ᠰᠦᠨᠡᠰᠦᠯᠢᠭ ᠬᠠᠳᠤᠨ
ᠨᠡᠶᠢᠲᠡᠯᠡᠭᠰᠡᠨ ᠴᠠᠭ᠄
2020-06-16
   ᠰᠦᠨᠡᠰᠦᠯᠢᠭ ᠬᠠᠳᠤᠨ         ᠫ᠊  ᠂  ᠤᠶᠤᠨᠪᠢᠯᠢᠭ᠌ ᠪᠠᠭᠰᠢ ᠶᠢᠨ  ︽ ᠬᠠᠳᠤᠨ ᠰᠦᠨᠡᠰᠦ  ︾  ᠎ ᠳᠤ  ᠨᠡᠶᠢᠲᠡ  ᠨᠠᠶᠠᠨ ᠨᠢᠭᠡᠨ ᠬᠠᠳᠤᠨ ᠎ ᠢ  ᠵᠢᠭᠰᠠᠭᠠᠨ ᠪᠦᠷᠢᠳᠭᠡᠨ  ᠤᠶᠠᠩᠭᠠᠯᠠᠨ ᠰᠢᠯᠦᠭᠯᠡᠭᠰᠡᠨ ᠢ  ᠰᠤᠨᠢᠷᠬᠠᠬᠤ᠂ ᠱᠤᠬᠤᠷᠬᠠᠬᠤ᠂  ᠰᠤᠭᠳᠤᠭᠤᠷᠠᠬᠤ᠂   ᠰᠤᠯᠢᠶᠠᠷᠬᠠᠤ  ᠳᠠᠭᠠᠨ ᠰᠢᠯᠦᠭᠯᠡᠭᠰᠡᠨ  ︽ᠰᠢᠯᠦᠭ  ︾  ᠂ ᠤᠤᠯ ᠭᠠᠷᠴᠠᠭ ᠨᠢ  ︽ᠨᠠᠶᠠᠨ ᠬᠤᠶᠠᠳᠤᠭᠠᠷ ᠬᠠᠳᠤᠨ ᠲᠠᠨ  ᠳᠤ︾  ᠃  ᠡᠯᠡᠰᠦᠨ  ᠠᠴᠠ ᠬᠢᠴᠢᠶᠡᠩᠭᠦᠶᠢᠯᠡᠪᠡ᠃        ᠡᠭᠡ ᠲᠡᠤᠭᠡ ᠶᠢᠨ ᠤᠳᠤᠭᠠᠳᠦ ᠬᠠᠭᠤᠳᠠᠰᠤᠨ ᠠᠴᠠ ᠬᠠᠳᠤᠳ ᠤᠨ ᠰᠦᠨᠡᠰᠦ ᠠᠮᠢᠯᠠᠨᠠᠮ  ᠡᠷᠭᠦᠨ᠎ᠡ ᠬᠤᠨ ᠤ ᠪᠤᠭᠳᠠ ᠬᠠᠳᠤᠳ ᠡᠷᠬᠢᠮ ᠲᠠᠨ ᠤ ᠨᠠᠶᠢᠷᠠᠭ ᠲᠤ ᠬᠤᠷᠠᠨᠠᠮ    ᠡᠷᠡᠭᠡᠢ ᠮᠡᠷᠭᠡᠨ ᠲᠠᠶᠢᠴᠢᠨ ᠬᠠᠳᠤᠳ ᠪᠦᠰᠡᠬᠦᠢ ᠲᠠᠨ ᠤ ᠪᠦᠳᠦᠭᠡᠯ ᠳᠤ ᠴᠤᠭᠯᠠᠨᠠᠮ  ᠡᠷᠡᠮᠡᠬᠡᠢ ᠲᠤᠭᠰᠢᠨ ᠪᠠᠭᠠᠳᠤᠷ ᠬᠠᠳᠤᠳ ᠨᠠᠶᠢᠷᠠᠭᠴᠢ ᠲᠨᠨ ᠤ ᠰᠡᠳᠬᠢᠯ ᠳᠤ ᠴᠤᠬᠴᠠᠷᠠᠨᠠᠮ         ᠪᠦᠷᠳᠡ ᠦᠵᠢᠨ ᠤ ᠲᠦᠷᠢ ᠶᠢ ᠪᠦᠷᠳᠤᠯᠵᠡᠭᠦᠯᠦᠭᠰᠡᠨ         ᠪᠦᠬᠦ ᠬᠠᠳᠤᠳ ᠤᠨ ᠰᠢᠨᠵᠢ ᠶᠢ ᠲᠤᠳᠤᠷᠠᠭᠤᠯᠤᠭᠰᠠᠨ         ᠪᠦᠰᠡᠬᠦᠢ ᠵᠠᠶᠠᠭᠠᠨ ᠤ ᠤᠷᠠᠯᠢᠭ ᠤᠨ ᠬᠠᠳᠤᠨ ᠲᠠ ᠪᠤᠶᠤ ᠮᠤᠨᠢ ᠠᠭᠤᠯᠠ ᠶᠢᠨ ᠬᠦᠨ ᠤᠢ ᠳᠤ ᠮᠠᠩᠭᠤᠰ ᠲᠠᠢ ᠲᠤᠯᠤᠯᠳᠤᠬᠰᠠᠨ ᠪᠠᠭᠠᠳᠤᠷ ᠬᠠᠳᠤᠳ   ᠮᠤᠩᠭᠤᠯ ᠤᠨ ᠦᠨᠳᠦᠷᠯᠢᠭ ᠤᠨ ᠴᠠᠰᠤᠳᠤ ᠲᠠᠯ᠎ᠠ ᠳᠤ ᠮᠤᠷᠢᠳᠠᠢ ᠲᠠᠪᠬᠢᠯᠳᠤᠭᠰᠠᠨ ᠡᠷᠡᠯᠬᠡᠭ ᠬᠠᠳᠤᠳ ᠮᠤᠬᠤᠷᠳᠠᠯ ᠬᠠᠭᠠᠴᠠᠯ ᠤᠨ ᠴᠦᠪ ᠤᠨ ᠴᠠᠭ ᠲᠤ ᠮᠤᠬᠤᠰᠢ ᠦᠭᠡᠢ ᠲᠡᠮᠡᠴᠡᠭᠰᠡᠨ ᠦᠷᠯᠦᠭ ᠬᠠᠳᠤᠳ ᠮᠤᠩᠬᠠᠭ ᠪᠠᠯᠠᠢ ᠶᠢᠨ ᠲᠠᠨᠡᠭ ᠡᠷᠡᠨ ᠳᠤ ᠰᠦᠨ ᠬᠢᠯᠪᠠᠭ᠎ᠠ ᠲᠠᠳᠠᠭᠰᠠᠨ ᠰᠡᠴᠡᠨ ᠬᠠᠳᠤᠳ            ᠮᠤᠩᠭᠤᠯ ᠬᠠᠳᠤᠳ ᠤᠨ ᠲᠦᠷᠢ ᠶᠢ ᠰᠡᠷᠭᠦᠭᠡᠭᠰᠡᠨ            ᠮᠤᠩᠭᠤᠯᠵᠢᠨ ᠭᠤᠸ᠎ᠠ ᠪᠦᠰᠡᠬᠦᠢ ᠶᠢ ᠵᠢᠷᠤᠭᠯᠠᠭᠰᠠᠨ            ᠮᠤᠬᠤᠰᠢ ᠦᠭᠡᠢ ᠵᠤᠷᠢᠭᠳᠤ ᠨᠠᠶᠢᠷᠠᠭ ᠤᠨ ᠬᠠᠳᠤᠨ ᠲᠠ ᠪᠤᠶᠤ           ᠨᠠᠢᠮᠠᠨ ᠲᠦᠮᠡᠨ ᠤᠨ ᠤ ᠲᠤᠮᠤᠭ ᠢ ᠬᠠᠳᠤᠨ ᠰᠦᠪᠡᠭᠴᠢ ᠪᠠᠷ ᠤᠶᠠᠩᠭᠭᠠᠯᠭᠭᠰᠠᠨ   ᠨᠠᠢᠮᠠᠨ ᠮᠢᠩᠭᠠᠨ ᠤᠨ ᠤ ᠲᠤᠤᠯᠢᠰ ᠢ ᠬᠠᠳᠤᠨ ᠰᠢᠵᠢᠮ ᠢᠶᠠᠷ ᠰᠢᠯᠦᠭᠯᠡᠭᠰᠡᠨ   ᠨᠠᠢᠮᠠᠨ ᠵᠠᠭᠤᠨ ᠤᠨ ᠤ  ᠤᠬᠠᠭᠠᠨ ᠢ ᠬᠠᠳᠤᠨ ᠰᠦᠨᠡᠰᠤ ᠪᠠᠷ ᠡᠭᠡᠰᠢᠭᠯᠡᠰᠡᠨ   ᠨᠠᠶ᠋ᠨᠨ ᠨᠠᠢᠮᠠᠨ ᠤᠨ ᠤ ᠦᠤᠬᠡ ᠶᠢ ᠢᠳᠤᠭᠠᠰ ᠤᠨ ᠭᠡᠯᠡ ᠪᠠᠷ ᠨᠡᠪᠳᠡᠷᠡᠭᠰᠡᠨ          ᠨᠠᠷᠮᠠᠢ ᠮᠤᠩᠭᠤᠯ ᠤᠨ ᠰᠤᠶᠤᠯ ᠢ ᠡᠷᠭᠦᠵᠦ ᠶᠠᠪᠤᠭᠰᠠᠨ          ᠨᠠᠷᠠᠳᠤ ᠬᠤᠷᠸ᠎ᠠ ᠶᠢᠨ ᠦᠨᠡᠨ ᠢ ᠲᠡᠮᠳᠡᠭᠯᠡᠵᠤ ᠤᠷᠠᠯᠠᠬᠰᠠᠨ          ᠨᠠᠷᠠᠨ ᠭᠤᠸ᠎ᠠ ᠪᠦᠰᠡᠭᠦᠢ ᠵᠠᠶᠠᠭᠠᠨ ᠤ ᠬᠠᠳᠤᠨ ᠪᠤᠶᠤ ᠲᠠ  ᠭᠡᠰᠡᠷ ᠵᠢᠩᠭᠠᠷ ᠤᠨ ᠲᠤᠤᠯᠢᠰ ᠲᠤ ᠢᠯᠡᠷᠡᠭᠰᠡᠨ ᠭᠡᠷᠡᠯᠳᠤ ᠭᠤᠸ᠎ᠠ ᠠᠤᠭ᠎ᠠ ᠬᠠᠳᠤᠳ  ᠭᠡᠨᠡᠨ ᠴᠠᠭ ᠤᠨ ᠲᠡᠦᠭᠡᠨ ᠳᠤ ᠮᠠᠨᠳᠤᠭᠰᠠᠨ ᠭᠡᠭᠡᠨ ᠮᠡᠷᠭᠡᠨ ᠰᠤᠳᠦᠨ ᠬᠠᠳᠤᠳ  ᠭᠡᠮᠰᠢᠯ ᠤᠬᠠᠭᠠᠷᠠᠯ ᠤᠨ ᠴᠦᠪ ᠤᠨ ᠴᠠᠭ ᠲᠤ ᠵᠠᠮ ᠬᠠᠶᠢᠬᠰᠠᠨ ᠲᠠᠶᠢᠴᠢᠨ ᠬᠠᠳᠤᠳ  ᠭᠡᠶᠦᠷᠡᠯ ᠲᠦᠭᠡᠷᠢᠯ ᠤᠨ ᠮᠠᠨᠠᠨ ᠪᠤᠳᠠᠩ ᠳᠤ ᠤᠬᠠᠭᠠᠨ ᠰᠠᠷᠠᠭᠤᠯᠵᠢᠬᠰᠠᠨ ᠮᠡᠷᠭᠡᠨ ᠬᠠᠳᠤᠳ             ᠰᠠᠶ᠎ᠠ  ᠵᠢᠸ᠎ᠠ ᠲᠠᠮ ᠤᠨ ᠰᠤᠨᠤᠰᠬᠠᠯ ᠠᠴᠠ             ᠰᠠᠶᠢᠬᠠᠨ ᠬᠠᠳᠤᠳ ᠢ ᠵᠢᠬᠰᠠᠭᠠᠨ ᠠᠮᠢᠯᠠᠭᠤᠯᠤᠬᠰᠠᠨ             ᠰᠠᠨᠠᠭᠠᠨ ᠮᠡᠷᠭᠡᠨ ᠰᠠᠷᠠᠭᠤᠯ ᠤᠬᠠᠭᠠᠨᠳᠦ ᠰᠦᠨᠡᠰᠦᠯᠢᠭ ᠬᠠᠳᠤᠨ ᠲᠠ ᠪᠤᠶᠤ ᠤᠩᠰᠢᠭᠠᠳ ᠰᠠᠭᠤᠬᠤ ᠳᠤ ᠤᠷᠮ᠎ᠠ ᠰᠡᠳᠬᠢᠯ ᠢ ᠮᠢᠨᠢ ᠰᠡᠷᠭᠦᠭᠡᠳᠡᠭ ᠤᠶᠠᠩᠭᠭᠠᠯᠠᠭᠳ ᠰᠠᠭᠤᠬᠤ ᠳᠤ ᠢ ᠡᠴᠢᠨ᠎ᠡ ᠵᠤᠷᠢᠭ ᠢ ᠮᠢᠨᠢ ᠪᠠᠳᠠᠷᠠᠭᠠᠳᠠᠭ ᠤᠶᠢᠯᠭᠠᠭᠠᠳ ᠰᠠᠭᠤᠬᠤ ᠳᠤ ᠤᠶᠤᠨ ᠪᠢᠯᠢᠭ ᠢ ᠮᠢᠨᠢ ᠬᠦᠪᠴᠢᠯᠡᠳᠡᠭ ᠤᠷᠴᠢᠭᠤᠯᠤᠭᠠᠳ ᠰᠠᠭᠤᠬᠤ ᠳᠤ ᠦᠬᠡ ᠦᠭᠡᠰ ᠮᠢᠨᠢ ᠬᠤᠪᠤᠷᠳᠠᠳᠠᠭ           ᠤᠯᠳᠠᠰᠢ ᠦᠭᠡᠢ ᠰᠠᠶᠢᠬᠠᠨ ᠪᠦᠳᠦᠭᠡᠯ ᠢ ᠴᠤᠭᠴᠠᠯᠠᠭᠰᠠᠨ           ᠤᠶᠤᠨ ᠪᠢᠯᠢᠭ ᠤᠨ ᠡᠷᠳᠡᠨᠢ ᠶᠢᠨ ᠲᠦᠯᠬᠢᠭᠦᠷ ᠡᠷᠢᠯᠬᠢᠯᠡᠭᠰᠡᠨ           ᠤᠶᠤᠳᠤ ᠰᠡᠴᠡᠨ ᠬᠤᠯᠠ ᠬᠠᠷᠠᠴᠠᠳᠦ ᠰᠦᠨᠡᠰᠦᠯᠢᠭ ᠬᠠᠳᠤᠨ ᠲᠠ ᠪᠤᠶᠤ                           ᠠᠮᠤᠷᠵᠢᠯᠠ ᠮᠡᠷᠭᠡᠨ ᠬᠠᠳᠤᠨ ᠤ ᠠᠷᠢᠭᠤᠬᠠᠨ ᠵᠢᠰᠦ ᠶᠢ ᠲᠠᠭᠤᠷᠢᠶᠠᠨ ᠲᠦᠷᠦᠭᠰᠡᠨ ᠠᠷᠦᠯᠤ ᠭᠤᠸ᠎ᠠ ᠬᠠᠳᠤᠨ ᠤ ᠲᠤᠳᠤᠭᠠᠳᠦ ᠲᠠᠮᠢᠷ ᠢ ᠠᠪᠴᠦ ᠲᠤᠷᠨᠢᠭᠰᠠᠨ ᠠᠭᠠᠢ ᠱᠠᠪᠳᠠᠯ᠎ᠠ ᠬᠠᠳᠤᠨ ᠤ ᠤᠬᠠᠭᠠᠨ ᠵᠤᠷᠢᠭ ᠢ  ᠰᠢᠮᠡᠵᠤ ᠦᠰᠦᠭᠰᠡᠨ ᠠᠯᠤᠨ ᠭᠤᠸ᠎ᠠ ᠡᠭᠡ ᠶᠢᠨ ᠬᠡᠬᠡᠨ ᠰᠤᠷᠭᠠᠯ ᠢᠶᠠᠷ ᠲᠤᠷᠨᠢᠵᠦ ᠬᠦᠮᠦᠵᠢᠭᠭᠰᠡᠨ           ᠠᠷᠢᠭᠤᠨ ᠴᠠᠭᠠᠨ ᠰᠤᠶᠤᠯ ᠤᠨ ᠬᠠᠳᠤᠨ ᠰᠠᠬᠢᠭᠤᠰᠤ ᠲᠠ ᠪᠤᠶᠤ           ᠠᠷᠠᠳ ᠤᠯᠠᠨ ᠤᠩᠰᠢᠭᠴᠢ ᠶᠢᠨ ᠬᠠᠳᠤᠨ ᠰᠢᠳᠦᠭᠡᠨ ᠲᠠ ᠪᠤᠶᠤ           ᠠᠭᠠᠷ ᠤᠨ ᠴᠡᠩᠭᠡᠷ ᠲᠤᠯᠬᠢᠶᠠᠨ ᠤ ᠰᠦᠨᠡᠰᠦᠯᠢᠭ ᠬᠠᠳᠤᠨ ᠲᠠ ᠪᠤᠶᠤ ᠡᠮᠡᠭᠡ ᠲᠡᠭᠡᠳᠦᠰ ᠤᠨ ᠰᠦᠭ ᠰᠦᠨᠡᠰᠦ ᠶᠢ ᠬᠠᠳᠤᠨ ᠰᠢᠯᠦᠭ ᠪᠤᠯᠭᠠᠨ ᠤᠶᠠᠩᠭᠠᠯᠠᠭᠰᠠᠨᠡᠷᠴᠢᠯᠡᠨ ᠤᠷᠤᠰᠬᠤ ᠮᠤᠩᠭᠤᠯ ᠤᠨ ᠲᠡᠦᠭᠡ ᠶᠢ ᠬᠠᠳᠤᠨ ᠤᠳᠦ ᠪᠠᠷ ᠡᠷᠢᠭᠡᠯᠡᠭᠰᠡᠨᠡᠩᠬᠡ ᠬᠤᠷᠸ᠎ᠠ ᠶᠢᠨ ᠲᠡᠩ ᠬᠠᠭᠠᠰ ᠢ ᠬᠠᠳᠤᠨ ᠮᠦᠷᠳᠦ ᠪᠤᠯᠭᠠᠨ ᠲᠠᠷᠯᠠᠬᠰᠠᠨᠡᠩ ᠦᠬᠡᠢ ᠪᠠᠶᠢᠭᠠᠯᠢ ᠶᠢᠨ ᠤᠷᠴᠢᠯ ᠬᠤᠪᠢᠷᠠᠯ ᠢ ᠬᠠᠳᠤᠨ ᠵᠠᠶᠠᠭᠠᠨ ᠳᠤ ᠵᠠᠩᠬᠢᠳᠤᠬᠰᠠᠨ           ᠪᠤᠷᠬᠠᠨ ᠬᠠᠯᠳᠤᠨ ᠠᠴᠠ ᠰᠠᠯᠠᠭᠠᠯᠠᠨ ᠨᠠᠬᠢᠶᠠᠯᠠᠵᠤ ᠤᠷᠭᠤᠬᠰᠠᠨ           ᠪᠤᠭᠤᠷᠤᠯ ᠲᠡᠤᠭᠡ ᠶᠢᠨ ᠰᠢᠨ᠎ᠡ ᠬᠠᠭᠤᠳᠠᠰᠤᠨ ᠳᠤ ᠴᠡᠴᠡᠭᠯᠡᠭᠰᠡᠨ           ᠪᠤᠯᠪᠠᠷᠠᠢ ᠤᠷᠠᠨ ᠲᠠᠷᠤᠤᠬᠠᠨ ᠭᠤᠸ᠎ᠠ ᠮᠤᠩᠭᠤᠯ ᠬᠠᠳᠤᠨ ᠲᠠ ᠪᠤᠶᠤ          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号