| | ᠵᠠᠷᠢᠮ ᠡᠷᠳᠡᠮᠳᠡᠨ ᠮᠢᠩ ᠴᠧᠩᠽᠦ ᠵᠤ᠋ ᠳ᠋ᠢ ᠶᠢ ᠶᠤᠸᠠᠨ ᠱᠦᠨ ᠳ᠋ᠢ ᠲᠤᠭᠤᠭᠠᠨᠲᠡᠮᠦᠷ ᠤᠨ ᠬᠦᠦ ᠭᠡᠳᠡᠭ | ᠃ ᠵᠤ᠋ ᠳ᠋ᠢ 1360 ᠤᠨ ᠤ 5 ᠰᠠᠷ᠎ᠠ ᠶᠢᠨ 2 ᠳᠤ ᠲᠦᠷᠦᠵᠤ᠂ ᠲᠡᠭᠦᠨ ᠤ ᠡᠴᠢᠭᠡ ᠵᠤ᠋ ᠶᠤᠸᠠᠨ ᠵᠠᠩ | 1352 ᠤᠨ ᠳᠤ ᠤᠯᠠᠭᠠᠨ ᠠᠯᠴᠢᠭᠤᠷᠳᠠᠨ ᠤ ᠴᠡᠷᠢᠭ ᠲᠤ ᠤᠷᠤᠵᠤ ᠂ 1356 ᠤᠨ ᠳᠤ ᠶᠢᠩ ᠲᠢᠶᠠᠨ ᠳᠤ | ᠬᠠᠭᠠᠨ ᠰᠠᠭᠤᠵᠠᠢ᠃ ᠲᠠᠷᠦᠢ ᠵᠤ᠋ ᠳ᠋ᠢ ᠶᠢ ᠵᠢᠷᠦᠮᠰᠡᠯᠡᠬᠦ ᠦᠶᠡᠰ ᠵᠤ᠋ ᠶᠤᠸᠠᠨ ᠵᠠᠩ ᠨᠢᠭᠡᠨᠳᠡ ᠲᠦᠷᠪᠡᠨ ᠵᠢᠯ | ᠰᠢᠬᠠᠮ ᠬᠠᠭᠠᠨ ᠰᠠᠭᠤᠵᠠᠢ᠃ ᠢᠩᠬᠢᠬᠦᠯᠡᠷ ᠶᠤᠸᠠᠨ ᠱᠦᠨ ᠳ᠋ᠢ 1368 ᠤᠨ ᠤ ᠰᠠᠷ᠎ᠠ ᠶᠢᠨ14 ᠳᠤ | ᠲᠠᠶᠢᠳᠤ ᠬᠤᠳᠠᠨ ᠠᠴᠠ ᠤᠬᠤᠷᠢᠨ ᠭᠠᠷᠬᠤ ᠦᠶᠡᠰ ᠵᠤ᠋ ᠳ᠋ᠢ ᠨᠢᠭᠡᠨᠳᠡ ᠶᠢᠰᠦᠨ ᠨᠠᠰᠤᠯᠠᠵᠠᠢ ᠃ ᠵᠤ᠋ ᠶᠤᠸᠠᠨ | ᠵᠠᠩ ᠤᠷᠳᠤᠨ ᠤ ᠰᠤᠯᠠ ᠬᠠᠳᠤᠨ ᠢ ᠦᠯᠡᠳᠡᠭᠡᠵᠦ ᠬᠡᠷᠡᠭᠯᠡᠬᠦ ᠪᠤᠯᠤᠯᠴᠠᠭ᠎ᠠ ᠶᠡᠭᠡ ᠪᠤᠯᠪᠠᠴᠦ ᠶᠢᠰᠦᠨ ᠨᠠᠰᠤᠳᠠᠢ | ᠬᠦᠦ ᠶᠢ ᠦᠷᠡᠴᠢᠯᠡᠵᠦ ᠠᠪᠬᠤ ᠠᠭᠤᠳᠠᠮᠴᠢ ᠰᠡᠳᠬᠢᠯ ᠦᠭᠡᠢ ᠶᠤᠮ᠃ 1359 —1360 ᠤᠨ ᠤ | ᠬᠤᠭᠤᠴᠠᠭᠠᠨ ᠳᠤ ᠵᠤ᠋ ᠶᠤᠸᠠᠨ ᠵᠠᠩ ᠶᠤᠸᠠᠨ ᠤᠯᠤᠰ ᠤᠨ ᠬᠠᠳᠤᠨ ᠢ ᠪᠤᠯᠢᠶᠠᠬᠤ ᠲᠡᠩᠭᠡᠭᠡ ᠦᠭᠡᠢ᠃ | ᠶᠤᠸᠠᠨ ᠤᠯᠤᠰ ᠤᠨ ᠬᠠᠭᠠᠨ ᠴᠦ ᠵᠤ᠋ ᠶᠤᠸᠠᠨ ᠵᠠᠩ ᠤᠨ ᠬᠠᠳᠤᠨ ᠲᠠᠢ ᠤᠶᠢᠷᠳᠤᠬᠤ ᠪᠤᠯᠤᠯᠴᠠᠭ᠎ᠠ ᠦᠭᠡᠢ ᠃ | ᠤᠴᠠᠷ ᠨᠢ ᠲᠤᠬᠠᠢ ᠶᠢᠨ ᠦᠶ᠎ᠡ ᠳᠤ ᠤᠯᠠᠭᠠᠨ ᠠᠯᠴᠢᠭᠤᠷᠳᠠᠨ ᠬᠦᠴᠦᠷᠭᠡᠵᠢᠵᠤ ᠂ ᠶᠤᠸᠠᠨ ᠤᠯᠤᠰ ᠤᠨ | ᠬᠦᠴᠦᠨ ᠡᠳᠦᠷ ᠢᠷᠡᠬᠦᠶ᠎ᠡ ᠪᠠᠭᠤᠷᠠᠭᠰᠠᠨ ᠃ ᠲᠡᠬᠢᠪᠠᠯ ᠡᠷᠬᠢᠮ ᠢᠵᠠᠭᠤᠷᠳᠠᠳ ᠪᠤᠰᠤᠳ ᠤᠨ ᠡᠭᠡᠨᠡᠷ ᠢ | ᠪᠤᠯᠢᠶᠠᠪᠠᠯ ᠪᠤᠯᠢᠶᠠᠬᠤ ᠠᠴᠠ ᠪᠢᠰᠢ ᠲᠠᠯᠳᠠᠭᠤᠷ ᠶᠠᠪᠤᠯᠴᠠᠬᠤ ᠦᠭᠡᠢ ᠭᠡᠳᠡᠭ᠃ | ᠬᠠᠷᠢᠨ ︽ ᠵᠤ᠋ ᠳ᠋ᠢ ᠶᠢᠨ ᠡᠵᠢ ᠨᠢ ᠮᠤᠩᠭᠤᠯ ᠬᠦᠮᠦᠨ ᠪᠤᠶᠤ︾ ᠭᠡᠳᠡᠭ ᠨᠢ ᠤᠷᠤ ᠲᠠᠢ ᠶᠠᠷᠢᠶ᠎ᠠ | ᠪᠠᠶᠢᠵᠤ ᠮᠡᠳᠡᠨ᠎ᠡ᠃ ᠡᠭᠦᠨ ᠤ ᠲᠤᠬᠠᠢ ᠲᠦᠪ ᠤᠨ ᠲᠦᠷᠪᠡᠳᠤᠭᠡᠷ ᠰᠤᠪᠠᠭ ᠴᠦ ᠮᠡᠳᠡᠭᠡᠯᠡᠵᠦ ᠪᠠᠶᠢᠭᠰᠠᠨ᠃ | ᠲᠡᠷᠡ ᠡᠷᠳᠡᠮᠳᠡᠨ ᠤ ᠶᠠᠷᠢᠬᠤ ᠪᠠᠷ ᠵᠤ᠋ ᠳ᠋ᠢ ᠶᠢᠨ ᠡᠵᠢ ᠶᠢᠨ ᠬᠢᠨᠢ ᠰᠦᠮ᠎ᠡ ᠨᠢ ᠶᠠᠭ ᠬᠤᠶᠠᠷ ᠲᠠᠰᠤᠯᠭ᠎ᠠ ᠭᠡᠷ | ᠰᠢᠭ ᠂ ᠭᠠᠳᠠᠨ᠎ᠠ ᠲᠠᠰᠤᠯᠭ᠎ᠠ ᠳᠤᠨᠢ ᠵᠤ᠋ ᠳ᠋ᠢ ᠶᠢᠨ ᠡᠵᠢ ᠬᠡᠮᠡᠭᠳᠡᠳᠡᠭ ᠬᠦᠮᠦᠨ ᠢᠶᠠᠨ ᠢᠯᠡ ᠲᠠᠬᠢᠵᠤ᠂ | ᠲᠤᠳᠤᠭᠠᠳᠤ ᠲᠠᠰᠤᠯᠭ᠎ᠠ ᠳᠤᠨᠢ ᠲᠦᠷᠦᠭᠰᠡᠨ ᠡᠵᠢ ᠪᠠᠨ ᠨᠢᠭᠤᠵᠤ ᠲᠠᠬᠢᠳᠠᠭ ᠭᠡᠨ᠎ᠡ ᠃ ᠵᠤ᠋ ᠳ᠋ᠢ ᠭᠠᠳᠠᠭᠰᠢ | ᠬᠠᠷᠢ ᠦᠨᠳᠤᠰᠤᠳᠡᠨ ᠡᠵᠢ ᠲᠠᠢ ᠭᠡᠳᠡᠭ ᠢᠶᠠᠨ ᠲᠠᠰᠤ ᠮᠡᠳᠡᠷᠡᠳᠡᠭ ᠦᠭᠡᠢ ᠭᠡᠨ᠎ᠡ᠃ ᠡᠭᠦᠨ ᠳᠤ ᠬᠡᠳᠦᠨ | ᠰᠢᠯᠳᠠᠭᠠᠨ ᠲᠠᠢ ᠪᠠᠶᠢᠵᠤ ᠮᠡᠳᠡᠨ᠎ᠡ᠃ ᠨᠢᠭᠡ ᠳᠤ ᠲᠡᠷᠡ ᠵᠤ᠋ ᠶᠤᠸᠠᠨ ᠵᠠᠩ ᠤᠨ ᠬᠠᠭᠠᠨ ᠰᠠᠭᠤᠷᠢ ᠶᠢ ᠬᠦᠴᠦ | ᠪᠠᠷ ᠡᠵᠡᠯᠡᠭᠰᠡᠨ᠂ ᠡᠶᠢᠮᠦ ᠠᠴᠠ ᠡᠷᠭᠡᠪᠰᠢ ᠲᠦᠪ ᠬᠤᠸᠠᠩᠭᠡᠦ ᠠᠴᠠ ᠲᠦᠷᠦᠭᠰᠡᠨ ᠬᠦᠦ ᠪᠠᠶᠢᠬᠤ ᠭᠡᠷᠡᠭᠳᠠᠢ᠃ | ᠬᠤᠶᠠᠷ ᠲᠤ ᠲᠡᠷᠡ ᠬᠢᠳᠠᠳ ᠦᠨᠳᠤᠰᠤᠳᠡᠨ ᠢ ᠨᠤᠶᠠᠷᠬᠠᠭᠰᠠᠨ ᠬᠠᠭᠠᠨ ᠪᠤᠯᠬᠤᠷ ᠡᠷᠭᠡᠪᠰᠢ ᠬᠢᠳᠠᠳ ᠪᠦᠰᠡᠬᠦᠢ | ᠶᠢᠨ ᠬᠦᠦ ᠪᠠᠶᠢᠬᠤ ᠭᠡᠷᠡᠭᠳᠠᠢ᠃ ᠭᠤᠷᠪᠠ ᠳᠤ ᠬᠡᠷᠪᠡ ᠮᠤᠩᠭᠤᠯ ᠡᠵᠢ ᠠᠴᠠ ᠲᠦᠷᠦᠭᠰᠡᠨ ᠬᠦᠮᠦᠨ ᠪᠠᠶᠢᠵᠤ | ᠪᠤᠯᠬᠤ ᠦᠭᠡᠢ᠃ ᠡᠭᠦᠨ ᠢ ᠬᠢᠳᠠᠳ ᠤᠨ ᠭᠠᠵᠠᠷ ᠤᠨ ᠡᠵᠡᠨ ᠠᠩᠬᠢ ᠡᠭᠦᠨ ᠢ ᠵᠦᠪᠰᠢᠶᠡᠷᠡᠬᠦ ᠦᠭᠡᠢ᠃ | |