤᠷᠢ ᠎ ᠲᠠᠢ ᠪᠠᠶᠢᠵᠤ᠂ ᠨᠠᠰᠤᠨ ᠲᠤᠷᠰᠢᠳᠠ ᠴᠢᠩᠬᠢᠰ ᠬᠠᠭᠠᠨ ᠤ ᠭᠡᠷ ᠪᠦᠯᠢ ᠳᠤ ᠦᠨᠡᠨᠴᠢ ᠪᠠᠷ ᠦᠢᠯᠡᠴᠢᠯᠡᠨ᠂ ᠬᠤᠶᠠᠷ ᠦᠶ᠎ᠡ ᠶᠢᠨ ᠬᠠᠳᠤᠨ ᠦᠵᠢᠨ ᠢ ᠡᠮᠰᠡᠭᠯᠡᠨ ᠠᠰᠠᠷᠠᠵᠤ᠂ ᠬᠠᠨ ᠭᠦᠪᠡᠭᠦᠳ ᠢ ᠦᠰᠭᠡᠨ ᠭᠦᠮᠦᠵᠢᠭᠦᠯᠦᠭᠰᠡᠨ ᠪᠦᠭᠡᠳ ᠵᠠᠩᠬᠢᠯᠠᠭ᠎ᠠ ᠶᠢᠨ ᠦᠶᠡᠰ ᠭᠠᠶᠢᠬᠠᠮᠰᠢᠬᠳᠦ ᠦᠢᠯᠡᠳᠦᠯ ᠦᠵᠡᠬᠦᠯᠵᠦ ᠶᠠᠪᠤᠬᠰᠠᠨ ᠭᠦᠨᠳᠦᠳᠭᠡᠯᠳᠦ ᠪᠦᠰᠡᠬᠦᠢ ᠶᠤᠮ᠃     ᠪᠤᠳᠤᠬᠤᠢ ᠲᠠᠷᠭᠤᠨ ᠬᠠᠳᠤᠨᠬᠤᠷᠢ ᠲᠦᠮᠡᠳ ᠤᠨ ᠤᠢ ᠶᠢᠨ ᠢᠷᠭᠡᠳ ᠢ ᠲᠡᠮᠡᠢ ᠪᠢᠳᠡᠬᠡᠢ ᠲᠤᠷᠤᠮᠵᠢᠯᠠᠬᠠᠤᠬᠤᠭᠤᠷ ᠵᠢᠮᠰᠡᠭ ᠲᠠᠢ ᠲᠦᠮᠡᠳ ᠤᠨ ᠦᠬᠢᠳ ᠤᠨ ᠬᠠᠷᠪᠤᠯᠭ᠎ᠠ ᠨᠠᠮᠨᠠᠯᠭ᠎ᠠ ᠶᠢ ᠦᠵᠡᠰᠦᠬᠤᠷᠴᠢ ᠮᠡᠷᠭᠡᠨ ᠵᠦᠩᠴᠢ ᠳᠤ ᠪᠠᠨ ᠭᠤᠴᠢᠨ ᠡᠭᠡᠨᠡᠷ ᠠᠮᠠᠯᠠᠬᠰᠠᠨ ᠭᠡᠪᠡ ᠦᠦ ᠬᠠᠷᠠᠩᠭᠤᠢ ᠨᠦᠭᠡᠨ᠎ᠡ ᠬᠤᠷᠢᠬᠳᠠᠵᠤ ᠦᠯᠦᠭᠴᠢᠨ ᠴᠢᠨ᠋ᠸ᠎ᠠ ᠯᠤᠭ᠎ᠠ ᠠᠮᠠᠷᠠᠬᠯᠠᠬᠤᠢ ᠬᠤᠳᠤᠭ᠎ᠠ ᠪᠠᠬᠢ ᠶᠢ ᠴᠢᠨᠢ ᠪᠠᠷᠢᠪᠴᠢᠯᠠᠭᠠᠳ ᠪᠤᠷᠤᠬᠤᠯ ᠨᠤᠶᠠᠨ ᠢ ᠴᠢᠨᠢ ᠬᠤᠷᠤᠭᠠᠯᠤᠭ᠎ᠠ ᠬᠤᠷᠢᠬᠰᠠᠨ ᠠᠯᠠᠬᠰᠠᠨ ᠡᠰᠡᠷᠭᠦᠴᠡᠯᠳᠦᠭᠰᠡᠨ ᠬᠠᠮᠤᠭ ᠶᠠᠯ᠎ᠠ ᠨᠢ ᠮᠢᠨᠦᠬᠢ ᠪᠤᠯᠳᠤᠭᠠᠢ ᠬᠠᠳᠠᠭᠤ ᠴᠢᠬᠢᠷᠠᠭ ᠬᠠᠳᠤᠳ ᠦᠬᠢᠳ ᠢᠶᠠᠨ ᠲᠠᠶᠢᠴᠢᠯᠠᠨ ᠬᠠᠭᠠᠨ ᠴᠢᠩᠬᠢᠰ ᠤᠨ ᠦᠭᠡᠳᠡ ᠡᠰᠡᠷᠭᠦᠴᠡᠨ ᠪᠤᠰᠤᠬᠰᠠᠨ ᠪᠤᠳᠤᠬᠤᠢ ᠲᠠᠷᠭᠤᠨ ᠪᠢ ᠪᠠᠷ ᠬᠠᠳᠤᠨ ᠰᠦᠨᠡᠰᠦ ᠵᠡᠭᠦᠯᠳᠡ᠄ ᠪᠤᠳᠤᠬᠤᠢ ᠲᠠᠷᠭᠤᠨ ᠬᠠᠳᠤᠨ ᠪᠤᠯ ᠮᠤᠩᠭᠤᠯ ᠤᠨ ᠡᠷᠳᠡᠨ ᠤ ᠠᠷᠪᠠᠨ ᠬᠤᠶᠠᠷ ᠲᠤᠮᠤ ᠤᠪᠤᠭ ᠠᠶᠢᠮᠠᠭ ᠎ ᠤᠨ ᠨᠢᠬᠡ ᠪᠤᠯᠬᠤ ᠬᠤᠷᠢ ᠲᠦᠮᠡᠳ ᠤᠨ ᠨᠤᠶᠠᠨ ᠲᠠᠶᠢᠳᠤᠬᠤᠯ ᠰᠤᠬᠤᠷ ᠤᠨ ᠬᠠᠳᠤᠨ ᠶᠤᠮ᠃ ᠲᠡᠷᠡ ᠪᠠᠷ ᠮᠤᠩᠭᠤᠯ ᠡᠮᠡᠭᠳᠡᠶᠢᠴᠦᠤᠳ ᠤᠨ ᠠᠭᠤᠳᠠᠮ ᠡᠭᠡᠨᠴᠢᠷ ᠬᠠᠶᠢᠷ᠎ᠠ ᠪᠠ ᠡᠷᠡᠭᠳᠡᠶᠢᠴᠤᠳ ᠲᠤ ᠪᠠᠶᠢᠵᠤ ᠪᠤᠯᠤᠮ᠎ᠠ ᠦᠬᠡᠢ ᠡᠷᠡᠯᠭᠡᠭ ᠵᠢᠪᠬᠤᠭ᠎ᠠ ᠪᠠᠷ ᠠᠶᠢᠮᠠᠭ ᠤᠬᠰᠠᠭ᠎ᠠ ᠪᠠᠨ ᠠᠬᠠᠯᠠᠨ᠂ ᠬᠤᠷᠢ ᠲᠦᠮᠡᠳ ᠤᠨ ᠢᠶᠠᠨ ᠠᠮᠤᠷ ᠲᠦᠪᠰᠢᠨ ᠡᠩᠬᠡ ᠲᠠᠶᠢᠪᠤᠩ ᠎ ᠢ ᠬᠠᠮᠠᠭᠠᠯᠠᠵᠤ ᠶᠠᠪᠤᠬᠰᠠᠨ ᠰᠤᠤ ᠪᠢᠯᠢᠭᠳᠦ ᠡᠷᠡᠮᠡᠭᠡᠢ ᠪᠠᠭᠠᠳᠤᠷ ᠡᠮᠡᠭᠳᠡᠢ ᠪᠤᠯᠬᠤ ᠶᠤᠮ᠃ ᠪᠤᠳᠤᠬᠤᠢ ᠲᠠᠷᠭᠤᠨ ᠬᠠᠳᠤᠨ ᠦᠪᠡᠷ ᠤᠨ ᠠᠶᠢᠮᠠᠭ ᠤᠬᠰᠠᠭᠠᠨ ᠤ ᠠᠰᠢᠭ ᠲᠤᠰᠠ ᠪᠠ ᠨᠡᠷ᠎ᠡ ᠭᠦᠨᠳᠦ  ᠎ ᠪᠠᠨ ᠬᠠᠮᠠᠭᠠᠯᠠᠬᠤ ᠶᠢᠨ ᠲᠦᠯᠦᠬᠡ ᠲᠦᠮᠡᠳ ᠠᠶᠢᠮᠠᠭ ᠠᠴᠠ ᠭᠤᠴᠢᠨ ᠭᠤᠸ᠎ᠠ ᠦᠬᠢᠳ ᠰᠤᠩᠭᠤᠬᠤ ᠪᠠᠷ ᠤᠴᠢᠬᠰᠠᠨ ᠬᠤᠷᠴᠢ ᠨᠤᠶᠠᠨ ᠢ ᠪᠠᠷᠢᠪᠴᠢᠯᠠᠨ ︵1206 ᠤᠨ︶ ᠦᠯᠦᠭᠴᠢᠨ ᠨᠤᠬᠠᠳ ᠯᠤᠭ᠎ᠠ ᠬᠠᠮᠳᠦ ᠬᠤᠷᠢᠵᠤ᠂  ᠬᠤᠳᠤᠭ᠎ᠠ ᠪᠠᠬᠢ ᠶᠢ ᠤᠯᠵᠠᠯᠠᠨ ᠪᠠᠷᠢᠪᠴᠢᠯᠠᠵᠤ᠂ ᠪᠤᠷᠤᠬᠤᠯ ᠨᠤᠶᠠᠨ ᠢ ᠭᠦᠨᠦᠬᠡᠵᠦ ᠴᠢᠩᠬᠢᠰ ᠬᠠᠭᠠᠨ ᠤ ᠡᠰᠡᠷᠭᠦ ᠰᠢᠷᠦᠬᠦᠨ ᠲᠡᠮᠡᠴᠡᠯ ᠶᠠᠪᠤᠭᠤᠯᠪᠠ᠃ ᠨᠠᠢᠮᠠᠯᠵᠢᠨ ᠡᠮᠡᠬᠡᠨ ᠡᠷᠮᠡᠰᠢᠬᠦ ᠰᠡᠳᠬᠢᠯ ᠢ ᠲᠦᠪᠰᠢᠳᠭᠡᠭᠴᠢ ᠡᠩᠭᠡ ᠲᠠᠶᠢᠪᠤᠩ ᠤᠨ ᠪᠢᠯᠢᠭᠳᠦ ᠢᠳᠤᠭᠠᠨᠡᠪᠳᠡᠷᠡᠭᠰᠡᠨ ᠪᠦᠬᠦᠨ ᠢ ᠡᠪᠯᠡᠭᠦᠯᠦᠭᠴᠢ ᠡᠪ ᠨᠢᠭᠡᠳᠦᠯ ᠤᠨ ᠮᠡᠷᠭᠡᠨ ᠦᠬᠦᠢᠲᠦᠭᠡᠷᠢᠭᠰᠡᠨ ᠭᠦᠰᠡᠯ ᠢ ᠵᠦᠭᠯᠡᠭᠦᠯᠦᠭᠴᠢ ᠲᠠᠶᠢᠪᠤᠩ ᠭᠦᠭᠵᠢᠯ ᠤᠨ ᠢᠳᠡᠪᠬᠢ ᠭᠦᠴᠦᠨᠲᠦᠭᠡᠷᠭᠡ ᠵᠠᠶᠠᠭᠠᠨ ᠢ ᠲᠡᠭᠰᠢᠳᠭᠡᠭᠴᠢ ᠨᠢᠬᠳᠠᠷᠠᠯ ᠪᠦᠯᠭᠦᠮᠳᠡᠯ ᠤᠨ ᠤᠬᠠᠭᠠᠯᠢᠭ ᠢᠳᠬᠠᠯᠲᠡᠭᠷᠢ ᠶᠢᠨ ᠬᠤᠶᠠᠷ ᠨᠠᠷᠠᠨ ᠢᠶᠠᠷ ᠲᠦᠷᠦ ᠶᠢᠨ ᠬᠤᠶᠠᠷ ᠬᠠᠭᠠᠨ ᠢ ᠦᠯᠢᠳᠭᠡᠨᠲᠦᠪᠡᠭᠳᠡᠵᠦ ᠭᠠᠴᠢᠬᠳᠠᠬᠰᠠᠨ ᠲᠦᠮᠡᠨ ᠤ ᠭᠦᠰᠡᠯ ᠢ ᠬᠠᠪᠤᠯᠢᠭ ᠠᠶᠢᠯᠠᠳᠬᠠᠨ ᠦᠬᠦᠯᠡᠪᠡᠢ ᠡᠶ᠎ᠡ ᠪᠦᠯᠭᠦᠮᠳᠡᠯ ᠢ ᠡᠷᠬᠢᠮᠯᠡᠭᠰᠡᠨ ᠤᠷᠠᠨ ᠦᠬᠦᠯᠡᠮᠵᠢ ᠢᠨᠤ ᠡᠷᠳᠡᠨ ᠤ ᠲᠠᠪᠤᠨ ᠮᠦᠰᠦᠨ ᠤ ᠰᠤᠷᠭᠠᠯ ᠤᠨ ᠦᠷᠭᠦᠯᠵᠢᠯᠡᠯ ᠨᠠᠢᠮᠠᠯᠵᠢᠨ ᠪᠢ ᠪᠠᠷ ᠬᠠᠳᠤᠨ ᠰᠦᠨᠡᠰᠦ ᠵᠡᠭᠦᠯᠳᠡ᠄ ᠨᠠᠢᠮᠠᠯᠵᠢᠨ ᠡᠮᠡᠬᠡᠨ ᠪᠤᠯ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠠᠮᠢᠳᠤᠷᠠᠵᠤ ᠪᠠᠶᠢᠬᠰᠠᠨ ᠭᠡᠷᠡᠶᠢᠳ ᠠᠶᠢᠮᠠᠭ ᠤᠨ ᠭᠦᠮᠦᠨ᠂ ᠸᠠᠩ ᠬᠠᠨ ᠲᠤᠭᠤᠷᠢᠯ ᠤᠨ ᠤᠷᠳᠤᠨ ᠳᠤ ᠦᠨᠳᠦᠷᠭᠡᠨ ᠪᠠᠶᠢᠷᠢ ᠲᠠᠢ ᠢᠵᠠᠭᠤᠷᠳᠠᠨ ᠪᠦᠰᠡᠭᠦᠢ ᠪᠦᠭᠡᠳ ᠸᠠᠩ ᠬᠠᠨ ᠲᠤᠭᠤᠷᠢᠯ ᠤᠨ ᠤᠯᠤᠰ ᠲᠦᠷᠦ ᠶᠢᠨ ᠵᠡᠷᠯᠢᠭ ᠰᠠᠨᠠᠭ᠎ᠠ ᠶᠢ ᠮᠡᠳᠡᠭᠡᠳ ᠤᠷᠠᠨ ᠦᠬᠡ ᠬᠠᠪᠤᠯᠢᠭ ᠢᠯᠡᠳᠭᠡᠮᠵᠢ ᠪᠠᠷ ᠢᠳᠬᠠᠯ ᠰᠠᠨᠠᠭᠤᠯᠤᠮᠵᠢ ᠲᠡᠪᠰᠢᠬᠦᠯᠵᠦ ᠪᠠᠶᠢᠯ᠎ᠠ᠃ ᠲᠡᠷᠡ ᠪᠠᠷ ᠲᠤᠬᠠᠢ ᠎ ᠶᠢᠨ ᠦᠶ᠎ᠡ ᠶᠢᠨ ᠮᠤᠩᠭᠤᠯ ᠠᠶᠢᠮᠠᠭ ᠤᠬᠰᠠᠭᠠᠨ ᠤ ᠲᠡᠭᠡᠳᠦ ᠲᠠᠪᠬᠤᠷᠭᠠᠳᠠᠳ ᠤᠨ ᠬᠤᠭᠤᠷᠤᠨᠳᠤᠬᠢ ᠵᠦᠷᠢᠴᠡᠯ ᠲᠡᠮᠡᠴᠡᠯ ᠢ ᠨᠠᠮᠳᠠᠭᠤᠯᠤᠨ᠂ ᠡᠶ᠎ᠡ ᠪᠦᠯᠬᠦᠮᠳᠡᠯ ᠢ ᠴᠢᠬᠤᠯᠠᠴᠢᠯᠠᠨ᠂ ᠮᠤᠩᠭᠤᠯ ᠤᠨ ᠨᠡᠶᠢᠬᠡᠮ ᠤᠨ ᠡᠩᠬᠡ ᠲᠠᠶᠢᠪᠤᠩ ᠭᠦᠭᠵᠢᠯᠳᠡ ᠶᠢ ᠭᠦᠰᠡᠨ ᠡᠷᠡᠮᠡᠯᠵᠡᠭᠰᠡᠨ ᠮᠡᠷᠭᠡᠨ ᠤᠬᠠᠭᠠᠨᠳᠦ ᠤᠷᠠᠨ ᠴᠡᠴᠡᠨ ᠬᠡᠯᠡᠳᠦ ᠨᠢᠬᠡᠨ ᠪᠦᠯᠦᠬᠡ᠃                 ᠠᠯᠳᠠᠨᠢ ᠬᠠᠳᠤᠨ ᠦᠬᠡᠯᠦᠨ ᠡᠭᠡ ᠶᠢᠨ ᠡᠷᠭᠦᠮᠡᠯ ᠭᠦᠪᠡᠭᠦᠨ ᠪᠤᠷᠤᠬᠤᠯ ᠨᠤᠶᠠᠨ ᠤ ᠭᠡᠷᠭᠡᠢ ᠪᠢᠯᠡᠦᠷᠦᠭᠡᠰᠦᠨ ᠠᠷᠠᠯ ᠮᠡᠳᠦ ᠡᠷ᠎ᠡ ᠶᠢ ᠪᠠᠨ ᠲᠤᠰᠠᠯᠠᠬᠰᠠᠨ ᠤᠬᠠᠭᠠᠨ ᠰᠠᠮᠪᠠᠭᠠᠳᠦ ᠪᠦᠰᠡᠭᠦᠢᠦᠰᠢᠶᠡᠳᠦ ᠲᠠᠲ᠋ᠠᠷ ᠤᠨ ᠬᠠᠷᠬᠢᠯ ᠰᠢᠷ᠎ᠠ ᠪᠠᠭ᠎ᠠ ᠡᠵᠡᠨ ᠲᠤᠯᠤᠢ ᠶᠢ ᠬᠤᠤᠷᠯᠠᠬᠤᠶ᠎ᠠᠦᠷᠪᠡᠯᠵᠡᠬᠦ ᠭᠠᠯ ᠮᠡᠳᠦ ᠬᠡᠨ᠋ᠨᠳᠳᠡ ᠶᠢᠨ ᠠᠶᠤᠯ ᠳᠤ ᠦᠪᠡᠷ ᠢ ᠪᠠᠨ ᠤᠮᠠᠷᠳᠠᠨ ᠡᠷᠡᠮᠡᠬᠡᠶᠢᠯᠡᠪᠡᠡᠳᠦᠷ ᠦᠵᠡᠬᠦ ᠦᠵᠡᠰᠭᠦᠯᠡᠩᠳᠦ ᠨᠢᠳᠦᠨ ᠮᠡᠳᠦ ᠴᠢᠩ ᠦᠨᠡᠨᠴᠢ ᠪᠠᠷ ᠲᠤᠤᠱᠳᠠᠢ ᠵᠢᠳᠬᠦᠨᠰᠦᠨᠢ ᠰᠤᠨᠤᠰᠬᠤ ᠰᠤᠷᠭᠤᠭ ᠴᠢᠬᠢ ᠮᠡᠳᠦ ᠨᠢᠬᠡᠨ ᠰᠡᠳᠬᠢᠯ ᠢᠶᠠᠷ ᠡᠵᠡᠨ ᠳᠤᠷ ᠦᠢᠯᠡᠴᠢᠯᠡᠪᠡ ᠠᠯᠳᠠᠨ ᠤᠷᠤᠭ ᠤᠨ ᠭᠡᠨᠡᠳᠳᠡ ᠶᠢᠨ ᠠᠶᠤᠯ ᠢ ᠵᠠᠶᠢᠯᠠᠭᠤᠯᠵᠤ ᠠᠰᠢᠳᠠ ᠪᠠᠳᠠᠷᠠᠬᠤ ᠮᠤᠩᠭᠤᠯ ᠤᠨ ᠢᠷᠡᠭᠡᠳᠦᠢ ᠶᠢ ᠬᠠᠮᠠᠭᠠᠯᠠᠬᠰᠠᠨ ᠠᠯᠳᠠᠨᠢ ᠪᠢ ᠪᠠᠷ ᠬᠠᠳᠤᠨ ᠰᠦᠨᠡᠰᠦ ᠵᠡᠭᠦᠯᠳᠡ᠄ ᠠᠯᠳᠠᠨᠢ ᠬᠠᠳᠤᠨ ᠪᠤᠯ ᠦᠭᠡᠯᠦᠨ ᠡᠭᠡ ᠶᠢᠨ ᠡᠷᠭᠦᠭᠰᠡᠨ ᠭᠦᠦ᠂ ᠴᠢᠩᠬᠢᠰ ᠬᠠᠭᠠᠨ ᠤ ᠲᠦᠷᠪᠡᠨ ᠭᠦᠯᠦᠭ᠂ ᠶᠢᠰᠦᠨ ᠦᠷᠯᠦᠭ ᠤᠨ ᠨᠢᠬᠡ ᠪᠤᠯᠬᠤ ᠪᠤᠷᠤᠬᠤᠯ ᠨᠤᠶᠠᠨ ᠤ ᠬᠠᠳᠤᠨ ᠶᠤᠮ᠃ ᠴᠢᠩᠬᠢᠰ ᠬᠠᠭᠠᠨ ᠲᠦᠷᠪᠡᠨ ᠲᠠᠲ᠋ᠠᠷ ᠢ ᠤᠰᠠᠳᠬᠠᠬᠤ ᠦᠶ᠎ᠡ ᠳᠤ᠂ ᠲᠠᠲ᠋ᠠᠷ ᠤᠨ ᠬᠠᠷᠬᠢᠯ ᠰᠢᠷ᠎ᠠ ᠬᠡᠳᠡᠭ ᠭᠦᠮᠦᠨ ᠭᠠᠭᠴᠠᠭᠠᠷ ᠲᠤᠳᠠᠭᠠᠵᠤ ᠶᠠᠪᠤᠭᠠᠳ ᠦᠬᠡᠯᠦᠨ ᠡᠬᠡ ᠶᠢᠨ ᠦᠷᠦᠭᠡᠨ ᠳᠤ ᠰᠡᠮᠡᠭᠡᠷ ᠤᠷᠤᠵᠤ ᠢᠷᠡᠭᠡᠳ ᠲᠠᠪᠤᠨ ᠨᠠᠰᠤᠳᠠᠢ ᠭᠦᠪᠡᠭᠦᠨ ᠲᠤᠯᠤᠢ ᠶᠢ ᠰᠤᠭᠤᠪᠴᠢᠯᠠᠨ ᠠᠪᠤᠭᠠᠳ ᠬᠢᠳᠤᠭ᠎ᠠ ᠰᠤᠭᠤᠯᠤᠬᠰᠠᠨ ᠵᠠᠩᠬᠢᠯᠠᠭ᠎ᠠ ᠶᠢᠨ ᠦᠶ᠎ᠡ ᠳᠤ᠂ ᠠᠯᠳᠠᠨᠢ ᠬᠠᠳᠤᠨ ᠬᠤᠶᠢᠨ᠎ᠡ ᠠᠴᠠ ᠭᠦᠢᠴᠡᠨ ᠭᠦᠷᠦᠭᠡᠳ ᠦᠰᠦᠨ ᠠᠴᠠ ᠨᠢ ᠵᠢᠭᠤᠷᠠᠵᠤ ᠬᠢᠳᠤᠭ᠎ᠠ ᠶᠢ ᠠᠯᠳᠠᠭᠤᠯᠤᠨ ᠶᠡᠭᠡ ᠲᠠᠭᠤᠨ ᠢᠶᠠᠷ ᠪᠠᠷᠬᠢᠷᠠᠬᠰᠠᠨ ᠢᠶᠠᠷ ᠭᠡᠷ ᠤᠨ ᠠᠷᠦ ᠳᠤ ᠦᠬᠡᠷ ᠠᠯᠠᠵᠤ ᠪᠠᠶᠢᠬᠰᠠᠨ ᠵᠢᠳᠠᠢ᠂ ᠵᠡᠯᠮ᠎ᠡ ᠬᠤᠶᠠᠷ ᠭᠦᠷᠦᠯᠴᠡᠨ ᠢᠷᠡᠵᠦ ᠰᠦᠭᠡ ᠪᠠᠷ ᠴᠤᠬᠢᠵᠤ ᠬᠢᠳᠤᠭ᠎ᠠ ᠪᠠᠷ ᠪᠦᠯᠢᠵᠦ ᠠᠯᠠᠭᠠᠳ ᠲᠤᠯᠤᠢ ᠡᠵᠡᠨ ᠢ ᠭᠡᠨᠡᠳᠳᠡ ᠵᠢ᠊
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号