ᠶᠠᠮᠠᠷ  ᠰᠢᠯᠳᠠᠭᠠᠨ  ᠢᠶᠠᠷ  ᠴᠢᠮᠪᠠᠢ ᠬᠠᠳᠤᠨ ᠤ  ᠱᠤᠭᠤᠮᠠᠯ  ᠢ  ᠪᠠᠷᠠᠭᠤᠨᠰᠢ ᠬᠠᠨᠳᠦᠭᠤᠯᠠᠭᠰᠠᠨ  ᠪᠤᠢ
ᠨᠡᠶᠢᠲᠡᠯᠡᠭᠰᠡᠨ ᠴᠠᠭ᠄
2017-01-13
       ᠤᠯᠠᠭᠠᠭᠠᠨᠬᠠᠳᠠ  ᠬᠤᠳᠠ ᠶᠢᠨ  ᠰᠢᠨ ᠴᠧᠩ ᠲᠤᠭᠤᠷᠢᠭ   ᠲᠤ  ᠨᠢᠭᠡᠨ   ᠡᠪᠡᠰᠦ ᠮᠤᠳᠤ   ᠪᠠᠷ    ᠪᠦᠷᠭᠦᠭᠰᠡᠨ  ᠵᠢᠵᠡᠭᠭᠡᠨ  ᠲᠠᠯᠠᠪᠠᠢ  ᠪᠤᠢ  ᠃    ᠲᠤᠮᠳᠠ   ᠨᠢ   ᠶᠤᠸᠠᠨ ᠰᠢᠽᠦ  ᠬᠤᠪᠢᠯᠠᠢ   ᠶᠢᠨ  ᠵᠤᠤ  ᠷᠦᠢ  ᠲᠡᠭᠡᠳᠦ ᠬᠠᠳᠤᠨ  ᠴᠢᠮᠪᠠᠢ ᠶᠢᠨ  ᠱᠤᠭᠤᠮᠠᠯ   ᠢ  ᠪᠠᠷᠠᠭᠤᠨᠰᠢ ᠬᠠᠨᠳᠦᠭᠤᠯᠠᠨ ᠪᠤᠰᠬᠠᠵᠠᠢ  ᠃    ᠪᠢ ᠬᠠᠷᠠᠩᠭᠤᠳᠠ  ᠰᠤᠴᠢᠨ  ᠭᠠᠶᠢᠬᠠᠵᠦ  ᠤᠴᠠᠷ ᠢ   ᠨᠢ ᠦᠯᠦ ᠤᠶᠢᠯᠭᠠᠪᠠ  ᠃   ᠬᠢᠳᠠᠳ  ᠦᠨᠳᠦᠰᠦᠳᠡᠨ ᠡᠷᠳᠡᠨ ᠠᠴᠠ  ᠪᠠᠷᠠᠭᠤᠨᠰᠢ ᠬᠠᠷᠠᠬᠤ ᠶᠢ  ᠬᠠᠮᠤᠭ   ᠤᠨ  ᠲᠤᠤᠷᠠᠳᠤ   ᠪᠠᠷ  ᠦᠵᠡᠳᠡᠭ  ᠃  ᠮᠤᠩᠭᠤᠯ  ᠦᠨᠳᠦᠰᠦᠳᠡᠨ  ᠴᠦ  ᠶᠤᠸᠠᠨ ᠭᠦᠷᠦᠨ ᠤ  ᠦᠶ᠎ᠡ   ᠠᠴᠠ   ᠪᠠᠷᠠᠭᠤᠨᠰᠢ ᠬᠠᠷᠠᠬᠤ   ᠶᠢ    ᠲᠤᠤᠷᠠᠳᠤ   ᠪᠠᠷ  ᠦᠵᠡᠬᠦ   ᠪᠠᠷ  ᠪᠤᠯᠵᠤ  ᠡᠬᠢᠯᠡᠭᠰᠡᠨ  ᠃  ᠯᠠᠪᠯᠠᠨ ᠰᠤᠨᠤᠰᠬᠤᠯ᠎ᠠ  ᠲᠤᠰᠬᠠᠢ ᠮᠡᠷᠭᠡᠵᠢᠯᠳᠡᠨ  ᠂  ᠡᠷᠳᠡᠮᠳᠡᠨ  ᠨᠠᠷ  ᠱᠤᠭᠤᠮᠠᠯ  ᠪᠤᠰᠬᠠᠬᠤ ᠠᠵᠢᠯ   ᠳᠤ  ᠤᠷᠤᠯᠴᠠᠭᠰᠠᠨ ᠭᠡᠮᠨᠡᠮ  ᠃   ᠲᠠᠳᠡᠨᠡᠷ  ᠬᠢᠳᠡᠳ   ᠤᠨ   ᠵᠠᠩ ᠵᠠᠩᠰᠢᠯ   ᠢ  ᠤᠶᠢᠯᠭᠠᠬᠤ ᠪᠠᠷ ᠦᠭᠡᠢ ᠪᠠ  ︖  ᠭᠠᠭᠴᠠᠬᠦ   ᠤᠮᠳᠤᠭᠠᠶᠢᠯᠠᠨ  ᠲᠠᠰᠢᠶᠠᠷᠭᠰᠠᠨ  ᠲᠡᠳᠦᠢ  ᠪᠠᠶᠢᠵᠦ ᠮᠡᠳᠡᠬᠦ ᠶᠤᠮ  ᠃  ᠰᠢᠨ᠎ᠡ  ᠲᠤᠮᠳᠠᠳᠤ  ᠤᠯᠤᠰ  ᠪᠠᠶᠢᠭᠤᠯᠤᠭᠳᠠᠭᠠᠳ  ᠵᠢᠷᠡᠨ ᠵᠢᠯ  ᠪᠤᠯᠴᠢᠬᠠᠭᠰᠠᠨ ᠪᠠᠶᠢᠬᠤ   ᠳᠤ  ᠦᠨᠳᠦᠰᠦᠳᠦᠳᠡᠨ   ᠤ   ᠨᠠᠵᠠᠭᠠᠢ ᠦᠵᠡᠯ  ᠠᠷᠠᠢ ᠪᠢᠰᠢ  ᠪᠠᠶᠢᠬᠤ  ᠂ ᠮᠤᠩᠭᠤᠯ  ᠦᠨᠳᠦᠰᠦᠳᠡᠨ ᠤ  ᠡᠷᠳᠡᠮᠳᠡᠨ  ᠤᠷᠤᠯᠴᠠᠭᠰᠠᠨ  ᠦᠭᠡᠢ  ᠭᠡᠵᠠᠢ    ︖   ᠡᠰᠭᠦᠯ᠎ᠡ  ᠰᠠᠨᠠᠯ  ᠲᠤᠷᠠᠳᠤᠭᠰᠠᠨ ᠦᠭᠡᠢ  ᠪᠠᠶᠢᠬᠤ  ︖  ᠃        ᠲᠤᠮᠳᠠᠳᠤ   ᠶᠢᠨ  ᠲᠠᠪᠤᠨ ᠮᠢᠩᠭᠠᠨ ᠤᠨ   ᠤ  ᠪᠤᠯᠪᠠᠰᠤᠨ  ᠲᠡᠦᠬᠡᠨ   ᠳᠤ  ᠡᠯ᠎ᠡ  ᠦᠨᠳᠦᠰᠦᠳᠡᠨ  ᠡᠪ ᠨᠠᠶᠢᠷᠠᠳᠠᠢ   ᠪᠠᠷ  ᠬᠠᠮᠳᠦ   ᠪᠠᠷ  ᠤᠷᠤᠰᠢᠵᠦ   ᠢᠷᠡᠭᠰᠡᠨ᠃  ᠲᠡᠦᠬᠡ ᠶᠢᠨ   ᠠᠤᠭ᠎ᠠ ᠤᠷᠦᠰᠬᠠᠯ   ᠤᠨ  ᠲᠤᠮᠳᠠ ᠠᠯᠢ ᠨᠢᠭᠡ  ᠦᠨᠳᠦᠰᠦᠳᠡᠨ   ᠨᠢ  ᠲᠤᠮᠳᠠᠳᠤ  ᠤᠷᠤᠨ   ᠢ  ᠨᠤᠶᠠᠷᠬᠠᠵᠦ  ᠲᠦᠷᠦ ᠪᠠᠶᠢᠭᠤᠯᠤᠨ  ᠬᠠᠭᠠᠨ ᠰᠠᠭᠤᠭᠰᠠᠨ ᠴᠦ  ᠪᠦᠬᠦᠨ ᠢᠶᠠᠷ   ᠢᠶᠠᠨ  ᠲᠤᠮᠳᠠᠳᠤ  ᠤᠯᠤᠰ   ᠤᠨ  ᠬᠠᠤᠯᠢ ᠶᠤᠰᠤᠨ ᠤ  ᠡᠵᠡᠨ ᠬᠠᠭᠠᠨ  ᠪᠠᠶᠢᠵᠦ   ᠲᠡᠦᠬᠡᠨ ᠬᠦᠭᠵᠢᠯᠳᠡ ᠳᠤ  ᠤᠮᠳᠤᠭᠠᠶᠢᠯᠠᠵᠤ  ᠪᠤᠯᠤᠰᠢ ᠦᠭᠡᠢ ᠬᠤᠪᠢ ᠨᠡᠮᠡᠭᠦᠷᠢ ᠪᠠᠨ   ᠦᠵᠡᠭᠦᠯᠵᠠᠢ‌‍ᠢ  ᠃   ᠬᠢᠳᠠᠳ  ᠤᠷᠤᠨ   ᠢ  ᠨᠤᠶᠠᠷᠬᠠᠭᠰᠠᠨ  ᠭᠦᠷᠦᠨ  ᠂ ᠦᠨᠳᠦᠰᠦᠳᠡᠨ  ᠂   ᠴᠢᠨᠠᠭᠰᠢᠯᠠᠪᠠᠯ  ᠠᠶᠢᠯ  ᠡᠷᠦᠬᠡ   ᠨᠢ  ᠪᠦᠬᠦᠨ   ᠢᠶᠠᠷ   ᠢᠶᠠᠨ  ᠲᠠᠷᠢᠶᠠᠯᠠᠬᠤ  ᠰᠤᠶᠤᠯ   ᠤᠨ  ᠠᠤᠭ᠎ᠠ ᠬᠦᠴᠦᠨ ᠳᠤ   ᠨᠦᠯᠦᠭᠡᠯᠡᠭᠳᠡᠨ   ᠵᠡᠭᠦᠨᠰᠢ  ᠬᠠᠨᠳᠤᠬᠤ   ᠨᠢ  ᠬᠠᠮᠤᠭ   ᠤᠨ  ᠡᠷᠬᠢᠮ  ᠂  ᠪᠠᠷᠠᠭᠤᠨᠰᠢ  ᠬᠠᠨᠳᠦᠬᠤ   ᠠᠨᠤ  ᠲᠤᠤᠷᠠᠳᠤ ᠭᠡᠳᠡᠭ  ᠵᠠᠩᠰᠢᠯ ᠢ  ᠡᠷᠬᠢᠮᠡᠯᠡᠬᠦ  ᠪᠤᠶᠤ ᠠᠩᠬᠠᠷᠠᠬᠤ ᠪᠤᠯᠵᠦ  ᠢᠷᠡᠵᠠᠢ᠃   ᠤᠳᠤᠬᠠᠨ ᠪᠤᠯᠳᠠᠯ᠎ᠠ    ᠠᠯᠢ ᠭᠦᠷᠦᠨ ᠨᠢ  ᠡᠷᠬᠢᠮ  ᠂   ᠠᠯᠢ  ᠲᠦᠷᠦ ᠨᠢ  ᠲᠤᠤᠷᠠᠳᠦ ᠭᠡᠳᠡᠭ  ᠲᠦᠪ ᠶᠤᠰᠤᠨ ᠤ ᠶᠠᠷᠢᠶ᠎ᠠ ᠬᠡᠯᠡᠯᠴᠡᠭᠡ  ᠭᠠᠷᠤᠭ᠎ᠠ ᠦᠭᠡᠢ ᠪᠠᠶᠢᠨ᠎ᠠ  ᠃  ᠡᠶᠢᠮᠦ   ᠠᠴᠠ ᠶᠤᠸᠠᠨ ᠤᠯᠤᠰ ᠤᠨ  ᠬᠠᠭᠠᠨ   ᠤ  ᠬᠠᠳᠤᠨ ᠤ  ᠱᠤᠭᠤᠮᠠᠯ   ᠢ  ᠪᠠᠷᠠᠭᠤᠨᠰᠢ ᠬᠠᠨᠳᠤᠭᠤᠯᠵᠦ  ᠪᠤᠰᠬᠠᠭᠰᠠᠨ ᠨᠢ  ᠵᠤᠬᠢᠰ  ᠦᠭᠡᠢ᠃         ᠴᠢᠩ ᠤᠯᠤᠰ   ᠤᠨ  ᠡᠬᠢᠨ ᠤ ᠦᠶ᠎ᠡ ᠶᠢᠨ  ᠠᠯᠳᠠᠷᠳᠦ ᠡᠷᠳᠡᠮᠳᠡᠨ  ᠭᠦ᠋  ᠶᠠᠨ  ᠡᠦ ᠪᠠᠶᠢᠴᠠᠭᠠᠨ ᠰᠤᠳᠤᠯᠤᠭᠰᠠᠨ ᠤ ᠰᠠᠭᠤᠷᠢᠨ ᠲᠡᠭᠡᠷ᠎ᠡ  ᠦᠭᠦᠯᠡᠷᠦᠨ  ᠄  ︽ᠡᠷᠳᠡᠨ ᠤ  ᠬᠦᠮᠦᠨ ᠵᠡᠭᠦᠨᠰᠢ  ᠵᠦᠭ   ᠢ  ᠡᠷᠬᠢᠮᠨᠡᠵᠦ   ᠪᠠᠷᠠᠭᠤᠨ   ᠵᠦᠭ   ᠢ  ᠲᠤᠤᠷᠠᠰᠢᠶᠠᠮᠦᠢ︾ ᠭᠡᠵᠠᠢ᠃  ᠡᠨᠡᠬᠦ   ᠬᠤᠷᠢᠶᠠᠩᠭᠤᠶᠢᠯᠠᠯ   ᠢ   ︽ᠰᠤᠳᠤᠷ ᠲᠡᠮᠳᠡᠭᠡᠯᠡᠯ  ᠂ ᠰᠢᠶᠠᠩ ᠢᠦᠢ ᠶᠢᠨ   ᠨᠠᠮᠳᠠᠷ  ︾ ᠤᠨ  ᠾᠦᠩ ᠮᠧᠨ ᠤ ᠬᠤᠷᠢᠮ   ᠤᠨ  ᠰᠠᠭᠤᠳᠠᠯ ᠤᠨ  ᠲᠠᠷᠠᠭᠠᠯᠠᠯ   ᠠᠴᠠ ᠮᠡᠳᠡᠵᠦ ᠪᠤᠯᠤᠨ᠎ᠠ  ᠃  ︽ ᠰᠢᠶᠠᠩ ᠢᠦᠢ  ᠂ ᠰᠢᠶᠠᠩ ᠪᠦᠸᠧ  ᠡᠮᠦᠨᠡᠰᠢ ᠬᠠᠨᠳᠤᠨ ᠰᠠᠭᠤᠵᠦ  ᠂  ᠶᠠ  ᠹᠦ᠋  ︵ᠹᠠᠨ ᠼᠧᠩ  ︶  ᠵᠡᠭᠦᠨᠰᠢ ᠬᠠᠨᠳᠤᠨ ᠰᠠᠭᠤᠵᠦ  ᠂ ᠫᠧᠢ  ᠭᠦᠩ  ︵ᠯᠢᠦ ᠪᠠᠩ  ︶  ᠬᠤᠶᠢᠰᠢ  ᠬᠠᠨᠳᠦᠨ ᠰᠠᠭᠤᠵᠦ ᠂  ᠵᠠᠩ  ᠯᠢᠶᠠᠩ  ᠪᠠᠷᠠᠭᠤᠨᠰᠢ ᠬᠠᠨᠳᠦᠨ  ᠰᠠᠭᠤᠵᠦ  ᠵᠤᠴᠢᠯᠠᠵᠠᠢ  ᠃  ᠡᠨᠡᠬᠦ  ᠰᠠᠭᠤᠳᠠᠯ   ᠤᠨ  ᠲᠠᠷᠠᠭᠠᠯᠠᠯ ᠨᠢ   ᠬᠠᠷᠠᠮᠠᠭᠴᠠ  ᠬᠡᠨ ᠨᠢ  ᠬᠦᠨᠳᠦ  ᠬᠡᠨ ᠨᠢ  ᠲᠤᠤᠷᠠᠳᠦ ᠭᠡᠳᠡᠭ ᠢ  ᠮᠡᠳᠡᠵᠦ ᠪᠤᠯᠤᠨ᠎ᠠ  ᠃  ᠰᠢᠶᠠᠩ  ᠢᠦᠢ  ᠦᠪᠡᠷ ᠢ   ᠪᠠᠨ ᠡᠷᠬᠢᠮ  ᠪᠠᠶᠢᠷᠢᠨ ᠳᠤ  ᠲᠠᠯᠪᠢᠵᠦ  ᠡᠮᠦᠨᠡᠰᠢ ᠬᠠᠨᠳᠦᠨ    ᠂ ᠯᠢᠦ ᠪᠠᠩ   ᠢ  ᠬᠤᠶᠢᠰᠢ ᠬᠠᠨᠳᠦᠨ ᠰᠠᠭᠤᠯᠭᠠᠵᠦ  ᠂  ᠲᠡᠭᠦᠨ   ᠢᠶᠠᠷ  ᠦᠪᠡᠷ ᠤᠨ  ᠪᠠᠶᠢᠷᠢ ᠰᠠᠭᠤᠷᠢ ᠲᠠᠢ   ᠡᠰᠡᠷᠭᠦᠴᠡᠯᠳᠦᠵᠦ ᠪᠤᠯᠬᠤ  ᠦᠭᠡᠢ ᠡᠵᠡᠨ  ᠵᠤᠴᠢᠨ   ᠤ ᠬᠠᠷᠢᠴᠠᠭ᠎ᠠ ᠶᠢ ᠬᠠᠷᠠᠭᠤᠯᠵᠦ  ᠂ ᠵᠠᠩ ᠯᠢᠶᠠᠩ ᠢᠶᠠᠷ  ᠪᠠᠷᠠᠭᠤᠨᠰᠢ ᠬᠠᠨᠳᠤᠨ ᠰᠠᠭᠤᠯᠭᠠᠵᠦ  ᠰᠢᠶᠠᠩ ᠢᠦᠢ   ᠶᠢᠨ  ᠦᠵᠡᠬᠦ ᠪᠠᠷ  ᠦᠴᠦᠬᠡᠨ ᠲᠤᠤᠷᠠᠳᠦ ᠬᠦᠮᠦᠨ  ᠃ ᠰᠧ ᠮᠠ ᠴᠢᠶᠠᠨ ᠪᠢᠷ ᠪᠡᠭᠡᠰ ᠢ  ᠬᠠᠶᠢᠷᠯᠠᠯ ᠦᠭᠡᠢ ᠪᠠᠷ  ᠲᠡᠳᠡᠭᠡᠷ ᠬᠦᠮᠦᠰ ᠤᠨ  ᠰᠠᠭᠤᠳᠠᠯ ᠤᠨ  ᠲᠠᠷᠠᠭᠠᠯᠠᠯ ᠢ   ᠨᠠᠷᠢᠨ ᠲᠡᠮᠳᠡᠭᠡᠯᠡᠭᠰᠡᠨ ᠨᠢ  ᠰᠢᠶᠠᠩ ᠢᠦᠢ   ᠶᠢᠨ  ᠡᠨᠡᠬᠦ  ᠲᠤᠬᠢᠷᠠᠯᠭᠤᠯᠠᠯ   ᠢᠶᠠᠷ   ᠲᠡᠭᠦᠨ   ᠤ   ᠯᠢᠦ ᠪᠠᠩ ᠢ  ᠲᠤᠤᠷᠠᠰᠢᠶᠠᠵᠦ  ᠦᠪᠡᠷ ᠤᠨ  ᠪᠠᠶᠢᠷᠢ ᠰᠠᠭᠤᠷᠢ ᠪᠠᠨ  ᠲᠡᠭᠡᠰᠢᠯᠡᠭᠦᠯᠵᠦ  ᠪᠠᠶᠢᠭ᠎ᠠ  ᠤᠮᠤᠷᠬᠠᠭ  ᠰᠡᠳᠬᠢᠴᠨ ᠶᠢ  ᠢᠯᠡᠷᠡᠭᠦᠯᠵᠠᠢ᠃        ᠡᠨᠡᠬᠦ  ᠡᠷᠳᠡᠨ   ᠤ  ᠶᠤᠰᠤ ᠲᠦᠷᠢᠮ   ᠢ   ᠨᠢ  ᠮᠤᠩᠭᠤᠯ  ᠦᠨᠳᠦᠰᠦᠳᠡᠨ  ᠴᠦ ᠵᠢᠷᠦᠮᠯᠡᠬᠦ ᠪᠤᠶᠤ  ᠡᠬᠢᠯᠡᠨ ᠠᠩᠬᠷᠠᠬᠤ  ᠪᠤᠯᠵᠠᠢ᠃   ᠵᠢᠰᠢᠶᠡᠯᠡᠪᠠᠯ  ᠠᠤᠬᠠᠨ ᠤ ᠬᠠᠶᠢᠷᠬᠠᠨ  ᠸᠠᠩ ᠤᠨ   ᠲᠡᠭᠡᠳᠦᠰ   ᠤᠨ  ᠤᠩᠭᠤᠨ   ︽ ᠭᠡᠭᠡᠨ  ᠢᠵᠠᠭᠤᠷ  ︾   ᠨᠢ  ᠪᠠᠰᠠ ᠡᠨᠡᠬᠦ  ᠵᠠᠩᠰᠢᠯ   ᠢᠶᠠᠷ  ᠤᠷᠤᠰᠢᠭᠤᠯᠠᠭᠰᠠᠨ  ᠪᠠᠶᠢᠵᠠᠢ᠃   ᠤᠩᠭᠤᠨ  ᠤ ᠭᠠᠵᠠᠷ   ᠨᠢ  ᠪᠠᠷᠠᠭᠤᠨᠰᠢ   ᠴᠤᠭ   ᠪᠠᠳᠠᠷᠠᠬᠤ   ᠠᠭᠤᠯᠠ ᠶᠢ ᠲᠡᠷᠯᠡᠵᠦ  ᠂    ᠵᠡᠭᠦᠨᠰᠢ ᠮᠡᠬᠢ  ᠭᠤᠤᠯ   ᠶᠢ  ᠪᠠᠷᠠᠯᠠᠵᠦ  ᠃  ᠤᠷᠤᠰᠢᠭᠤᠯᠠᠭᠰᠠᠨ  ᠲᠠᠷᠠᠭᠠᠯᠠᠯ   ᠨᠢ  ᠬᠠᠶᠢᠷᠬᠠᠨ ᠸᠠᠩ   ᠤᠨ  ᠲᠡᠭᠡᠳᠦᠰ  ᠰᠤᠨᠤᠮ  ᠲᠦᠭᠦᠷᠡᠩ   ᠨᠢ ᠬᠠᠮᠤᠭ ᠤᠨ  ᠡᠷᠬᠢᠮ   ᠪᠠᠶᠢᠵᠦ  ᠴᠤᠭ   ᠪᠠᠳᠠᠷᠠᠬᠤ  ᠠᠭᠤᠯᠠ   ᠶᠢ  ᠵᠡᠭᠦᠨ ᠲᠠᠯ᠎ᠠ   ᠲᠠᠢ  ᠬᠠᠪᠢᠳᠠᠵᠦ   ᠵᠡᠭᠦᠨᠰᠢ   ᠬᠠᠨᠳᠤᠭᠤᠯᠵᠠᠢ  ᠃  ᠬᠤᠶᠠᠳᠤᠭᠠᠷ  ᠦᠶ᠎ᠡ ᠶᠢᠨ  ᠲᠡᠭᠡᠳᠦᠰ   ᠨᠢ  ᠵᠡᠭᠦᠨ  ᠬᠤᠶᠢᠳᠦ  ᠲᠠᠯ᠎ᠠ   ᠳᠤ ᠪᠠᠶᠢᠷᠰᠢᠵᠦ᠂   ᠵᠡᠭᠦᠨᠰᠢ ᠬᠠᠨᠳᠤᠭᠤᠯᠵᠠᠢ  ᠃  ᠭᠤᠷᠪᠠᠳᠤᠭᠠᠷ  ᠦᠶ᠎ᠡ ᠶᠢᠨ  ᠲᠡᠭᠡᠳᠦᠰ  ᠵᠡᠭᠦᠨ ᠡᠮᠦᠨ᠎ᠡ   ᠲᠠᠯ᠎ᠠ  ᠳᠤ  ᠪᠠᠶᠢᠷᠰᠢᠵᠦ᠂  ᠵᠡᠭᠦᠨᠰᠢ ᠬᠠᠨᠳᠤᠵᠠᠢ  ᠃  ᠲᠦᠷᠪᠡᠳᠦᠭᠡᠷ ᠦᠶ᠎ᠡ ᠶᠢᠨ  ᠲᠡᠭᠡᠳᠦᠰ   ᠬᠤᠶᠠᠳᠤᠭᠠᠷ  ᠦᠶ᠎ᠡ  ᠶᠢᠨ  ᠵᠡᠭᠦᠨ ᠲᠠᠯ᠎ᠠ   ᠳᠤ  ᠪᠠᠶᠢᠷᠰᠢᠵᠦ ᠵᠡᠭᠦᠨᠰᠢ  ᠬᠠᠨᠳᠤᠵᠠᠢ  ᠃  ᠲᠠᠪᠤᠳᠤᠭᠠᠷ  ᠦᠶ᠎ᠡ ᠶᠢᠨ  ᠬᠢᠨᠢ  ᠵᠡᠭᠦᠨ ᠲᠠᠯ᠎ᠠ   ᠳᠤ  ᠪᠠᠶᠢᠵᠦ  ᠵᠡᠭᠦᠨᠰᠢ  ᠬᠠᠨᠳᠦᠵᠠᠢ  ᠃  ᠵᠢᠷᠭᠤᠳᠤᠭᠠᠷ  ᠦᠶ᠎ᠡ ᠶᠢᠨ  ᠲᠦᠷᠪᠡᠳᠦᠭᠡᠷ  ᠦᠶ᠎ᠡ ᠶᠢᠨ   ᠢᠶᠠᠨ  ᠵᠡᠭᠦᠨ ᠲᠠᠯ᠎ᠠ   ᠳᠤ  ᠂  ᠵᠡᠭᠦᠨᠰᠢ ᠬᠠᠨᠳᠦᠵᠠᠢ  ᠃  ᠲᠤᠯᠤᠳᠤᠭᠠᠷ  ᠦᠶ᠎ᠡ   ᠨᠢ  ᠲᠠᠪᠤᠳᠤᠭᠠᠷ  ᠦᠶ᠎ᠡ ᠶᠢᠨ   ᠢᠶᠠᠨ  ᠵᠡᠭᠦᠨ  ᠲᠠᠯ᠎ᠠ ᠳᠤ  ᠵᠡᠭᠦᠨᠰᠢ ᠬᠠᠨᠳᠤᠭᠤᠯᠵᠠᠢ  ᠃  ᠨᠠᠶᠢᠮᠠᠳᠤᠭᠠᠷ  ᠦᠶ᠎ᠡ ᠨᠢ  ᠵᠢᠷᠭᠤᠳᠤᠭᠠᠷ  ᠦᠶ᠎ᠡ   ᠶᠢᠨ  ᠵᠡᠭᠦᠨ ᠲᠠᠯ᠎ᠠ ᠳᠤ  ᠵᠡᠭᠦᠨᠰᠢ ᠬᠠᠨᠳᠦᠭᠤᠯᠵᠠᠢ  ᠃ ᠶᠢᠰᠦᠳᠦᠭᠡᠷ  ᠦᠶ᠎ᠡ ᠨᠢ  ᠲᠤᠯᠤᠳᠤᠭᠠᠷ  ᠦᠶ᠎ᠡ ᠶᠢᠨ   ᠢᠶᠠᠨ  ᠵᠡᠭᠦᠨ ᠲᠠᠯ᠎ᠠ   ᠳᠤ ᠵᠡᠭᠦᠨᠰᠢ ᠬᠠᠨᠳᠦᠵᠠᠢ  ᠃  ᠠᠷᠪᠠᠳᠤᠭᠠᠷ  ᠦᠶ᠎ᠡ ᠨᠢ  ᠨᠠᠶᠢᠮᠠᠳᠤᠭᠠᠷ  ᠦᠶ᠎ᠡ ᠶᠢᠨ   ᠢᠶᠠᠨ  ᠵᠡᠭᠦᠨ ᠲᠠᠯ᠎ᠠ   ᠳᠤ ᠵᠡᠭᠦᠨᠰᠢ  ᠬᠠᠨᠳᠦᠵᠠᠢ  ᠃ ᠠᠷᠪᠠᠨ  ᠨᠢᠭᠡᠳᠦᠭᠡᠷ  ᠦᠶ᠎ᠡ ᠨᠢ  ᠶᠢᠰᠦᠳᠦᠭᠡᠷ  ᠦᠶ᠎ᠡ   ᠶᠢᠨ  ᠵᠡᠭᠦᠨ  ᠲᠠᠯ᠎ᠠ   ᠳᠤ  ᠵᠡᠭᠦᠨᠰᠢ ᠬᠠᠨᠳᠤᠭᠤᠯᠵᠠᠢ  ᠃  ᠠᠷᠪᠠᠨ ᠬᠤᠶᠠᠳᠤᠭᠠᠷ  ᠦᠶ᠎ᠡ ᠨᠢ ᠠᠷᠪᠠᠳᠤᠭᠠᠷ  ᠦᠶ᠎ᠡ ᠶᠢᠨ  ᠵᠡᠭᠦᠨ ᠲᠠᠯ᠎ᠠ ᠳᠤ  ᠵᠡᠭᠦᠨᠰᠢ  ᠬᠠᠨᠳᠤᠭᠤᠯᠵᠠᠢ᠃᠂  ᠠᠷᠪᠠᠨ ᠭᠤᠷᠪᠠᠳᠤᠭᠠᠷ ᠦᠶ᠎ᠡ ᠨᠢ ᠠᠷᠪᠠᠨ ᠨᠢᠭᠡᠳᠦᠭᠡᠷ  ᠦᠶ᠎ᠡ ᠶᠢᠨ  ᠵᠡᠭᠦᠨ  ᠲᠠᠯ᠎ᠠ   ᠳᠤ  ᠵᠡᠭᠦᠨᠰᠢ  ᠬᠠᠨᠳᠤᠭᠤᠯᠵᠠᠢ  ᠃᠂ ᠦᠷ᠎ᠡ  ᠬᠤᠶᠢᠴᠢᠰ   ᠨᠢ ᠵᠢᠯ ᠪᠦᠷᠢ  ᠤᠩᠭᠤᠨ ᠤ ᠭᠠᠵᠠᠷ  ᠢᠷᠡᠵᠦ ᠲᠠᠬᠢᠯᠭ᠎ᠠ ᠲᠠᠯᠪᠢᠬᠤ   ᠳᠠᠭᠠᠨ  ᠵᠡᠭᠦᠨ ᠲᠠᠯ᠎ᠠ   ᠠᠴᠠ ᠨᠢ ᠪᠠᠷᠠᠭᠤᠨᠰᠢ  ᠬᠠᠨᠳᠦᠵᠦ  ᠰᠦᠭᠦᠳᠦᠨ ᠮᠦᠷᠭᠦᠳᠡᠭ  ᠵᠠᠩᠰᠢᠯ ᠨᠢ  ᠡᠷᠳᠡᠨ ᠠᠴᠠ  ᠵᠡᠭᠦᠨ ᠲᠠᠯ᠎ᠠ ᠨᠢ  ᠡᠷᠬᠢᠮ  ᠪᠠᠷᠠᠭᠤᠨ ᠲᠠᠯ᠎ᠠ ᠨᠢ  ᠲᠤᠤᠷᠠᠳᠦ ᠭᠡᠳᠡᠭ  ᠶᠤᠰᠤᠯᠠᠯ ᠵᠢᠷᠦᠮ ᠢ  ᠬᠠᠷᠠᠭᠤᠯᠵᠦ ᠪᠠᠶᠢᠨ᠎ᠠ  ᠃ ᠭᠤᠤᠯ ᠲᠡᠭᠡᠳᠦᠰ   ᠨᠢ ᠲᠤᠮᠳᠠ   ᠳᠤ  ᠪᠠᠶᠢᠷᠰᠢᠵᠦ  ᠂ ᠭᠤᠤᠯ ᠲᠡᠭᠡᠳᠦᠰ   ᠤᠨ  ᠵᠡᠭᠦᠨ ᠲᠠᠯ᠎ᠠ ᠶᠢ  ︽ ᠭᠡᠭᠡᠨ︾  ᠭᠡᠵᠦ  ︔ ᠪᠠᠷᠠᠭᠤᠨ  ᠲᠠᠯ᠎ᠠ ᠶᠢ ᠨᠢ  ︽ ᠭᠦᠨ  ︾ ᠭᠡᠵᠦ  ᠂ ᠢᠩᠭᠢᠭᠰᠡᠨ   ᠢᠶᠠᠷ  ᠠᠦᠬᠠᠨ ᠤ   ᠬᠠᠶᠢᠷᠬᠠᠨ ᠸᠠᠩ   ᠤᠨ ᠤᠷᠳᠤᠨ   ᠤ  ᠤᠩᠭᠤᠨ ᠤ ᠭᠠᠵᠠᠷ ᠢ  ︽ᠭᠡᠭᠡᠨ  ᠢᠵᠠᠭᠤᠷ    ︾  ᠭᠡᠵᠦ ᠨᠡᠷᠡᠶᠢᠳᠴᠠᠢ᠃         ᠠᠷᠠᠳ   ᠤᠨ  ᠲᠤᠮᠳᠠ ᠪᠠᠰᠠ ᠡᠨᠡᠬᠦ  ᠶᠤᠰᠤᠯᠠᠯ ᠵᠢᠷᠦᠮ ᠢ  ᠡᠷᠬᠢᠮᠨᠡᠵᠦ  ᠬᠦᠨᠳᠦᠳᠬᠡᠳᠡᠭ  ᠃    ᠯᠤᠬ᠎ᠠ   ᠶᠢᠨ  ᠭᠤᠤᠯ ᠤᠨ  ᠰᠠᠪᠠ  ᠭᠠᠵᠠᠷ   ᠨᠤᠳᠤᠭᠰᠢᠭᠰᠠᠨ ᠠᠤᠬᠠᠨ  ᠂ ᠤᠩᠨᠢᠭᠤᠳ ᠵᠡᠷᠭᠡ  ᠭᠠᠵᠠᠷ ᠵᠡᠭᠦᠨ ᠵᠦᠭ ᠢ  ︽ᠡᠮᠦᠨ᠎ᠡ ᠵᠦᠭ︾  ᠭᠡᠵᠦ  ᠨᠡᠷᠡᠶᠢᠳᠦᠳᠡᠭ  ᠃ ᠡᠭᠦᠨ ᠠᠴᠠ  ᠦᠵᠡᠬᠦᠯ᠎ᠡ  ᠵᠡᠭᠦᠨ  ᠵᠦᠭ ᠨᠢ ᠡᠷᠬᠢᠮ  ᠂ ᠪᠠᠷᠠᠭᠤᠨ ᠲᠠᠯ᠎ᠠ ᠨᠢ ᠲᠤᠤᠷᠠᠳᠤ  ᠭᠡᠬᠦ ᠶᠤᠰᠤ  ᠲᠠᠳᠬᠠᠯ   ᠨᠢ ᠡᠷᠳᠡᠨ ᠠᠴᠠ  ᠤᠯᠠᠮᠵᠢᠯᠠᠵᠦ ᠢᠷᠡᠭᠰᠡᠨ  ᠶᠤᠰᠤ ᠵᠢᠷᠦᠮ  ᠂  ᠤᠳᠤᠬᠠᠨ   ᠳᠤ  ᠵᠠᠷᠢᠮ ᠬᠦᠮᠦᠨ  ᠵᠦᠪᠬᠡᠨ  ᠡᠮᠦᠨ᠎ᠡ ᠲᠠᠯ᠎ᠠ ᠬᠠᠮᠤᠭ ᠡᠷᠬᠢᠮ  ᠂ ᠵᠡᠭᠦᠨ ᠲᠠᠯ᠎ᠠ   ᠨᠢ  ᠬᠠᠮᠤᠭ ᠡᠷᠬᠢᠮ ᠬᠡᠮᠡᠬᠦ  ᠵᠠᠩᠰᠢᠯ  ᠠᠭᠠᠵᠢᠮ ᠢᠶᠠᠷ  ᠰᠤᠯᠠᠷᠠᠵᠠᠢ  ᠃  ︽ᠡᠮᠦᠨ᠎ᠡ  ᠲᠠᠯ᠎ᠠ ᠨᠢ ᠡᠷᠬᠢᠮ  ︾  ᠪᠤᠶᠤ  ︽ᠵᠡᠭᠦᠨ ᠲᠠᠯ᠎ᠠ ᠨᠢ ᠡᠷᠬᠢᠮ︾  ᠬᠡᠮᠡᠬᠦ ᠦᠵᠡᠯᠳᠡ ᠨᠢ  ᠭᠠᠵᠠᠷ ᠬᠤᠪᠢᠶᠠᠳᠠᠭ  ᠃  ᠲᠤᠮᠳᠠᠳᠤ ᠶᠢᠨ  ᠬᠦᠮᠦᠨ  ᠭᠡᠷ ᠪᠠᠶᠢᠰᠩ ᠪᠠᠷᠢᠬᠤ ᠳᠠᠭᠠᠨ  ᠲᠠᠩᠬᠢᠮ  ᠪᠠ ᠭᠡᠷ   ᠭᠡᠵᠦ ᠬᠤᠪᠢᠶᠠᠳᠠᠭ  ᠂ ᠲᠠᠩᠬᠢᠮ ᠬᠡᠮᠡᠵᠦ  ᠬᠠᠮᠤᠭ ᠤᠨ  ᠡᠷᠬᠢᠮ  ᠡᠭᠦᠳᠡ ᠨᠢ  ᠡᠮᠦᠨᠡᠰᠢ ᠬᠠᠨᠳᠤᠨ᠎ᠠ  ᠃  ᠡᠭᠦᠨ ᠨᠢ ᠵᠡᠭᠦᠨᠰᠢ ᠬᠠᠨᠳᠤᠪᠠᠯ  ᠭᠡᠷ  ᠬᠡᠮᠡᠵᠦ ᠬᠠᠮᠤᠭ ᠡᠷᠬᠢᠮ᠃ ᠪᠢᠳᠡᠨᠡᠷ   ᠤᠨ  ᠮᠡᠳᠡᠭᠡᠵᠠᠢ ᠪᠠᠷ  ᠡᠷᠳᠡᠨ ᠤ  ᠢᠵᠠᠭᠤᠷᠳᠠᠨ  ᠡᠵᠡᠨ  ᠬᠠᠭᠠᠨ  ᠰᠠᠶᠢᠳ ᠲᠦᠰᠢᠮᠡᠯ  ᠰᠠᠭᠤᠬᠤ ᠭᠡᠷ   ᠠᠴᠠ   ᠨᠢ ᠡᠬᠢᠯᠡᠭᠡᠳ  ᠲᠠᠬᠢᠯᠭ᠎ᠠ ᠶᠢᠨ  ᠭᠠᠵᠷ ᠬᠦᠷᠳᠠᠯ᠎ᠡ ᠴᠦᠮ  ᠲᠠᠩᠬᠢᠮ ᠪᠠ  ᠭᠡᠷ   ᠤᠨ  ᠪᠦᠳᠦᠴᠡ ᠲᠠᠢ  ᠂  ᠲᠠᠩᠬᠢᠮ  ᠬᠢᠭᠡᠳ  ᠭᠡᠷ   ᠨᠢ  ᠪᠦᠬᠦᠨ ᠢᠶᠠᠷ   ᠢᠶᠠᠨ  ᠨᠢᠭᠡᠯᠬᠡᠨ  ᠰᠠᠭᠤᠷᠢ ᠲᠡᠭᠡᠷ᠎ᠡ  ᠪᠠᠷᠢᠳᠠᠭ  ᠃  ᠲᠠᠩᠬᠢᠮ ᠨᠢ  ᠡᠮᠦᠨ᠎ᠡ  ᠂  ᠭᠡᠷ   ᠨᠢ ᠬᠤᠶᠢᠨ᠎ᠠ  ᠂  ᠲᠠᠩᠬᠢᠮ  ᠭᠡᠷ   ᠤᠨ  ᠬᠤᠭᠤᠷᠤᠨᠳᠤ ᠨᠢᠭᠡ  ᠬᠦᠨᠳᠡᠯᠡᠨ ᠬᠡᠷᠡᠮ   ᠲᠠᠢ᠂  ᠬᠡᠷᠡᠮ   ᠤᠨ  ᠭᠠᠳᠠᠨ᠎ᠠ ᠨᠢ  ᠲᠠᠩᠬᠢᠮ  ᠂ ᠲᠤᠳᠤᠷ᠎ᠠ   ᠨᠢ  ᠭᠡᠷ  ᠃ᠡᠭᠦᠨ   ᠳᠤ  ᠪᠠᠷᠠᠭᠤᠨ ᠲᠠᠯ᠎ᠠ   ᠳᠤ   ᠨᠢ  ᠴᠤᠩᠬᠤ   ᠲᠠᠢ  ᠂  ᠵᠡᠭᠦᠨ ᠲᠠᠯ᠎ᠠ   ᠳᠤ   ᠨᠢ  ᠡᠭᠦᠳᠡ ᠲᠠᠢ  ᠃ ᠡᠷᠳᠡᠨ   ᠤ  ᠬᠦᠮᠦᠰ   ᠤᠨ  ᠶᠠᠷᠢᠳᠠᠭ  ᠲᠠᠩᠬᠢᠮ   ᠳᠤ  ᠲᠠᠪᠰᠢᠵᠦ  ᠭᠡᠷ ᠲᠤ ᠵᠠᠯᠠᠷᠠᠬᠤ ᠭᠡᠳᠡᠭ ᠨᠢ  ᠡᠭᠦᠳᠡ ᠪᠠᠷ ᠤᠷᠤᠵᠤ  ᠃ ᠲᠠᠩᠬᠢᠮ ᠤᠨ  ᠵᠡᠭᠦᠨ  ᠂ ᠬᠤᠶᠢᠳᠦ  ᠂  ᠪᠠᠷᠠᠭᠤᠨ   ᠳᠤ ᠴᠦᠮ  ᠬᠡᠷᠡᠮ ᠲᠠᠢ  ᠂  ᠵᠡᠭᠦᠨ ᠬᠡᠷᠡᠮ   ᠢ  ᠵᠡᠭᠦᠨ ᠵᠢᠭᠦᠷ  ᠬᠡᠮᠡᠵᠦ  ᠂ ᠪᠠᠷᠠᠭᠤᠨ  ᠬᠡᠷᠡᠮ   ᠢ   ᠪᠠᠷᠠᠭᠤᠨ  ᠵᠢᠭᠦᠷ  ᠂   ᠡᠮᠦᠨ᠎ᠡ  ᠬᠡᠷᠡᠮ ᠢ  ᠬᠡᠷᠡᠮ   ᠤᠨ  ᠨᠢᠭᠤᠷ  ᠭᠡᠵᠦ ᠭᠢᠯᠠᠶᠢᠳᠠᠯ᠎ᠠ ᠨᠡᠭᠡᠵᠦ  ᠤᠳᠤᠬᠠᠨ   ᠤ  ᠵᠦᠴᠦᠭᠡ ᠶᠢᠨ  ᠲᠠᠶᠢᠵᠠ  ᠰᠢᠭ᠋  ᠪᠤᠯᠭᠠᠳᠠᠭ  ᠃  ᠲᠠᠩᠬᠢᠮ   ᠤᠨ  ᠭᠤᠤᠯ ᠲᠤᠮᠳᠠ  ᠬᠤᠶᠠᠷ  ᠬᠡᠷᠡᠯᠳᠦ  ᠲᠤᠯᠭᠠᠭᠤᠷᠢ  ᠪᠤᠰᠬᠠᠳᠠᠭ  ᠂  ᠡᠷᠳᠡ  ᠴᠠᠭ ᠲᠤ  ᠵᠢᠩ ᠺᠧ  ᠴᠢᠨ ᠸᠠᠩ   ᠢ   ᠬᠢᠳᠤᠭᠠᠯᠬᠤ   ᠭᠡᠰᠡᠨ  ᠳᠤ  ᠴᠢᠨ ᠸᠠᠩ ᠡᠨᠡᠬᠦ  ᠲᠤᠯᠭᠠᠭᠤᠷᠢ ᠶᠢ ᠲᠤᠭᠤᠷᠢᠨ ᠪᠤᠷᠤᠭᠤᠯᠠᠵᠦ  ᠠᠮᠢ  ᠮᠤᠯᠳᠤᠷᠠᠵᠠᠠᠢ  ᠃     ᠲᠠᠩᠬᠢᠮ   ᠳᠤ  ᠬᠦᠮᠦᠨ ᠰᠠᠭᠤᠳᠠᠭ  ᠦᠭᠡᠢ  ᠂  ᠢᠵᠠᠭᠤᠷᠳᠠᠳ  ᠬᠡᠷᠡᠭ  ᠵᠦᠪᠯᠡᠳᠡᠭ    ᠭᠠᠵᠠᠷ  ᠪᠤᠯᠤᠨ᠎ᠠ  ᠃ ᠮᠢᠩ  ᠂ ᠴᠢᠩ  ᠬᠤᠶᠠᠷ  ᠬᠦᠷᠦᠨ   ᠲᠠᠪᠬᠤᠷᠯᠢᠭ  ᠲᠤᠳᠤᠭᠠᠳᠤ ᠬᠤᠳᠠ ᠶᠢ ᠪᠠᠶᠢᠭᠤᠯᠬᠤ   ᠳᠤ  ᠬᠤᠶᠠᠷ  ᠬᠤᠪᠢᠶᠠᠨ  ᠪᠠᠶᠢᠭᠤᠯᠤᠭᠰᠠᠨ  ᠃   ᠤᠳᠤᠬᠠᠨ  ᠪᠤᠯᠳᠠᠯ᠎ᠠ   ᠰᠦᠨᠳᠡᠷᠯᠡᠵᠦ ᠪᠠᠶᠢᠭ᠎ᠠ   ᠲᠠᠢ  ᠾᠧ  ᠳ᠋ᠢᠶᠠᠨ  ᠠᠨᠤ  ᠲᠠᠩᠬᠢᠮ  ᠪᠤᠯᠤᠨ᠎ᠠ᠃  ᠬᠠᠭᠠᠨ ᠡᠵᠡᠨ  ᠯᠤᠤ   ᠶᠢᠨ ᠰᠢᠷᠡᠭᠡᠨ  ᠡᠮᠦᠨᠡᠰᠢ ᠬᠠᠨᠳᠦᠨ  ᠵᠠᠯᠠᠷᠵᠦ    ᠶᠡᠭᠡ  ᠲᠦᠰᠢᠮᠡᠳ   ᠵᠡᠷᠭᠡ ᠡᠷᠬᠢᠮ   ᠤᠨ  ᠶᠡᠭᠡ  ᠪᠠᠭ᠎ᠠ   ᠪᠠᠷ ᠲᠠᠰ  ᠲᠠᠷᠠᠭᠠᠯᠠᠨ   ᠲᠠᠩᠬᠢᠮ   ᠳᠤ  ᠤᠷᠤᠵᠤ  ᠨᠢᠭᠡ ᠮᠦᠷ   ᠢᠶᠠᠷ  ᠵᠢᠭᠰᠠᠨ ᠡᠵᠡᠨ ᠬᠠᠭᠠᠨ   ᠳᠤ  ᠶᠤᠰᠤᠯᠠᠨ  ᠲᠠᠭᠤᠰᠠᠭᠰᠠᠨ ᠤ  ᠲᠠᠷᠠᠭ᠎ᠠ  ᠪᠢᠴᠢᠭ   ᠤᠨ  ᠲᠦᠰᠢᠮᠡᠯ  ᠵᠡᠭᠦᠨ  ᠭᠠᠷᠤᠯᠠᠨ  ᠂ ᠴᠢᠷᠡᠭ   ᠤᠨ  ᠲᠦᠰᠢᠮᠡᠯ  ᠪᠠᠷᠠᠭᠤᠨ  ᠭᠠᠷᠤᠯᠠᠨ  ᠮᠡᠭᠦᠶᠢᠨ  ᠵᠤᠭᠰᠤᠨ᠎ᠠ  ᠃  ᠲᠠᠷᠦᠢ  ᠦᠨᠳᠦᠷ  ᠡᠷᠬᠢᠮ ᠲᠠᠢ   ᠨᠢ  ᠪᠠᠷᠠᠭᠤᠨ᠋ ᠲᠠᠯ᠎ᠠ   ᠳᠤ   ᠵᠡᠭᠦᠨᠰᠢ  ᠬᠠᠨᠳᠦᠵᠦ᠂  ᠲᠤᠤᠷ᠎ᠠ  ᠡᠷᠬᠢᠮ ᠲᠠᠢ   ᠨᠢ ᠵᠡᠭᠦᠨ ᠲᠠᠯ᠎ᠠ   ᠳᠤ  ᠪᠠᠷᠠᠭᠤᠨᠰᠢ ᠬᠠᠨᠳᠤᠨ᠂  ︽ᠰᠤᠳᠤᠷ  ᠲᠡᠮᠳᠡᠭᠡᠯᠡᠯ    ︾ ᠳᠤ   ᠯᠢᠨ ᠰᠢᠶᠡᠩ  ᠿᠤ᠋ ᠲᠡᠭᠡᠳᠦ ᠴᠢᠩ ᠲᠦᠰᠢᠮᠡᠯ  ᠪᠤᠯᠵᠦ  ᠯᠢᠶᠠᠨ ᠫᠦᠸᠧ   ᠶᠢᠨ  ᠪᠠᠷᠠᠭᠤᠨ ᠲᠠᠯ᠎ᠠ   ᠳᠤ  ᠵᠡᠭᠦᠨᠰᠢ ᠬᠠᠨᠳᠤᠨ ᠵᠤᠭᠰᠤᠵᠠᠢ  ᠃ ᠡᠭᠦᠨ ᠳᠤ ᠯᠢᠶᠠᠨ  ᠫᠦᠸᠧ  ᠮᠠᠰᠢ  ᠲᠤᠷ᠎ᠠ   ᠦᠭᠡᠶᠢᠴᠡᠵᠠᠢ  ᠃         ᠭᠡᠷ  ᠠᠨᠤ  ᠤᠷᠳᠦ ᠲᠦᠷᠪᠡᠯᠵᠢᠨ ᠬᠡᠯᠪᠡᠷᠢᠳᠠᠢ  ᠂  ᠵᠡᠭᠦᠨ   ᠠᠴᠠ  ᠪᠠᠷᠠᠭᠤᠨᠰᠢ  ᠤᠷᠳᠦ  ᠂ ᠡᠮᠦᠨ᠎ᠡ  ᠬᠤᠶᠢᠰᠢ   ᠤᠬᠤᠷ  ᠂  ᠲᠠᠯᠠᠪᠠᠢ   ᠪᠠᠷ ᠪᠠᠭ᠎ᠠ  ᠃   ᠤᠨᠳᠠᠬᠤ  ᠭᠡᠷ   ᠲᠤ  ᠬᠦᠮᠦᠨ ᠰᠠᠭᠤᠵᠦ  ᠲᠠᠬᠢᠯᠭ᠎ᠠ   ᠶᠢᠨ  ᠭᠡᠷ ᠲᠤ  ᠲᠠᠬᠢᠯᠭ᠎ᠠ ᠲᠠᠯᠪᠢᠳᠠᠭ  ᠂  ᠲᠠᠪᠬᠤᠷᠯᠢᠭ  ᠲᠤᠳᠤᠭᠠᠳᠤ  ᠬᠤᠳᠠ ᠶᠢᠨ  ᠶᠠᠩ  ᠰᠢᠨ  ᠳ᠋ᠢᠶᠠᠨ  ᠬᠠᠷᠰᠢ   ᠪᠠᠷ   ᠵᠢᠱᠢᠶᠡᠯᠡᠪᠡᠯ  ᠡᠵᠡᠨ ᠬᠠᠭᠠᠨ  ᠯᠤᠤ   ᠶᠢᠨ  ᠰᠢᠷᠡᠭᠡᠨ᠎ᠡ  ᠵᠡᠭᠦᠨᠰᠢ  ᠬᠠᠨᠳᠦᠨ  ᠵᠠᠯᠠᠷᠠᠵᠦ  ᠂ ᠶᠡᠭᠡ ᠲᠦᠰᠢᠮᠡᠳ  ᠪᠠᠷᠠᠭᠤᠨᠰᠢ  ᠬᠠᠨᠳᠦᠨ   ᠶᠤᠰᠤ  ᠭᠦᠢᠴᠡᠭᠡᠨ  ᠵᠠᠷᠯᠢᠭ  ᠬᠦᠯᠢᠶᠡᠳᠡᠭ  ᠃   ᠡᠭᠦᠨ ᠠᠴᠠ  ᠦᠵᠡᠬᠦᠯ᠎ᠡ   ᠾᠦᠩ ᠮᠧᠨ   ᠤ ᠬᠤᠷᠢᠮ   ᠤᠨ  ᠰᠠᠭᠤᠳᠠᠯ   ᠤᠨ  ᠬᠡᠯᠪᠡᠷᠢ   ᠨᠢ  ᠡᠵᠡᠨ   ᠬᠠᠭᠠᠨ ᠤ  ᠰᠠᠭᠤᠳᠠᠯ   ᠤᠨ  ᠬᠡᠯᠪᠡᠷᠢ ᠲᠠᠢ  ᠵᠤᠬᠢᠴᠠᠯᠳᠤᠵᠠᠢ  ᠃  ᠰᠢᠶᠠᠩ  ᠢᠦᠢ  ᠬᠠᠮᠤᠭ   ᠤᠨ   ᠬᠦᠨᠳᠦᠳᠠᠢ  ᠪᠠᠶᠢᠵᠦ   ᠲᠠᠩᠬᠢᠮ   ᠳᠤ  ᠰᠠᠭᠤᠬᠤ   ᠳᠠᠭᠠᠨ  ᠡᠮᠦᠨᠡᠰᠢ  ᠬᠠᠨᠳᠦᠨ ᠰᠠᠭᠤᠵᠦ  ᠂ ᠹᠠᠨ  ᠼᠧᠩ  ᠂ ᠰᠢᠶᠠᠩ ᠢᠦᠢ   ᠠᠴᠠ  ᠲᠡᠳᠡᠯᠡᠵᠦ   ᠵᠡᠭᠦᠨᠰᠢ ᠬᠠᠨᠳᠦᠨ  ᠂ ᠯᠢᠦ  ᠪᠠᠩ ᠬᠤᠶᠢᠰᠢ  ᠬᠠᠨᠳᠦᠨ  ᠂  ᠹᠠᠨ ᠽᠧᠩ   ᠢ ᠴᠦ ᠠᠷᠠᠢ  ᠬᠦᠷᠬᠦ  ᠦᠭᠡᠢ  ᠂  ᠵᠠᠩ ᠯᠢᠶᠠᠩ  ᠪᠠᠷᠠᠭᠤᠨᠰᠢ  ᠬᠠᠨᠳᠦᠨ  ᠲᠤᠰ  ᠰᠠᠭᠤᠳᠠᠯ   ᠤᠨ   ᠬᠦᠮᠦᠰ   ᠤᠨ   ᠬᠠᠮᠤᠭ   ᠤᠨ  ᠲᠤᠤᠷᠠᠳᠤ   ᠰᠠᠭᠤᠳᠠᠯ   ᠳᠤ  ᠰᠠᠭᠤᠵᠠᠢ  ᠃         ᠲᠤᠮᠳᠠᠳᠤ   ᠶᠢᠨ  ᠬᠦᠮᠦᠨ  ᠡᠷᠳᠡᠨ   ᠠᠴᠠ   ᠵᠡᠭᠦᠨ  ᠲᠠᠯ᠎ᠠ   ᠶᠢ   ᠡᠷᠬᠢᠮ  ᠬᠡᠮᠡᠨ  ᠦᠵᠡᠭᠰᠡᠭᠡᠷ   ᠢᠷᠡᠵᠠᠢ᠃   ᠬᠦᠷᠢ   ᠶᠢᠨ  ᠰᠢᠷᠭᠡᠭ   ᠨᠡᠭᠡᠵᠦ  ᠠᠮᠢᠳᠦᠷᠠᠭᠰᠠᠨ  ᠵᠤ᠋  ᠪᠦᠸᠧ  ᠬᠠᠨ  ᠤᠯᠤᠰ   ᠤᠨ  ᠶᠡᠭᠡ ᠰᠠᠶᠢᠳ  ᠪᠤᠯᠤᠭᠰᠠᠨ ᠤ ᠲᠠᠷᠠᠭ᠎ᠠ  ︽ᠵᠡᠭᠦᠨ  ᠵᠦᠭ  ᠠᠨᠤ ᠡᠷᠬᠢᠮ  ᠬᠡᠮᠡᠬᠦ  ︾   ᠶᠤᠰᠤᠯᠠᠯ   ᠢ  ᠮᠡᠳᠡᠳᠡᠭ  ᠃  ︽ᠰᠤᠳᠤᠷ  ᠲᠡᠮᠳᠡᠭᠡᠯᠡᠯ  ᠂ ᠵᠧᠤ  ᠪᠦᠸᠧ   ᠶᠢᠨ  ᠤᠭᠰᠠᠭ᠎ᠠ︾   ᠳᠤ  ᠦᠭᠦᠯᠡᠷᠦᠨ  ᠵᠤ᠋  ᠪᠦᠸᠧ  ᠤᠤᠬ᠎ᠠ  ᠵᠤᠬᠢᠶᠠᠯ   ᠨᠡᠪᠳᠡᠷᠡᠬᠦ ᠦᠭᠡᠢ  ᠂  ᠤᠯᠠᠨ   ᠤ ᠴᠤᠭᠯᠠᠭᠠᠨ ᠳᠤ    ᠪᠦᠳᠦᠭᠦᠯᠢᠭ  ᠦᠭᠡ  ᠶᠠᠷᠢᠵᠦ  ᠦᠪᠡᠷ ᠢᠶᠠᠨ ᠵᠡᠭᠦᠨᠰᠢ ᠬᠠᠨᠳᠦᠨ  ᠰᠠᠭᠤᠵᠦ  ᠤᠯᠠᠨ  ᠪᠢᠴᠢᠭᠳᠡᠨ ᠲᠠᠢ  ᠡᠷᠡᠭᠡᠯᠡᠯ  ᠦᠭᠡᠢ  ᠶᠠᠷᠢᠳᠠᠭ  ᠂  ᠴᠧᠩᠰᠢᠶ᠋ᠩ  ᠲᠢᠶᠠᠨ  ᠹᠧᠨ  ᠤᠯᠠᠨ   ᠢ  ᠵᠠᠯᠠᠵᠦ  ᠠᠷᠬᠢᠳᠠᠬᠤ   ᠳᠠᠭᠠᠨ   ᠦᠪᠡᠷ   ᠶᠢᠨ  ᠠᠬ᠎ᠠ ᠭᠠᠢ   ᠶᠢᠨ  ᠲᠠᠷᠠᠭ᠎ᠠ  ᠡᠮᠦᠨᠡᠰᠢ ᠬᠠᠨᠳᠦᠨ  ᠂  ᠦᠪᠡᠷ ᠢᠶᠠᠨ  ᠵᠡᠭᠦᠨᠰᠢ ᠬᠠᠨᠳᠦᠨ ᠰᠠᠭᠤᠳᠠᠭ  ᠃ ᠲᠢᠶᠠᠨ    ᠹᠧᠨ   ᠤ  ᠦᠵᠡᠬᠦ   ᠪᠠᠷ  ᠦᠪᠡᠷ   ᠪᠠᠨ  ᠴᠧᠩᠰᠢᠶᠠᠩ  ᠪᠤᠯᠤᠭᠰᠠᠨ ᠪᠤᠯᠬᠤᠷ  ᠠᠬ᠎ᠠ   ᠶᠢᠨ   ᠢᠶᠠᠨ  ᠬᠠᠵᠠᠭᠤ   ᠳᠤ  ᠠᠬ᠎ᠠ    ᠬᠦᠨᠳᠦᠯᠡᠬᠦ   ᠶᠢᠨ  ᠲᠦᠯᠦᠭᠡ  ᠴᠧᠩᠰᠢᠶᠡᠩ   ᠤᠨ  ᠨᠡᠷ᠎ᠡ  ᠬᠦᠨᠳᠦ   ᠶᠢ  ᠭᠤᠳᠤᠭᠠᠵᠤ  ᠪᠤᠯᠬᠤ  ᠦᠭᠡᠢ᠂᠃  ᠤᠷᠤᠨ ᠨᠤᠳᠤᠭ ᠤᠨ  ᠢᠵᠠᠭᠤᠷᠳᠠᠳ ᠴᠦ  ᠵᠡᠭᠦᠨᠰᠢ  ᠬᠠᠷᠠᠬᠤ   ᠶᠢ ᠡᠷᠬᠢᠮᠯᠡᠵᠦ    ᠠᠤᠬᠠᠨ   ᠤ  ᠵᠠᠰᠠᠭ  ᠸᠠᠩ  ᠭᠤᠮᠪᠤᠵᠠᠪ   ᠬᠡᠳᠦᠶᠢᠪᠡᠷ  ᠯᠠᠮᠠ  ᠭᠠᠷᠤᠯᠳᠠᠢ  ᠪᠤᠯᠪᠠᠴᠦ  ᠲᠦᠷᠦ ᠶᠢᠨ  ᠨᠤᠶᠠᠳ ᠲᠠᠢ ᠪᠠᠨ  ᠤᠴᠠᠷ ᠶᠠᠪᠤᠳᠠᠯ ᠵᠦᠪᠯᠡᠬᠦ ᠳᠡᠭᠡᠨ  ᠪᠤᠷᠬᠠᠨ ᠤ  ᠶᠤᠰᠤᠨ   ᠢᠶᠠᠷ  ᠪᠠᠷᠠᠭᠤᠨᠰᠢ ᠬᠠᠷᠠᠬᠤ ᠶᠢ ᠡᠷᠬᠢᠮᠯᠡᠳᠡᠭ  ᠦᠭᠡᠢ ᠬᠠᠷᠢᠨ ᠵᠦᠪᠯᠡᠬᠦ  ᠭᠡᠷ   ᠲᠡᠭᠡᠨ  ᠵᠡᠭᠦᠨᠰᠢ ᠬᠠᠨᠳᠦᠨ  ᠂  ᠵᠠᠷᠯᠢᠭ   ᠤᠨ  ᠨᠤᠶᠠᠳ ᠨᠢ ᠪᠠᠷᠠᠭᠤᠨᠰᠢ ᠬᠠᠨᠳᠦᠨ  ᠵᠡᠷᠭᠡ ᠡᠷᠬᠢᠮ ᠤᠨ  ᠶᠡᠭᠡ ᠪᠠᠭ᠎ᠠ   ᠪᠠᠷ   ᠪᠠᠷᠠᠭᠤᠨᠰᠢ ᠬᠠᠨᠳᠦᠨ ᠰᠠᠭᠤᠵᠦ  ᠃ ᠲᠤᠮᠳᠠᠳᠤ  ᠤᠯᠤᠰ   ᠲᠤ  ᠤᠳᠤᠬᠠᠨ   ᠳᠤ  ᠤᠯᠠᠩᠬᠢ  ᠤᠨᠳᠦᠰᠦᠳᠡᠨ  ᠵᠡᠭᠦᠨ ᠲᠠᠯ᠎ᠠ ᠨᠢ ᠡᠷᠬᠢᠮ ᠬᠡᠮᠡᠨ  ᠦᠵᠡᠵᠦ ᠪᠠᠶᠢᠨ᠎ᠠ  ᠃ ᠲᠡᠭᠡᠷᠡᠬᠢ   ᠶᠢ  ᠪᠠᠭᠴᠠᠯᠠᠪᠠᠯ  ︽ᠭᠡᠷ   ᠤᠨ  ᠲᠤᠳᠤᠷ᠎ᠠ  ᠵᠡᠭᠦᠨᠰᠢ  ᠬᠠᠨᠳᠦᠬᠤ   ᠨᠢ  ᠡᠷᠬᠢᠮ  ᠂  ᠲᠠᠩᠬᠢᠮ   ᠤᠨ  ᠲᠤᠮᠳᠠ  ᠡᠮᠦᠨᠡᠰᠢ  ᠬᠠᠨᠳᠦᠬᠤ ᠨᠢ  ᠬᠦᠨᠳᠦ  ︾  ᠃  ᠤᠯᠠᠭᠠᠨᠬᠠᠳᠠ ᠬᠤᠳᠠ ᠶᠢᠨ  ᠰᠢᠨ  ᠴᠧᠩ   ᠲᠤᠭᠤᠷᠢᠭ   ᠤᠨ  ᠪᠤᠰᠬᠠᠭᠰᠠᠨ  ᠬᠤᠪᠢᠯᠠᠢ ᠶᠢᠨ  ᠬᠠᠳᠤᠨ ᠤ  ᠱᠤᠭᠤᠮᠠᠯ   ᠢ  ᠪᠠᠷᠠᠭᠤᠨᠰᠢ ᠬᠠᠨᠳᠤᠭᠤᠯᠠᠭᠰᠠ ᠨᠢ ᠮᠤᠩᠭᠤᠯ  ᠦᠨᠳᠦᠰᠦᠳᠡᠨ   ᠤ  ᠵᠠᠩ  ᠵᠠᠩᠰᠢᠯ   ᠲᠠᠢ  ᠵᠤᠬᠢᠷᠠᠬᠤ  ᠦᠭᠡᠢ  ᠃     ᠬᠢᠳᠠᠳ  ᠦᠨᠳᠦᠰᠦᠳᠡᠨ   ᠤ  ᠵᠠᠩ ᠵᠠᠩᠰᠢᠯ ᠲᠠᠢ ᠨᠡᠩ ᠵᠤᠬᠢᠴᠠᠬᠤ  ᠦᠭᠡᠢ  ᠃ ᠲᠠᠯᠠᠪᠠᠢ   ᠶᠢᠨ  ᠲᠤᠮᠳᠠ  ᠪᠤᠰᠬᠠᠭᠰᠠᠨ ᠪᠤᠯᠬᠤᠷ  ᠡᠮᠦᠨᠡᠰᠢ  ᠬᠠᠨᠳᠦᠭᠤᠯᠠᠭᠰᠠᠨ  ᠪᠤᠯᠪᠠᠯ  ᠵᠤᠬᠢᠰᠳᠠᠢ   ᠪᠠᠶᠢᠵᠦ   ᠲᠤᠮᠳᠠᠳᠤ  ᠭᠦᠷᠦᠨ ᠤ  ᠶᠤᠰᠤ  ᠶᠤᠰᠤᠯᠠᠯ  ᠲᠦᠷᠢᠮ ᠲᠠᠢ ᠨᠡᠶᠢᠴᠡᠨ᠎ᠡ  ᠃  ᠶᠤᠸᠠᠨ  ᠤᠯᠤᠰ   ᠤᠨ  ᠦᠶ᠎ᠡ   ᠳᠤ  ᠡᠵᠡᠨ ᠬᠠᠭᠠᠨ  ᠲᠦᠷᠦ   ᠳᠤ ᠵᠠᠯᠠᠷᠠᠨ  ᠤᠯᠤᠰ   ᠤᠨ  ᠶᠠᠪᠤᠳᠠᠯ ᠢ  ᠰᠤᠨᠤᠰᠬᠤ   ᠳᠠᠭᠠᠨ  ᠲᠠᠪᠬᠤᠷᠯᠢᠭ ᠲᠤᠳᠤᠭᠠᠳᠤ   ᠬᠤᠳᠠ   ᠶᠢᠨ  ᠳ᠋ᠠ  ᠮᠢᠩ ᠳ᠋ᠢᠶᠠᠨ ᠬᠠᠷᠰᠢ   ᠳᠤ   ᠯᠤᠤ   ᠶᠢᠨ  ᠰᠢᠷᠡᠭᠡᠨ᠎ᠡ  ᠡᠮᠦᠨᠡᠰᠢ  ᠬᠠᠨᠳᠦᠨ ᠵᠠᠯᠠᠷᠠᠨ  ᠬᠤᠸᠠᠩ  ᠬᠤ᠋   ᠵᠡᠭᠦᠨ ᠲᠠᠯ᠎ᠠ   ᠳᠤᠨᠢ  ᠡᠮᠦᠨᠡᠰᠢ  ᠬᠠᠨᠳᠦᠨ  ᠪᠠᠷᠠᠭ᠎ᠠ  ᠪᠤᠯᠵᠦ  ᠶᠡᠭᠡ ᠲᠦᠰᠢᠮᠡᠳ   ᠨᠢ ᠲᠠᠰ  ᠲᠠᠷᠠᠭᠠᠨᠯᠠᠨ  ᠨᠢᠭᠡ ᠮᠦᠷ   ᠢᠶᠠᠷ  ᠵᠢᠭᠰᠠᠵᠦ  ᠂   ᠶᠤᠰᠤᠯᠠᠯ  ᠬᠠᠮᠢᠶᠠᠷᠤᠭᠴᠢ  ᠲᠦᠰᠢᠮᠡᠯ      ᠶᠡᠭᠡ ᠲᠠᠭᠤᠨ   ᠢᠶᠠᠷ  ︵ᠮᠤᠩᠭᠤᠯ   ᠢᠶᠠᠷ︶ ︽ ᠮᠦᠷᠭᠦᠨ  ᠰᠦᠭᠦᠳᠦᠨ  ᠶᠤᠰᠤᠯᠠᠭᠳᠤᠨ  ︾  ᠃ ᠶᠤᠰᠤᠯᠠᠨ  ᠲᠠᠭᠤᠰᠤᠭᠰᠠᠨ ᠤ  ᠲᠠᠷᠠᠭ᠎ᠠ  ᠪᠢᠴᠢᠭ   ᠤᠨ ᠲᠦᠰᠢᠮᠡᠯ  ᠵᠡᠭᠦᠨᠰᠢ  ᠬᠠᠨᠳᠦᠨ  ᠂   ᠴᠢᠷᠡᠭ   ᠤᠨ  ᠰᠠᠶᠢᠳ  ᠪᠠᠷᠠᠭᠤᠨᠰᠢ ᠬᠠᠨᠳᠦᠨ  ᠮᠡᠭᠦᠶᠢᠨ  ᠵᠤᠭᠰᠤᠳᠠᠭ  ᠲᠠᠷᠠᠭᠠᠪᠷ  ᠬᠠᠭᠠᠨ ᠡᠵᠦᠡᠨ ᠵᠠᠷᠢᠯᠢᠭ  ᠪᠤᠯᠬᠤ  ᠪᠤᠶᠤ  ᠲᠦᠰᠢᠮᠡᠯ ᠨᠠᠷ  ᠶᠠᠪᠤᠳᠠᠯ ᠮᠡᠳᠡᠭᠦᠯᠳᠡᠭ  ᠃          ᠤᠳᠤᠬᠠᠨ ᠤ   ᠰᠢᠨ  ᠴᠧᠩ ᠲᠤᠭᠤᠷᠢᠭ   ᠤᠨ  ᠠᠭᠤᠳᠠᠮ  ᠲᠠᠯᠠᠪᠠᠢ   ᠳᠠᠬᠢ  ᠪᠠᠷᠠᠭᠤᠨᠰᠠᠢ  ᠬᠠᠳᠦᠨ  ᠵᠤᠭᠰᠤᠭᠠᠭᠰᠠᠨ  ᠴᠢᠮᠪᠠᠢ ᠬᠠᠳᠤᠨ ᠤ  ᠱᠤᠭᠤᠮᠠᠯ  ᠬᠦᠮᠦᠨ   ᠤ  ᠨᠢᠳᠦᠨ   ᠤ  ᠲᠤᠩ  ᠡᠪ ᠦᠭᠡᠢ  ᠦᠷᠭᠡᠰᠦ   ᠲᠠᠢ  ᠬᠠᠷᠠᠭᠳᠠᠨ᠎ᠠ  ᠂  ᠬᠢᠳᠠᠳ   ᠤᠨ  ᠶᠤᠰᠤᠯᠠᠯ  ᠤᠬᠠᠭᠠᠨ   ᠳᠤ ᠨᠡᠪᠳᠡᠷᠭᠰᠡᠨ ᠬᠦᠮᠦᠨ  ᠬᠠᠷᠠᠮᠠᠭᠴᠠ  ᠰᠡᠭᠦᠷᠡᠰᠦ  ᠠᠯᠳᠠᠷᠤᠨ  ︽ᠶᠠᠮᠠᠷ  ᠤᠴᠠᠷ  ᠪᠤᠢ   ᠤᠳᠤᠬᠠᠨ   ᠳᠤ  ᠡᠷᠳᠡᠨ ᠤ ᠶᠤᠰᠤ   ᠶᠢ  ᠰᠠᠬᠢᠬᠤ   ᠪᠠᠨ  ᠪᠤᠯᠢᠭᠰᠠᠨ ᠰᠢᠯᠳᠠᠭᠠᠨ ᠭᠡᠵᠠᠢ  ︖  ︾         ︵ᠵᠤᠬᠢᠶᠠᠯ   ᠤᠨ  ᠨᠡᠷᠡᠰ ᠦᠭᠡ ᠶᠢ  ︽ᠲᠠᠪᠤᠨ  ᠵᠦᠢᠯ   ᠤᠨ  ᠦᠰᠦᠭ  ᠬᠠᠪᠰᠤᠷᠠᠭᠰᠠᠨ  ᠮᠠᠨᠵᠦ  ᠦᠭᠡᠨ ᠤ  ᠲᠤᠯᠢ  ᠪᠢᠴᠢᠭ︾   ᠠᠴᠠ  ᠦᠨᠳᠦᠰᠦᠯᠡᠪᠡ  ᠃︶          ᠵᠤᠬᠢᠶᠠᠭᠴᠢ  ᠡᠦ  ᠶᠦᠩ   ᠱᠠᠨ     ᠯᠢᠨᠰᠢ  ᠰᠢᠶᠠᠨ   ᠤ   ᠠᠷᠠᠳ   ᠤᠨ  ᠶᠡᠭᠡ  ᠬᠤᠷᠠᠯ ᠤᠨ  ᠪᠠᠶᠢᠩᠭᠤ   ᠶᠢᠨ  ᠬᠤᠷᠢᠶ᠎ᠠ   ᠶᠢᠨ  ᠤᠤᠯ   ᠤᠨ  ᠲᠡᠳ᠋   ᠡᠷᠬᠢᠯᠡᠭᠴᠢ          ᠲᠤᠭᠳᠠᠬᠤ    ᠯᠢᠨᠰᠢ  ᠰᠢᠶᠠᠨ ᠤ  ᠦᠨᠳᠦᠰᠤᠳᠡᠨ   ᠱᠠᠰᠢᠨ  ᠰᠤᠷᠳᠠᠬᠤᠨ   ᠤ  ᠬᠡᠷᠡᠭ  ᠡᠷᠬᠢᠯᠡᠬᠦ  ᠲᠤᠪᠴᠢᠶ᠎ᠠ  
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号