ᠪᠠᠪᠤᠵᠠᠪ  ᠤᠨ  ᠠᠮᠢ ᠡᠷᠡᠰᠳᠡᠭᠰᠡᠨ  ᠲᠤᠬᠠᠢ ᠭᠤᠷᠪᠠᠨ ᠵᠦᠢᠯᠤᠨ ᠬᠡᠯᠡᠯᠭᠡ
ᠨᠡᠶᠢᠲᠡᠯᠡᠭᠰᠡᠨ ᠴᠠᠭ᠄
2017-01-13
        ᠯᠢᠨᠰᠢ ᠰᠢᠶᠠᠨ ᠤ  ᠤᠶᠢᠯᠠᠯᠭ᠎ᠠ  ︾ ᠳᠤ     ︽ᠪᠠᠪᠤᠵᠠᠪ ᠤᠨ  ᠭᠠᠯ ᠤᠨ  ᠬᠦᠴᠦᠨ  ᠤᠯᠠᠮ ᠲᠤᠭᠰᠢᠷᠠᠵᠤ  ᠂  ᠯᠢᠨᠰᠢ  ᠪᠠᠯᠭᠠᠰᠤ  ᠦᠨᠳᠡᠭᠡ ᠤᠪᠤᠭᠠᠯᠠᠭᠰᠠᠨ ᠰᠢᠤᠬᠠᠨ  ᠠᠶᠤᠯᠳᠠᠢ  ᠪᠤᠯᠬᠤ ᠲᠤᠬᠠᠢ  ᠢ ᠵᠢᠶᠦ᠋ᠨ ᠴᠡᠷᠢᠭ ᠤᠨ  ᠰᠢᠦᠢ ᠺᠧ ᠡᠦ ᠬᠡᠮᠡᠭᠴᠢ  ᠫᠤᠤ ᠶᠢ ᠰᠠᠶᠢᠳᠤᠷ ᠬᠠᠷᠠᠭᠠᠯᠠᠨ  ᠲᠠᠷᠠᠭᠠᠯᠠᠨ ᠭᠤᠷᠪᠠᠨᠳᠠ  ᠫᠤᠤᠳᠠᠪᠠ᠃  ᠨᠢᠭᠡᠳᠦᠭᠡᠷ  ᠬᠠᠷᠪᠤᠯᠳᠠ ᠨᠢ  ᠬᠠᠷᠠᠯᠳᠠ ᠪᠠᠨ ᠲᠠᠪᠠᠨ  ᠂ ᠬᠤᠶᠠᠳᠤᠭᠠᠷ ᠬᠠᠷᠪᠤᠯᠳᠠ ᠨᠢ  ᠶᠠᠭ ᠰᠠᠶ᠋ᠢᠬᠠᠨ  ᠪᠠᠪᠤᠵᠠᠪ ᠤᠨ  ᠶᠡᠭᠡ ᠫᠤᠤ ᠶᠢᠨ  ᠠᠮᠨᠨ   ᠶᠢ ᠤᠨᠤᠨ ᠲᠡᠯᠪᠡᠯᠡᠬᠦ   ᠶᠢᠨ ᠬᠠᠮᠳᠤ ᠪᠠᠪᠤᠵᠠᠪ ᠶᠢ ᠲᠡᠯᠪᠡᠴᠡᠨ ᠠᠯᠠᠪᠠ  ︾ ᠭᠡᠵᠦ ᠲᠡᠮᠳᠡᠭᠯᠡᠵᠠᠢ᠃    ᠢᠵᠢᠶᠦ᠋ᠨ ᠴᠡᠷᠢᠭ ᠤᠨ  ᠭᠤᠷᠪᠠᠳᠤᠭᠠᠷ  ᠪᠠᠲᠯᠢᠶᠦᠨ ᠤ   ᠭᠤᠸᠠᠨᠳᠠᠢ  ᠵᠠᠩ ᠰᠧ ᠫᠢᠩ  ᠄ ︽ ᠪᠠᠪᠤᠵᠠᠪ ᠰᠤᠮᠤᠨ ᠳᠤ ᠲᠡᠯᠪᠡᠴᠡᠭᠳᠡᠨ ᠦᠭᠦᠭᠰᠡᠨ ᠭᠡᠵᠠᠢ  ︾  ᠃ ᠢᠵᠢᠶᠦ᠋ᠨ ᠴᠡᠷᠢᠭ ᠲᠤ ᠠᠯᠪᠠ ᠬᠠᠰᠢᠵᠤ ᠦᠩᠭᠡᠷᠡᠭᠰᠡᠨ ᠴᠧᠨ ᠪᠤᠤ ᠵᠧᠨ  ᠄  ︽ᠰᠢᠦᠢ ᠺᠧ ᠡᠦ  ᠫᠤᠤ ᠶᠢᠨ  ᠬᠠᠷᠠᠴᠨ ᠪᠠᠨ  ᠰᠠᠶᠢᠳᠤᠷ  ᠲᠤᠬᠢᠷᠠᠭᠤᠯᠤᠭᠠᠳ   ᠬᠠᠷᠪᠤᠮᠠᠭᠴᠠ  ᠨᠦᠰᠡᠷ ᠲᠠᠭᠤᠨ ᠭᠠᠷᠴᠦ ᠰᠤᠮᠤᠨ ᠲᠡᠯᠢᠩ  ᠪᠠᠪᠤᠵᠠᠪ ᠤᠨ  ᠴᠡᠷᠢᠭ ᠤᠨ  ᠲᠤᠮᠳᠠ ᠲᠤᠰᠴᠦ  ᠤᠯᠠᠭᠠᠨ ᠵᠠᠩᠴᠢ ᠨᠦᠮᠦᠷᠡᠨ ᠴᠡᠷᠢᠭ ᠲᠠᠭᠠᠭᠤᠯᠤᠨ ᠬᠤᠳᠠ ᠶᠢ ᠲᠠᠭᠠᠷᠢᠵᠤ ᠪᠠᠶᠢᠭᠰᠠᠨ ᠪᠠᠪᠤᠵᠠᠪ   ᠢ  ᠲᠡᠯᠪᠡᠯᠡᠨ ᠠᠯᠠᠪᠠ  ᠂᠂᠂  ᠂᠂᠂  ︾ ᠭᠡᠵᠠᠢ᠃       ᠪᠠᠪᠤᠵᠠᠪ ᠤᠨ  ᠵᠡᠭᠦᠨ ᠬᠦᠮᠦᠰᠭᠡ ᠨᠢ ᠰᠤᠮᠤᠨ ᠳᠤ ᠤᠨᠤᠭᠳᠠᠭᠰᠠᠨ  ᠃  ᠲᠤᠭ ᠤᠨ   ᠲᠠᠭᠠᠭᠠᠮᠠᠯ ᠵᠧ ᠺᠠᠢ ᠴᠧᠨ  ᠄   ︽ᠪᠠᠪᠤᠵᠠᠪ  ᠤᠯᠠᠭᠠᠨ ᠵᠠᠩᠴᠢ ᠨᠦᠮᠦᠷᠡᠨ  ᠬᠠᠷ᠎ᠠ  ᠬᠢᠯᠢᠩ  ᠮᠤᠷᠢᠨ ᠳᠤ ᠮᠤᠷᠳᠠᠵᠤ  ᠴᠡᠷᠢᠭ ᠲᠠᠭᠠᠭᠠᠯᠭᠤᠨ ᠬᠤᠳᠠ ᠶᠢᠨ  ᠵᠡᠭᠦᠨ ᠬᠤᠶᠢᠳᠤ ᠦᠨᠴᠦᠭ ᠲᠤ ᠲᠠᠭᠠᠷᠢᠨ ᠬᠦᠷᠬᠦ ᠦᠶᠡᠰ  ᠫᠦᠯᠢᠶᠦᠨ᠋ᠲ ᠳᠤ ᠬᠠᠷᠪᠤᠭᠳᠠᠵᠤ  ᠮᠤᠷᠢᠨ ᠠᠴᠠ   ᠪᠠᠨ ᠤᠨᠠᠵᠤ  ᠲᠠᠭᠠᠭᠰᠠᠳ ᠨᠢ  ᠮᠤᠷᠢᠨ ᠳᠤ ᠠᠴᠢᠵᠤ ᠶᠠᠪᠤᠭᠰᠠᠨ︾ ᠭᠡᠵᠠᠢ  ᠃       ᠪᠤᠱᠤᠭ ᠲᠠᠭᠠᠨ ᠬᠤᠤᠷᠯᠠᠭᠳᠠᠭᠰᠠᠨ  ᠃   ᠪᠠᠪᠤᠵᠠᠪ   ᠤᠨ  ᠭᠤᠷᠪᠠᠳᠤᠭᠠᠷ ᠬᠦᠪᠡᠭᠦᠨ ᠵᠢᠭᠵᠦᠷᠵᠠᠪ  ︽ ᠪᠠᠪᠤᠵᠠᠪ ᠤᠨ  ᠦᠢᠯᠡ ᠭᠡᠷᠡᠭ ᠤᠨ  ᠱᠠᠰᠢᠳᠢᠷ︾ ᠬᠡᠮᠡᠬᠦ ᠨᠤᠮ ᠳᠠᠭᠠᠨ  ᠪᠠᠪᠤᠵᠠᠪ  ᠢᠯᠡᠯᠳᠡ ᠶᠢᠨ  ᠡᠷᠴᠢᠨ᠎ᠡ  ᠵᠡᠭᠦᠨ ᠬᠠᠭᠠᠯᠭ᠎ᠠ ᠪᠠᠷ ᠲᠠᠭᠠᠷᠢᠨ ᠤᠷᠤᠬᠤ ᠦᠶᠡᠰ  ᠭᠡᠨᠡᠳᠳᠡ ᠵᠡᠭᠦᠨ ᠬᠦᠮᠦᠰᠭᠡ ᠨᠢ  ᠰᠤᠮᠤᠨ ᠳᠤ  ᠤᠨᠤᠭᠳᠠᠨ ᠦᠬᠦᠪᠠᠢ  ᠂ ᠬᠤᠵᠢᠮ  ᠯᠠᠪᠯᠠᠬᠤ ᠳᠤ ᠨᠢᠭᠡ ᠪᠤᠱᠤᠭ ᠨᠢ ᠠᠬ᠎ᠠ ᠶᠢᠨ   ᠢᠶᠠᠨ ᠦᠰᠢᠶ᠎ᠡ ᠶᠢ ᠠᠪᠬᠤ ᠶᠢᠨ ᠲᠦᠯᠦᠭᠡ  ᠲᠡᠭᠦᠨ ᠢ  ᠬᠤᠤᠷᠯᠠᠵᠠᠢ  ︾ ᠭᠡᠵᠠᠢ᠃ ᠲᠤᠬᠠᠢ ᠶᠢᠨ  ᠭᠠᠵᠠᠷ ᠲᠤ ᠪᠠᠶᠢᠭᠰᠠᠨ ᠵᠧᠩ ᠶᠤᠸᠠᠢ᠂  ᠲᠦᠮᠡᠨᠪᠦ᠋ᠭᠡ ᠨᠠᠷ  ᠄ ︽ ᠪᠠᠪᠤᠵᠠᠪ  ᠪᠤᠱᠤᠭ ᠲᠠᠭᠠᠨ  ᠬᠤᠤᠷᠯᠠᠭᠳᠠᠭᠰᠠᠨ︾ ᠭᠡᠵᠠᠢ᠃  ᠲᠡᠳᠡᠨᠡᠷ ᠶᠠᠷᠢᠬᠤ ᠳᠠᠭᠠᠨ  ︽ᠪᠠᠪᠤᠵᠠᠪ ᠵᠡᠭᠦᠨ ᠠᠭᠤᠯᠠᠨ ᠠᠴᠠ  ᠫᠤᠤᠳᠤ ᠴᠡᠷᠢᠭ ᠢ   ᠵᠢᠯᠤᠭᠤᠳᠬᠤ ᠦᠶᠡᠰ  ᠨᠢᠭᠡ ᠪᠤᠱᠤᠭ ᠨᠢ  ᠠᠬ᠎ᠠ ᠶᠢᠨ   ᠢᠶᠠᠨ ᠦᠰᠢᠶ᠎ᠡ ᠶᠢ ᠠᠪᠬᠤ   ᠶᠢᠨ  ᠲᠦᠯᠦᠭᠡ  ᠵᠡᠭᠦᠨ ᠲᠠᠯ᠎ᠠ ᠠᠴᠠ   ᠨᠢ ᠰᠡᠮᠡᠭᠡᠷ ᠫᠤᠤᠳᠠᠵᠤ ᠤᠷᠬᠢᠭᠠᠳ  ᠦᠢᠮᠡᠭᠡᠨ ᠢ  ᠲᠠᠯᠢᠮᠳᠠᠭᠤᠯᠤᠨ  ᠬᠡᠳᠦᠨ ᠴᠡᠷᠢᠭ ᠲᠠᠭᠠᠭᠠᠤᠯᠤᠨ ᠮᠢ ᠵᠧᠨ ᠪᠢᠶᠤᠤ ᠳᠤ ᠲᠠᠭᠠᠵᠠᠢ᠃  ᠮᠢ ᠲᠡᠭᠦᠨ ᠳᠤ ᠨᠢᠭᠡ ᠬᠠᠷᠠᠭᠤᠯ ᠤᠨ  ᠲᠠᠷᠤᠭ᠎ᠠ ᠶᠢᠨ  ᠬᠡᠷᠭᠡᠮ ᠱᠠᠩᠨᠠᠭᠰᠠᠨ ᠪᠤᠯᠪᠠᠴᠦ ᠬᠡᠳᠦᠨ ᠡᠳᠦᠷ ᠪᠤᠯᠤᠯ ᠦᠭᠡᠢ  ᠫᠤᠤᠳᠠᠨ ᠰᠡᠶᠢᠳᠪᠤᠷᠢᠯᠡᠵᠠᠢ᠃  ᠡᠨᠡᠬᠦ ᠬᠡᠯᠡᠯᠭᠡ ᠨᠢ  ᠫᠧᠩ ᠵᠤ᠋ ᠰᠠᠨ ᠤ  ︽ᠪᠠᠪᠤᠵᠠᠪ ᠤᠨ  ᠬᠠᠷ᠎ᠠ ᠰᠤᠮᠤᠨ ᠳᠤ  ᠤᠨᠤᠭᠳᠠᠭᠰᠠᠨ  ︾  ᠭᠡᠬᠦ ᠭᠡᠯᠡᠯᠭᠡ ᠲᠠᠢ ᠨᠡᠶᠢᠴᠡᠵᠤ ᠪᠠᠶᠢᠨ᠎ᠠ᠃  ᠠᠭᠤᠯᠠᠭ᠎ᠠ ᠨᠢ  ︽1916 ᠤᠨ ᠤ 10 ᠰᠠᠷ᠎ᠠ   ᠶᠢᠨ 8 ᠤ ᠡᠳᠦᠷ  ᠪᠠᠪᠤᠵᠠᠪ  ᠴᠡᠷᠢᠭ ᠲᠠᠭᠠᠭᠤᠯᠤᠨ  ᠲᠤᠳᠤᠭᠰᠢ ᠬᠠᠯᠳᠠᠵᠤ  ᠯᠢᠨᠰᠢ ᠪᠠᠯᠭᠠᠰᠤᠨ ᠤ ᠵᠡᠭᠦᠨ ᠬᠠᠭᠠᠯᠭᠠᠨ ᠤ ᠭᠠᠳᠠᠨ᠎ᠠ ᠬᠦᠷᠴᠦ  ᠠᠰᠢᠭᠳᠠᠢ ᠪᠠᠶᠢᠷᠢ ᠶᠢ ᠡᠵᠡᠯᠡᠵᠦ  ᠂ ᠠᠭᠤᠯᠠ   ᠶᠢᠨ ᠤᠷᠦᠢ ᠠᠴᠠ  ᠶᠡᠭᠡ  ᠫᠤᠤ  ᠪᠠᠷ ᠬᠤᠳᠠ ᠶᠢ ᠲᠡᠯᠪᠡᠴᠡᠨ  ᠢᠵᠢᠶᠦ᠋ᠨ ᠴᠡᠷᠢᠭ ᠢ  ᠬᠤᠳᠠ ᠶᠢᠨ  ᠲᠤᠮᠳᠠ ᠪᠤᠭᠤᠮᠢᠯᠠᠨ ᠪᠠᠶᠢᠳᠠᠯ ᠲᠦᠭᠰᠢᠭᠦᠷᠢᠳᠠᠢ  ᠪᠤᠯᠭᠠᠨ   ᠴᠡᠷᠢᠭ ᠠᠷᠠᠳ ᠪᠠᠷᠠᠭᠤᠨ ᠬᠠᠭᠠᠯᠭ᠎ᠠ ᠪᠠᠷ  ᠤᠬᠤᠷᠢᠬᠤ ᠨᠢ ᠬᠠᠷᠠᠭᠳᠠᠵᠤ ᠡᠬᠢᠯᠡᠵᠠᠢ᠃  ᠲᠤᠬᠠᠢ ᠶᠢᠨ  ᠦᠶ᠎ᠡ ᠳᠤ ᠪᠠᠪᠤᠵᠠᠪ ᠲᠤᠷᠠᠨ ᠢᠶᠠᠷ  ᠪᠠᠶᠢᠯᠳᠤᠭᠠᠨ ᠤ ᠪᠠᠶᠢᠳᠠᠯ ᠢ  ᠠᠵᠢᠭᠯᠠᠵᠤ ᠪᠠᠶᠢᠬᠤ ᠳᠤ  ᠪᠠᠳᠤᠮᠦ᠋ᠩᠭᠡ ᠭᠡᠭᠴᠢ  ᠨᠢᠭᠡ ᠴᠡᠷᠢᠭ ᠨᠢ  ᠠᠬ᠎ᠠ ᠶᠢᠨ   ᠢᠶᠠᠨ ᠦᠰᠢᠶ᠎ᠡ ᠶᠢ ᠠᠪᠬᠤ ᠶᠢᠨ  ᠲᠦᠯᠦᠭᠡ  ᠲᠡᠭᠦᠨ ᠢ  ᠬᠡᠨᠡᠳᠳᠡ ᠫᠤᠤᠳᠠᠵᠤ ᠤᠷᠬᠢᠭᠠᠳ ᠮᠢ ᠵᠧᠨ ᠪᠢᠶᠤᠤ ᠳᠤ ᠲᠠᠭᠠᠭᠠᠰᠠᠨ ᠪᠠᠶᠢᠨ᠎ᠠ᠃  ᠮᠢ ᠵ᠊ᠧᠨ ᠪᠢᠶᠤᠤ ᠲᠡᠭᠦᠨ ᠢ  ︽ᠲᠡᠭᠡᠷᠡᠮ ᠤᠨ  ᠲᠦᠷᠦᠭᠦᠦ ᠪᠠᠪᠤᠵᠠᠪ ᠢ  ᠠᠯᠠᠭᠰᠠᠨ ᠪᠠᠭᠠᠳᠤᠷ ᠢᠳᠡᠳᠡᠨ︾  ᠭᠡᠮᠡᠨ ᠨᠢᠭᠡ ᠬᠠᠷᠠᠭᠤᠯ ᠤᠨ  ᠲᠠᠷᠤᠭ᠎ᠠ ᠶᠢᠨ  ᠵᠡᠷᠭᠡ ᠱᠠᠩᠨᠠᠭᠠᠳ  ᠬᠡᠳᠦᠨ ᠡᠳᠦᠷ ᠪᠤᠯᠤᠯ ᠦᠭᠡᠢ  ︽ᠲᠡᠭᠡᠷᠡᠬᠢ ᠲᠠᠢ ᠪᠠᠨ ᠬᠠᠯᠳᠠᠭᠰᠠᠨ᠂  ᠦᠨᠳᠤᠰᠤᠳᠡᠨ   ᠳᠡᠭᠡᠨ ᠦᠨᠨᠡᠴᠢ ᠦᠭᠡᠢ᠂ ᠤᠯᠤᠰ ᠬᠦᠷᠦᠨ ᠳᠤ ᠵᠢᠷᠦᠮ ᠦᠭᠡᠢ  ︾ ᠭᠡᠰᠡᠨ ᠶᠠᠯ᠎ᠠ ᠲᠤᠯᠭᠠᠵᠤ ᠢᠵᠢᠶᠦ᠋ᠨ ᠴᠡᠷᠢᠭ ᠤᠨ  ᠦᠷᠡᠭᠳᠡᠭᠰᠡᠳ ᠤᠨ  ᠤᠩᠭᠤᠨ ᠤ ᠭᠠᠵᠠᠷ ᠠᠯᠠᠬᠤ ᠶᠠᠯ᠎ᠠ ᠪᠠᠷ  ᠰᠢᠳᠭᠡᠵᠠᠢ᠃  ᠡᠭᠦᠨ ᠢ   ᠫᠧᠩ ᠵᠤ᠋ ᠰᠠᠨ  ︽ ᠮᠢ ᠵᠧᠨ ᠪᠢᠶᠤᠤ ᠪᠠᠪᠤᠵᠠᠪ ᠢ  ᠪᠠᠶᠢᠯᠳᠤᠭᠠᠨ   ᠤ ᠲᠤᠮᠳᠠ ᠫᠤᠤᠳᠠᠭᠳᠠᠨ ᠦᠬᠦᠵᠦ  ᠭᠡᠵᠦ ᠴᠡᠷᠢᠭ ᠤᠨ ᠪᠠᠶᠢᠳᠠᠯ ᠢ  ᠬᠤᠳᠠᠯ ᠢᠶᠠᠷ  ᠮᠡᠳᠡᠭᠦᠯᠦᠭᠡᠳ ᠡᠨᠡᠬᠦ ᠲᠠᠭᠠᠭᠰᠠᠨ ᠪᠤᠱᠤᠭ ᠢ ᠦᠨᠡᠨ ᠪᠠᠶᠢᠳᠠᠯ   ᠢ  ᠵᠠᠳᠠᠷᠠᠭᠤᠯᠬᠤ ᠠᠴᠠ ᠪᠤᠯᠭᠤᠮᠵᠢᠯᠠᠨ ᠲᠡᠭᠦᠨ ᠢ  ᠫᠤᠤᠳᠠᠵᠤ ᠠᠷᠢᠯᠭᠠᠵᠠᠢ  ︾ ᠭᠡᠵᠦ ᠬᠡᠳᠦᠭᠡᠨ ᠦᠭᠡ ᠪᠠᠷ  ᠢᠯᠡᠴᠢᠯᠡᠵᠠᠢ᠃  ᠴᠢᠩ ᠤᠯᠤᠰ ᠤᠨ  ᠡᠴᠦᠰ ᠤᠨ  ᠬᠠᠭᠠᠨ  ᠫᠦ᠋ ᠢ  ᠡᠷᠬᠢᠴᠡᠭᠦᠯᠦᠭᠰᠡᠨ ᠲᠡᠮᠳᠡᠭᠯᠡᠯ ᠳᠡᠭᠡᠨ   ᠪᠠᠪᠤᠵᠠᠪ ᠲᠠᠭᠠᠭᠰᠠᠳ  ᠲᠠᠭᠠᠨ  ᠨᠢᠭᠤᠴᠨ ᠪᠠᠷ ᠬᠤᠤᠷᠯᠠᠭᠳᠠᠭᠰᠠᠨ ᠢ  ᠬᠡᠷᠡᠴᠢᠯᠡᠵᠠᠢ᠃  ︽ᠲᠤᠮᠳᠠᠳᠤ ᠤᠯᠤᠰ ᠤᠨ  ᠦᠨᠳᠤᠰᠤᠳᠡᠨ ᠤ ᠬᠦᠮᠦᠰ ᠤᠨ  ᠲᠤᠯᠢ  ︾ ᠳᠤ ︽ᠪᠠᠪᠤᠵᠠᠪ  ᠬᠠᠷ᠎ᠠ ᠰᠤᠮᠤᠨ ᠳᠤ ᠤᠨᠤᠭᠭᠳᠠᠭᠰᠠᠨ︾ ᠭᠡᠵᠠᠢ᠃  ᠵᠤᠤ ᠤᠳᠠ ᠶᠢᠨ  ᠲᠠᠩᠰᠠ ᠡᠪᠬᠡᠮᠡᠯ ᠤᠨ ᠮᠠᠲ᠋ᠠᠷᠢᠶᠠᠯ ᠳᠤ  ︽ᠬᠠᠷ᠎ᠠ ᠰᠤᠮᠤᠨ ᠳᠤ   ᠤᠨᠤᠭᠳᠠᠭᠰᠠᠨ  ︾   ᠭᠡᠵᠠᠢ᠃  ︽ᠪᠠᠭᠠᠷᠢᠨ ᠪᠠᠷᠠᠭᠤᠨ ᠬᠤᠰᠢᠭᠤᠨ ᠤ   ᠲᠡᠦᠭᠡ ᠰᠤᠶᠤᠯ ᠤᠨ  ᠮᠠᠲ᠋ᠠᠷᠢᠶᠠᠯ  ︾ ᠳᠤ ᠮᠦᠨᠴᠦ  ᠢᠩᠬᠢᠵᠤ ᠶᠠᠷᠢᠵᠠᠢ᠃             ᠠᠳᠡ ᠪᠢᠳᠡ ᠪᠠᠪᠤᠵᠠᠪ ᠤᠨ  ᠡᠷᠡᠰᠳᠡᠭᠰᠡᠨ ᠭᠤᠷᠪᠠᠨ ᠵᠦᠢᠯᠤᠨ ᠬᠡᠯᠡᠯᠭᠡ ᠶᠢᠨ ᠲᠤᠬᠠᠢ ᠶᠠᠮᠠᠷᠴᠦ ᠦᠵᠡᠯᠳᠡ ᠲᠤᠷᠠᠳᠬᠤ ᠦᠭᠡᠢ᠃  ᠬᠠᠷᠢᠨ ᠤᠳᠠᠯ ᠦᠭᠡᠢ ᠬᠡᠪᠯᠡᠭᠳᠡᠬᠦ  ︽ᠯᠢᠨᠰᠢ ᠰᠢᠶᠠᠨ ᠤ ᠭᠠᠵᠠᠷ ᠤᠨ   ᠨᠡᠷᠡᠰ  ᠤᠨ  ᠢᠷᠡᠯᠳᠡ  ︾ ᠬᠡᠮᠡᠬᠦ ᠨᠤᠮ ᠳᠠᠭᠠᠨ  ︽ᠰᠤᠮᠤᠨ ᠳᠤ ᠤᠨᠤᠭᠳᠠᠭᠰᠠᠨ︾  ᠭᠡᠵᠦ ᠶᠠᠷᠢᠬᠤ  ᠪᠤᠯᠤᠭᠰᠠᠨ ᠢᠶᠠᠨ  ᠴᠤᠬᠤᠰ ᠶᠠᠷᠢᠶ᠎ᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号