ᠬᠠᠳᠤᠨ ᠰᠦᠨᠡᠰᠦ ᠂ ᠲᠦᠷᠪᠡᠳᠤᠭᠡᠷ ᠪᠦᠯᠦᠭ᠂  ᠬᠤᠶᠠᠳᠤᠭᠠᠷ ᠭᠡᠰᠡᠭ
ᠨᠡᠶᠢᠲᠡᠯᠡᠭᠰᠡᠨ ᠴᠠᠭ᠄
2020-06-17
ᠠᠯᠠᠯᠲ᠋ᠤᠨ ᠪᠠᠬᠢᠲᠡᠭᠷᠢ ᠠᠭᠤᠯᠠ ᠶᠢᠨ ᠡᠩᠭᠡᠷ ᠪᠠᠯ ᠳᠤ ᠤᠶᠢᠭᠤᠷ ᠤᠨ ᠨᠡᠭᠦᠳᠡᠯᠴᠢᠳ ᠠᠮᠢᠳᠤᠷᠠᠳᠠᠭ  ᠲᠤᠷᠭᠠᠨ ᠤ ᠵᠠᠮ ᠢ ᠪᠠᠭᠠᠯᠵᠠᠭᠤᠷᠳᠠᠬᠰᠠᠨ ᠲᠠᠩᠰᠤᠭ ᠪᠠᠶᠠᠯᠢᠭ ᠭᠠᠷᠤᠯᠳᠠ ᠲᠠᠢ  ᠴᠠᠭ ᠢ ᠲᠠᠨᠢᠬᠰᠠᠨ ᠢᠳᠤᠳ᠋ ᠬᠠᠨ ᠬᠠᠷ᠎ᠠ ᠪᠤᠯᠠᠭᠠᠨ ᠤ ᠠᠷᠠᠰᠦ ᠶᠢ ᠪᠡᠯᠡᠭᠯᠡᠨᠴᠢᠩᠬᠢᠰ ᠬᠠᠭᠠᠨ ᠤ ᠢᠳᠡᠭᠡᠯ ᠢ ᠭᠦᠯᠢᠶᠡᠨ ᠲᠦᠷᠦ ᠶᠢᠨ ᠦᠬᠢᠨ ᠢᠶᠠᠷ ᠰᠤᠶᠤᠷᠬᠠᠬᠳᠠᠪᠠᠲᠡᠳᠬᠦᠵᠦ ᠲᠦᠷᠦᠭᠰᠡᠨ ᠪᠦᠷᠳᠡ ᠶᠢᠨ ᠦᠬᠢᠨ ᠲᠡᠭᠷᠢ ᠶᠢᠨ ᠡᠯᠴᠢ ᠮᠡᠳᠦ ᠬᠢᠯᠪᠠᠭ᠎ᠠ ᠲᠠᠢ  ᠲᠤᠳᠤᠭᠠᠳᠦ ᠭᠠᠳᠠᠭᠠᠳᠦ ᠲᠦᠷᠦ ᠶᠢᠨ ᠶᠠᠪᠤᠳᠠᠯ ᠢ ᠠᠯᠠᠭ᠎ᠠ ᠤᠷᠪᠠᠭᠤᠯᠬᠤ ᠮᠡᠳᠦ ᠰᠢᠳᠭᠡᠮᠤᠢ  ᠡᠴᠢᠬᠡ ᠶᠢᠨ ᠠᠯᠳᠠᠨ ᠲᠦᠷᠦ ᠳᠤ ᠠᠷᠦ ᠲᠦᠰᠢᠭ ᠪᠤᠯᠵᠤ  ᠡᠷᠬᠢᠮ ᠢᠳᠡᠭᠡᠯᠳᠦ ᠴᠢᠨᠠᠷ ᠢᠶᠠᠷ ᠠᠷᠢᠭᠤᠨ ᠨᠡᠷ᠎ᠡ ᠪᠠᠨ ᠲᠠᠭᠤᠷᠢᠰᠬᠠᠬᠰᠠᠨ  ᠠᠯᠠᠯᠲ᠋ᠤᠨ ᠪᠠᠬᠢ ᠪᠢ ᠪᠠᠷ ᠬᠠᠳᠤᠨ ᠰᠦᠨᠡᠰᠦ     ᠵᠡᠭᠦᠯᠳᠡ᠄  ᠠᠯᠠᠯᠲ᠋ᠤᠨ ︵ᠪᠠᠰᠠ ᠠᠯᠳᠠᠯᠤᠨ ᠪᠤᠶᠤ ᠠᠯᠳᠠᠯᠤᠬᠠᠨ ᠭᠡᠳᠡᠭ︶ ᠪᠤᠯ ᠴᠢᠩᠬᠢᠰ ᠬᠠᠭᠠᠨ ᠪᠤᠯᠤᠨ ᠪᠦᠷᠳᠡ ᠬᠠᠳᠤᠨ ᠤ ᠲᠠᠪᠤᠳᠤᠭᠠᠷ ᠦᠬᠢᠨ᠃ ᠤᠶᠢᠭᠤᠷ ᠤᠨ ᠢᠳᠤᠳ᠋ ᠲᠠᠢ ᠭᠡᠷᠯᠡᠪᠡ᠃ ︽ᠴᠢᠩᠬᠢᠰ ᠬᠠᠭᠠᠨ ᠰᠤᠶᠤᠷᠬᠠᠪᠠᠯ᠂ ᠠᠯᠳᠠᠨ ᠪᠦᠰᠡ ᠶᠢᠨ ᠴᠢᠨᠢ ᠭᠤᠷᠬᠢᠨ ᠠᠴᠠ ᠪᠠᠷᠢᠵᠤ᠂ ᠠᠷᠢᠭᠤᠨ ᠲᠡᠪᠡᠯ ᠤᠨ ᠴᠢᠨᠢ ᠦᠷᠡᠳᠡᠰᠦᠨ ᠠᠴᠠ ᠤᠯᠵᠤ᠂ ᠲᠠᠪᠤᠳᠤᠭᠠᠷ ᠭᠦᠪᠡᠬᠦᠨ ᠴᠢᠨᠢ ᠪᠤᠯᠵᠤ ᠭᠦᠴᠦ ᠪᠠᠨ ᠦᠭᠭᠦᠶ᠎ᠡ︕︾ ᠭᠡᠰᠡᠨ ᠢᠳᠤᠳ᠋ ᠪᠠᠷ ᠬᠠᠷ᠎ᠠ ᠪᠤᠯᠠᠭᠠᠨ ᠠᠷᠠᠰᠦ ᠂ ᠴᠠᠭᠠᠨ ᠱᠤᠩᠬᠤᠷ᠂ ᠴᠠᠭᠠᠨ ᠮᠤᠷᠢ᠂ ᠠᠯᠳᠠ ᠮᠦᠩᠬᠦ᠂ ᠰᠤᠪᠤᠳ ᠲᠠᠨ᠎ᠠ ᠮᠡᠳᠦ ᠶᠢᠨ ᠭᠦᠨᠳᠦ ᠪᠡᠯᠡᠭ ᠢ ᠴᠢᠩᠬᠢᠰ ᠬᠠᠭᠠᠨ ᠳᠤ ᠡᠷᠭᠦᠨ ᠪᠠᠷᠢᠵᠤ᠂ ︽ᠠᠵᠠ ᠬᠡᠶᠢᠮᠤᠷᠢ ᠲᠠᠢ ᠴᠢᠩᠬᠢᠰ ᠬᠠᠭᠠᠨ ᠤ ᠴᠡᠷᠢᠭ ᠢ ᠵᠤᠪᠠᠭᠠᠯ ᠦᠬᠡᠢ᠂ ᠮᠤᠷᠢᠳ ᠎ ᠢ ᠨᠢ ᠭᠦᠯᠦᠷᠡᠭᠡᠯ ᠦᠬᠡᠢ ᠨᠠᠶᠢᠷᠰᠠᠭ ᠢᠶᠠᠷ ᠢᠷᠡᠵᠦ ᠲᠠᠭᠠᠷ᠎ᠠ ᠤᠷᠤᠬᠰᠠᠨ︾ ᠪᠠᠶᠢᠨ᠎ᠠ᠃ ︽ᠠᠯ — ᠠᠯᠲ᠋ᠤᠨ︾ ᠭᠡᠳᠡᠭ ᠨᠢ ︽ᠬᠠᠭᠠᠨ ᠢ ᠤᠷᠤᠯᠠᠬᠴᠢ︾ ᠭᠡᠳᠡᠭ  ᠤᠳᠬ᠎ᠠ ᠪᠦᠬᠦᠢ ᠴᠤᠯᠠ᠃ ᠠᠯᠠᠯᠲ᠋ᠤᠨ ᠪᠠᠬᠢ ᠪᠠᠷ ᠪᠠᠶᠠᠨ ᠲᠠᠩᠰᠤᠭ ᠤᠶᠢᠭᠤᠷ ᠤᠨ ᠭᠠᠵᠠᠷ ᠨᠤᠳᠤᠭ ᠢ ᠡᠵᠡᠮᠳᠡᠨ ᠵᠠᠬᠢᠷᠴᠦ᠂ ᠡᠵᠡᠨᠳᠦ ᠭᠦᠷᠦᠨ ᠤ ᠲᠠᠷᠠᠭᠠᠴᠢ ᠶᠢᠨ ᠦᠶ᠎ᠡ ᠱᠠᠳᠤᠨ ᠳᠤ ᠴᠢᠬᠤᠯᠠ ᠨᠦᠯᠦᠬᠡ ᠦᠵᠡᠭᠦᠯᠦᠭᠰᠡᠨ ᠶᠤᠮ᠃ ᠲᠦᠮᠡᠯᠦᠨ ᠪᠠᠬᠢᠴᠡᠭᠡᠵᠢᠨ ᠳᠤ ᠪᠠᠨ ᠨᠠᠷᠠ ᠲᠠᠢ ᠲᠦᠮᠡᠯᠦᠨ ᠢ ᠬᠤᠩᠬᠢᠷᠠᠳ ᠤᠨ ᠭᠤᠷᠬᠢᠨ ᠳᠤ ᠬᠤᠯᠪᠤᠵᠤ  ᠴᠢᠷᠠᠢ ᠳᠤ ᠪᠠᠨ ᠰᠠᠷᠠ ᠲᠠᠢ ᠦᠵᠢᠨ ᠢ ᠬᠤᠷᠠᠯᠠᠰ ᠤᠨ ᠪᠤᠳᠤ ᠳᠤ ᠪᠤᠬᠳᠤᠯᠠᠪᠠᠢ  ᠴᠢᠩᠬᠢᠰ ᠪᠤᠬᠳᠠ ᠶᠢᠨ ᠴᠡᠴᠡᠨ ᠦᠬᠢᠳ ᠲᠦᠷᠬᠦᠮ ᠤᠨ ᠭᠠᠵᠠᠷ ᠲᠤ ᠪᠠᠨ ᠡᠷᠳᠡᠨᠢ  ᠴᠠᠴᠤᠬᠳᠠᠵᠤ ᠡᠯᠴᠢᠯᠡᠭᠰᠡᠨ ᠬᠠᠳᠠᠮ ᠤᠨ ᠭᠠᠵᠠᠷ᠎ᠠ ᠲᠦᠷᠦ ᠶᠢᠨ ᠲᠠᠮᠠᠭ᠎ᠠ ᠠᠳᠬᠤᠨᠠᠮᠲᠦᠮᠡᠨ ᠤᠰᠦ ᠮᠢᠩᠭᠠᠨ ᠠᠭᠤᠯᠠᠨ ᠠᠴᠠ ᠡᠴᠢᠬᠡ ᠶᠢᠨ ᠨᠤᠳᠤᠭ ᠢᠶᠠᠨ ᠮᠦᠷᠦᠭᠡᠳᠦᠨᠡᠮᠲᠤᠷᠤᠨ᠎ᠠ ᠦᠷᠦᠨ᠎ᠡ ᠶᠢᠨ ᠬᠢᠵᠠᠭᠠᠷ᠎ᠠ ᠲᠦᠷᠦ ᠶᠢᠨ ᠦᠬᠢᠳ ᠬᠠᠶᠢᠷᠠᠯᠠᠯᠳᠠᠢᠡᠬᠡ ᠶᠢᠨ ᠮᠡᠷᠭᠡᠨ ᠰᠤᠷᠭᠠᠯ ᠢᠶᠠᠷ ᠤᠬᠠᠭᠠᠨ ᠤ ᠤᠷ᠎ᠠ ᠶᠢ ᠤᠯᠠᠮᠵᠢᠯᠠᠵᠤ  ᠡᠴᠢᠬᠡ ᠶᠢᠨ ᠴᠢᠩᠭ᠎ᠠ ᠭᠦᠮᠦᠵᠢᠯ ᠢᠶᠠᠷ ᠲᠦᠷᠦ ᠶᠢᠨ ᠵᠢᠯᠤᠭᠤ ᠶᠢ ᠲᠤᠬᠳᠤᠷᠤᠬᠰᠠᠨ  ᠲᠦᠮᠡᠯᠦᠨ ᠪᠢ ᠪᠠᠷ ᠬᠠᠳᠤᠨ ᠰᠦᠨᠡᠰᠦ                                     ᠵᠡᠭᠦᠯᠳᠡ᠄  ᠲᠦᠮᠡᠯᠦᠨ ᠪᠤᠯ ᠴᠢᠩᠬᠢᠰ ᠬᠠᠭᠠᠨ ᠪᠤᠯᠤᠨ ᠪᠦᠷᠳᠠ ᠬᠠᠳᠤᠨ ᠠᠴᠠ ᠭᠠᠷᠤᠬᠰᠠᠨ ᠲᠦᠷᠪᠡᠳᠦᠭᠡᠷ ᠦᠬᠢᠨ᠃  ᠬᠤᠩᠬᠢᠷᠠᠳ ᠠᠶᠢᠮᠠᠭ ᠤᠨ ᠠᠬᠠᠯᠠᠬᠴᠢ ᠠᠯᠴᠦ ᠨᠤᠶᠠᠨ ᠤ ᠭᠦᠪᠡᠬᠦᠨ ᠴᠢᠭᠦ ᠭᠦᠷᠭᠡᠨ ᠳᠤ ᠦᠭᠪᠡ᠃ ᠤᠯᠠᠭᠠᠨ ᠪᠡᠴᠢᠨ ᠵᠢᠯ᠂ ᠲᠠᠶᠢᠽᠦ᠋ᠩ ᠦᠬᠡᠳᠡᠢ ᠬᠠᠭᠠᠨ ᠤ ᠨᠠᠢᠮᠠᠳᠤᠭᠠᠷ ᠤᠨ ︵1236 ᠤᠨ︶᠎ ᠳᠤ ᠫᠦ᠋ ᠵᠸᠦ ᠎ ᠶᠢᠨ ᠭᠤᠷᠪᠠᠨ ᠲᠦᠮᠡ ᠭᠠᠷᠤᠢ ᠢᠷᠭᠡᠨ ᠢ ᠰᠤᠶᠤᠷᠬᠠᠪᠠ᠃
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号