ᠪᠠᠭᠠᠷᠢᠨ ᠤ ᠪᠠᠷᠠᠭᠤᠨ ᠭᠡᠰᠡᠭ ᠲᠤ ᠠᠳᠠᠷ ᠬᠠᠭᠠᠯᠪᠤᠷᠢᠯᠠᠬᠰᠡᠨ ᠲᠤᠬᠠᠢ  ︵ᠬᠤᠶᠠᠷ︶
ᠨᠡᠶᠢᠲᠡᠯᠡᠭᠰᠡᠨ ᠴᠠᠭ᠄
2017-01-13
       ᠭᠡᠪᠳᠤ ᠶᠤᠰᠤᠳᠤ ᠶᠢᠨ ᠬᠤᠶᠠᠳᠤᠭᠠᠷ ᠤᠨ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠠᠳᠠᠷ ᠬᠠᠭᠠᠯᠪᠤᠷᠢᠯᠠᠬᠤ ᠠᠬᠢᠴᠠ ᠶᠢ ᠲᠦᠷᠭᠡᠳᠭᠡᠬᠦ ᠶᠢᠨ ᠲᠦᠯᠤᠭᠡ ᠴᠢᠩ ᠤᠨ ᠵᠠᠰᠠᠭ ᠤᠨ ᠵᠦᠪᠰᠢᠶᠡᠷᠡᠯ ᠢᠶᠠᠷ 1990 ᠤᠨ ᠤ 8 ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠨᠢᠭᠡᠳᠭᠡᠵᠤ᠂ ᠯᠢᠨᠰᠢ ᠰᠢᠶᠠᠨ ᠳᠤ ᠪᠠᠶᠢᠷᠢᠯᠠᠭᠤᠯᠵᠠᠢ᠃ ᠰᠡᠬᠦᠯᠡᠷ ᠨᠢ ᠲᠠᠬᠢᠨᠳᠠ ᠰᠠᠯᠭᠠᠨ ᠯᠢᠨᠰᠢ ᠶᠢᠨ ᠬᠢ ᠶᠢ ᠯᠢᠨᠰᠢ ᠰᠢᠶᠠᠨ ᠤ ᠭᠡᠷᠡᠭ ᠮᠡᠳᠡᠭᠴᠢ ᠬᠠᠪᠰᠤᠷᠭᠠᠨ ᠬᠠᠷᠢᠭᠤᠴᠠᠪᠠ᠃ ᠢᠷᠭᠡᠨ ᠤᠯᠤᠰ ᠤᠨ ᠲᠡᠷᠢᠬᠦᠨ ᠤᠨ ᠤ ᠨᠠᠢᠮᠠᠨ ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠯᠢᠨᠰᠢ ᠰᠢᠶᠠᠨ ᠤ ᠵᠠᠬᠢᠷᠭ᠎ᠠ ᠲᠠᠢ ᠬᠠᠮᠳᠤᠳᠬᠠᠵᠤ ᠲᠤᠰᠠᠭᠠᠷ ᠪᠠᠶᠢᠭᠤᠯᠤᠮᠵᠢ ᠪᠠᠶᠢᠭᠤᠯᠬᠤ ᠶᠢ ᠡᠴᠤᠰᠯᠡᠬᠦᠯᠪᠡ᠃        ᠪᠠᠭᠠᠷᠢᠨ ᠤ ᠪᠠᠷᠠᠭᠤᠨ ᠳᠤ ᠠᠳᠠᠷ ᠬᠠᠭᠠᠯᠪᠤᠷᠢᠯᠠᠬᠰᠡᠨ ᠨᠢ ᠢᠯᠵᠢᠷᠡᠨ ᠲᠤᠷᠤᠶᠢᠳᠠᠬᠰᠡᠨ ᠴᠢᠩ ᠤᠨ ᠲᠦᠷᠤ  ᠶᠢᠨ ᠡᠴᠤᠰ ᠤᠨ ᠮᠦᠴᠠ ᠳᠤ ᠶᠠᠪᠤᠬᠳᠠᠬᠰᠡᠨ ᠪᠠᠶᠢᠨ᠎ᠠ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠠᠩᠰᠠ ᠡᠪᠭᠡᠮᠡᠯ ᠠᠴᠠ ᠠᠵᠢᠬᠯᠠᠪᠠᠯ ᠤᠯᠠᠨ ᠠᠷᠪᠢᠨ ᠤᠴᠢᠷ ᠶᠠᠪᠤᠳᠠᠯ ᠤᠨ ᠪᠤᠳᠤᠷᠤᠤᠯ ᠶᠠᠪᠤᠳᠠᠯ ᠪᠢᠴᠢᠭ᠂ ᠠᠳᠠᠷ ᠤᠨ ᠶᠠᠪᠤᠳᠠᠯ ᠤᠨ ᠬᠦᠳᠤᠯᠪᠤᠷᠢ ᠵᠡᠷᠭᠡ ᠶᠢ ᠽᠢ ᠰᠢ ᠲᠠᠶᠢᠭᠡᠤ ᠪᠤᠯᠤᠨ ᠪᠠᠳᠠᠷᠠᠭᠤᠯᠳᠤ ᠲᠦᠷᠤ ᠬᠠᠭᠠᠨ ᠪᠡᠶ᠎ᠠ ᠪᠠᠷ ᠥᠵᠡᠵᠤ ᠂ ᠬᠠᠮᠢᠶ᠎ᠠ ᠪᠦᠬᠦᠢ ᠬᠦᠰᠤᠨᠦᠭᠳᠦ᠂ ᠠᠳᠠᠷ ᠭᠠᠵᠠᠷ ᠤᠨ ᠵᠢᠷᠤᠭ ᠵᠡᠷᠭᠡ ᠶᠢ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠭᠡᠮᠵᠢᠬᠦᠷ ᠶᠠᠮᠤᠨ ᠳᠤ ᠡᠷᠬᠦᠵᠤ ᠪᠠᠷᠢᠵᠠᠢ᠃ ᠡᠬᠦᠨ ᠠᠴᠠ ᠥᠵᠡᠬᠦᠯ᠎ᠠ ᠴᠢᠩ ᠤᠯᠤᠰ ᠤᠨ ᠵᠠᠰᠠᠭ ᠤᠨ ᠭᠠᠵᠠᠷ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠬᠢᠷᠢ ᠵᠡᠷᠭᠡ ᠴᠢᠬᠤᠴᠢᠯᠠᠵᠤ ᠪᠠᠶᠢᠬᠰᠡᠨ ᠢ ᠮᠡᠳᠡᠵᠤ ᠪᠤᠯᠤᠨ᠎ᠠ᠃ ᠭᠡᠳᠡᠯ᠎ᠠ ᠪᠠᠭᠠᠷᠢᠨ ᠤ ᠠᠳᠠᠷ ᠬᠠᠭᠠᠯᠪᠤᠷᠢᠯᠠᠯᠳᠠ ᠲᠠᠭᠤᠰᠬᠤ ᠠᠴᠠ ᠡᠮᠤᠨ᠎ᠠ ᠴᠢᠩ  ᠤᠨ ᠲᠦᠷᠤ ᠲᠡᠤᠭᠡ ᠪᠤᠯᠵᠤ ᠬᠤᠴᠤᠷᠴᠠᠢ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠭᠠᠵᠠᠷ ᠲᠠᠷᠢᠶᠠᠨ ᠤ ᠡᠵᠡᠮᠰᠢᠯ ᠤᠨ ᠡᠷᠭᠡ ᠶᠢᠨ ᠡᠮᠤᠨ᠎ᠠ ᠠᠴᠠ ᠵᠠᠳᠠᠯᠪᠠᠯ ᠨᠢᠭᠡ ᠵᠤᠶᠢᠯ ᠤᠨ ᠹᠸᠤᠳᠠᠯ ᠨᠡᠶᠢᠭᠡᠮ ᠤᠨ ᠰᠢᠨᠵᠢᠳᠠᠢ ᠭᠠᠵᠠᠷ ᠲᠠᠷᠢᠶᠠᠨ ᠤ ᠡᠷᠭᠡ ᠶᠢᠨ ᠰᠢᠯᠵᠢᠬᠦᠯᠤᠯᠳᠡ ᠪᠤᠯᠤᠨ᠎ᠠ᠃ ᠠᠳᠠᠷ ᠬᠤᠳᠠᠯᠳᠤᠬᠤ ᠪᠠᠷ ᠪᠤᠳᠤᠪᠠᠯ᠂ ᠶᠠᠳᠠᠭᠤ ᠠᠶᠢᠯ ᠨᠢ ᠢᠳᠡᠵᠤ ᠡᠮᠤᠰᠬᠦ ᠳᠡᠭᠡᠨ ᠵᠦᠪ ᠥᠭᠡᠢ ᠶᠤᠮ ᠴᠢᠨᠢ ᠭᠡᠷᠬᠢᠨ ᠠᠳᠠᠷ ᠬᠤᠳᠠᠯᠳᠤᠨ ᠠᠪᠴᠤ ᠲᠡᠶᠢᠯᠬᠦ ᠪᠤᠢ︖ ᠢᠡᠭᠬᠢᠬᠦᠯᠡᠷ ᠶᠠᠷᠢᠶᠠᠨ ᠥᠭᠡᠢ ᠤᠯᠠᠩᠬᠢ ᠭᠠᠵᠠᠷ ᠢ ᠲᠤᠮᠤ ᠭᠠᠵᠠᠷ ᠤᠨ ᠡᠵᠡᠳ ᠬᠤᠳᠠᠯᠳᠤᠨ ᠠᠪᠬᠤ ᠪᠤᠯᠤᠨ᠎ᠠ᠃ ᠡᠨᠡ ᠨᠢ ᠮᠦᠨ ᠴᠢᠨᠠᠷ ᠲᠡᠭᠡᠷ᠎ᠠ ᠪᠠᠨ ᠬᠢᠳᠠᠳ ᠮᠤᠩᠭᠤᠯ ᠮᠠᠨᠵᠤ ᠹᠸᠤᠳᠠᠯ ᠤᠨ ᠡᠵᠡᠳ ᠤᠨ ᠬᠢᠭᠰᠡᠨ ᠨᠢᠭᠡ ᠤᠳᠠᠭᠠᠨ  ᠤ ᠭᠠᠵᠠᠷ ᠰᠢᠷᠤᠢ ᠶᠢᠨ ᠠᠷᠠᠯᠵᠢᠶ᠎ᠠ ᠪᠤᠯᠤᠨ᠎ᠠ᠃        ᠪᠠᠭᠠᠷᠢᠨ ᠤ ᠵᠤᠯᠠᠴᠢᠨ ᠰᠦᠮ᠎ᠠ ᠶᠢ ᠬᠦᠡᠭᠵᠤ ᠶᠢᠨ ᠲᠠᠬᠢᠯᠭ᠎ᠠ ᠳᠤ ᠵᠤᠷᠢᠭᠤᠯᠤᠨ ᠪᠠᠷᠢᠬᠰᠡᠨ ᠶᠤᠮ᠃ ᠵᠤᠯᠠᠴᠢᠨ ᠰᠦᠮ᠎ᠠ ᠨᠢ ᠵᠠᠮ ᠬᠠᠷᠢᠯᠴᠠᠭ᠎ᠠ ᠲᠦᠬᠦᠮ ᠲᠦᠳᠡ ᠤᠷᠤᠨ ᠳᠤ ᠪᠠᠶᠢᠷᠢᠰᠢᠬᠰᠡᠨ ᠪᠤᠯᠬᠤᠷ ᠵᠠᠩ ᠸᠧᠠ ᠬᠤᠤ ᠵᠡᠷᠭᠡ ᠶᠢᠨ ᠬᠦᠮᠤᠰ ᠵᠤᠯᠠᠴᠢᠨ ᠰᠦᠮ᠎ᠠ ᠶᠢᠨ ᠬᠦᠵᠢ ᠵᠤᠯᠠ ᠶᠢᠨ ᠭᠡᠰᠢᠭ ᠲᠤ ᠬᠤᠳᠠ ᠶᠢᠨ ᠰᠠᠭᠤᠷᠢ ᠥᠯᠡᠳᠡᠭᠡᠬᠦ  ᠪᠠᠷ ᠵᠦᠪᠯᠡᠵᠤ ᠪᠠᠶᠢᠬᠰᠡᠨ ᠢᠶᠠᠨ ᠬᠤᠵᠢᠮ ᠨᠢ ᠪᠠᠯᠭᠠᠰᠤᠨ ᠤ ᠰᠠᠭᠤᠷᠢ ᠪᠤᠯᠭᠠᠬᠤ ᠪᠠᠷ ᠲᠤᠬᠳᠠᠵᠠᠢ᠃ ᠡᠬᠦᠨ ᠳᠤ ᠯᠠᠮᠠ ᠨᠠᠷ ᠤᠨ ᠠᠳᠠᠯ ᠤᠨᠳᠤᠷᠤᠯᠭ᠎ᠠ ᠳᠤ ᠰᠢᠭᠤᠳ ᠬᠠᠷᠰᠢ ᠪᠤᠯᠵᠤ ᠵᠦᠷᠢᠴᠡᠯ ᠡᠬᠦᠰᠪᠡ᠃ ᠬᠤᠰᠢᠭᠤᠨ ᠤ ᠵᠠᠰᠠᠭ  ᠤᠨ ᠭᠠᠵᠠᠷ ᠨᠢ ᠭᠡᠳᠤᠨᠳᠡ ᠢᠳᠬᠠᠬᠰᠡᠨ ᠪᠤᠯᠪᠠᠴᠤ ᠠᠰᠢᠭ ᠭᠠᠷᠤᠬᠰᠡᠨ ᠥᠭᠡᠢ ᠮᠦᠷᠳᠡᠭᠡᠨ ᠲᠤᠰ ᠭᠤᠷᠪᠠᠯᠵᠢᠨ ᠭᠡᠰᠡᠭ ᠤᠨ ᠠᠳᠠᠷ ᠤᠨ ᠮᠦᠡᠭᠬᠦ ᠶᠢᠨ ᠬᠠᠭᠠᠰ ᠢ ᠲᠤᠰ ᠰᠦᠮ᠎ᠠ ᠳᠤ ᠥᠭᠬᠦ ᠪᠠᠷ ᠠᠮᠠᠯᠠᠬᠰᠡᠨ ᠴᠤ ᠯᠠᠮᠠ ᠨᠠᠷ ᠪᠦᠷᠢᠮᠤᠰᠤᠨ ᠵᠦᠪᠰᠢᠶᠡᠷᠡᠭᠡ ᠥᠭᠡᠢ᠃ ᠰᠡᠬᠦᠯᠡᠷ ᠲᠤᠰ ᠰᠦᠮ᠎ᠠ ᠳᠤ ᠬᠤᠰᠢᠭᠤᠨ ᠤ ᠤᠯᠬᠤ ᠠᠳᠠᠷ ᠤᠨ ᠮᠦᠡᠭᠬᠦ ᠬᠢᠭᠡᠳ ᠤᠯᠤᠰ ᠤᠨ ᠤᠯᠬᠤ ᠠᠳᠠᠷ ᠤᠨ ᠮᠦᠡᠭᠬᠦ ᠶᠢ ᠪᠦᠬᠦᠨ ᠢᠶᠠᠷ ᠨᠢ ᠥᠭᠴᠤ ᠬᠦᠵᠢ ᠵᠤᠯᠠ ᠶᠢᠨ ᠰᠦᠢᠳᠭᠡᠯ ᠪᠤᠯᠭᠠᠭᠰᠡᠨ ᠢᠶᠠᠷ ᠡᠨᠡ ᠵᠦᠷᠢᠴᠡᠯ ᠠᠷᠠᠶᠢᠬᠠᠨ ᠨᠠᠮᠳᠠᠵᠠᠢ᠃        5 ᠰᠠᠷ᠎ᠠ ᠶᠢᠨ 24 ᠤ ᠡᠳᠤᠷ᠂ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶ᠎ᠠ ᠶᠢᠨ ᠬᠦᠮᠤᠰ ᠬᠤᠶᠢᠳᠤ ᠭᠡᠰᠡᠭ ᠤᠨ ᠭᠠᠨᠵᠤᠤᠷ ᠰᠦᠮ᠎ᠠ ᠤᠷᠴᠢᠮ ᠢᠶᠠᠷ ᠲᠡᠭᠡᠰᠤᠯᠡᠬᠦ ᠥᠶᠡᠰ ᠲᠤᠰ ᠤᠷᠤᠨ ᠳᠤ ᠰᠠᠭᠤᠷᠢᠰᠢᠭ᠎ᠠ ᠭᠡᠰᠢᠭᠳᠡᠨ ᠬᠤᠰᠢᠭᠤᠨ ᠳᠤ ᠬᠠᠷᠢᠶᠠᠯᠠᠬᠳᠠᠬᠤ ᠵᠠᠭᠤ ᠢᠯᠡᠬᠦᠤ ᠮᠠᠯᠴᠢᠨ ᠲᠠᠶᠢᠵᠢ ᠬᠦᠭᠡ᠂ ᠷᠢᠨᠴᠢᠨ ᠨᠠᠷ ᠤᠨ ᠤᠳᠤᠷᠢᠳᠤᠯᠭ᠎ᠠ ᠪᠠᠷ ᠴᠤᠬᠯᠠᠵᠤ᠄ ︽ᠲᠡᠭᠡᠰᠤᠯᠡᠬᠦ ᠶᠢ ᠭᠡᠳᠤᠷᠢᠬᠦᠯᠬᠦ︾ ᠶᠢ ᠬᠦᠰᠡᠭᠰᠡᠨ ᠳᠤ ᠪᠠᠭᠠᠷᠢᠨ ᠤ ᠨᠤᠶᠠᠳ ᠡᠰᠡ ᠬᠦᠯᠢᠶᠡᠪᠡ᠃ ᠬᠢᠯᠢᠩᠨᠡᠭᠰᠡᠨ ᠠᠷᠠᠳ ᠴᠢᠯᠠᠭᠤ ᠰᠢᠳᠠᠮ ᠡᠷᠬᠢᠬᠦᠯᠤᠨ ᠪᠠᠭᠠᠷᠢᠨ ᠤ ᠤᠶᠦᠨᠪᠢᠯᠢᠭ ᠮᠠᠶᠢᠷᠠᠨ ᠵᠡᠷᠭᠡ ᠨᠤᠶᠠᠳ ᠲᠠᠢ ᠭᠡᠷᠡᠬᠦᠯ ᠵᠢᠭᠤᠷᠭᠠᠨ ᠪᠤᠯᠵᠤ ᠪᠠᠶᠢᠬᠰᠡᠨ ᠢᠶᠠᠨ ᠠᠳᠠᠷ ᠬᠠᠭᠠᠯᠪᠤᠷᠢᠯᠠᠬᠤ ᠲᠤᠪᠴᠢᠶᠠᠨ ᠤ ᠭᠡᠰᠢᠬᠦᠳ ᠢ ᠴᠤ ᠬᠠᠮᠤᠷᠠᠪᠠ᠃ 7 ᠰᠠᠷ᠎ᠠ ᠶᠢᠨ 7 ᠤ ᠡᠳᠤᠷ᠂ ᠲᠢᠩ ᠵᠢᠶᠧ ᠪᠠᠷ ᠪᠠᠭᠠᠷᠢᠨ ᠵᠢᠶᠦ᠋ᠨ ᠸᠠᠩ᠂ ᠪᠠᠶᠢᠰᠠ ᠸᠠᠩ᠂ ᠠᠳᠠᠷ ᠤᠨ ᠲᠤᠪᠴᠢᠶᠠᠨ ᠤ ᠠᠶᠢᠯᠠᠳᠬᠠᠯ ᠢ ᠥᠨᠳᠤᠰᠤᠯᠡᠵᠤ᠂ ᠴᠢᠩ ᠤᠨ ᠲᠦᠷᠤ ᠳᠤ ᠪᠤᠳᠤᠷᠤᠤᠯ ᠪᠢᠴᠢᠭ ᠡᠷᠬᠦᠵᠤ ᠡᠨᠡᠬᠦ ᠵᠢᠭᠤᠷᠭᠠᠨ ᠢ ᠬᠦᠮᠤᠨ ᠲᠤᠮᠢᠯᠠᠵᠤ ᠪᠠᠶᠢᠴᠠᠭᠠᠬᠤ ᠶᠢ ᠬᠦᠰᠡᠪᠡ᠃ 7 ᠰᠠᠷ᠎ᠠ ᠶᠢᠨ 17 ᠤ ᠡᠳᠤᠷ ᠴᠤᠬᠤᠯᠳᠠ ᠪᠠᠭᠤᠵᠤ᠄ ︽ᠭᠤᠤᠯᠴᠢ ᠪᠠᠷ ᠨᠠᠷᠢᠨ ᠪᠠᠶᠢᠴᠠᠭᠠᠵᠤ ᠲᠤᠬᠢᠷᠠᠮᠵᠢᠳᠠᠢ ᠰᠢᠢᠳᠪᠤᠷᠢᠯᠡᠭᠳᠦᠨ︕︾ ᠭᠡᠮᠡᠭᠰᠡᠨ ᠳᠤ ᠬᠦᠮᠤᠨ ᠲᠤᠮᠢᠯᠠᠵᠤ ᠪᠠᠶᠢᠴᠠᠭᠠᠯᠳᠠ ᠬᠢᠯᠭᠡᠬᠦ ᠶᠢᠨ ᠵᠡᠷᠭᠡᠪᠡᠷ ᠭᠡᠰᠡᠭ ᠪᠦᠯᠦᠭ ᠬᠦᠮᠤᠰ ᠢ ᠰᠢᠬᠦᠨ ᠠᠰᠠᠭᠤᠪᠠ᠃ ᠡᠨᠡ ᠬᠤᠭᠤᠴᠠᠭᠠᠨ ᠳᠤ ᠪᠠᠭᠠᠷᠢᠨ ᠸᠠᠩ ᠭᠡᠰᠢᠭᠳᠡᠨ ᠬᠤᠰᠢᠭᠤ ᠯᠤᠭ᠎ᠠ ᠵᠦᠪᠳᠡᠵᠤ᠄ ︽ᠭᠡᠰᠢᠭᠳᠡᠨ ᠤ ᠬᠠᠷᠢᠶ᠎ᠠ ᠠᠷᠠᠳ ᠬᠤᠰᠢᠭᠤᠨ ᠳᠠᠭᠠᠨ ᠪᠤᠴᠠᠵᠤ ᠨᠤᠳᠤᠬᠯᠠᠨ᠂ ᠪᠠᠭᠠᠷᠢᠨ ᠪᠠᠷᠠᠭᠤᠨ ᠬᠤᠰᠢᠭᠤ ᠠᠳᠠᠷ ᠤᠨ ᠮᠦᠡᠭᠬᠦ ᠠᠴᠠ ᠭᠡᠰᠢᠭᠳᠡᠨ ᠤ 482 ᠡᠷᠤᠭᠡ ᠠᠷᠠᠳ ᠲᠤ ᠨᠡᠬᠦᠨ ᠪᠠᠭᠤᠵᠤ ᠮᠦᠡᠭᠬᠦ ᠲᠦᠮᠡᠨ ᠯᠠᠩ ᠥᠭᠬᠦ︾ ᠪᠠᠷ ᠲᠤᠬᠳᠠᠬᠰᠡᠨ ᠢ ᠨᠢ ᠲᠢᠩ ᠵᠢᠶᠧ ᠬᠠᠭᠠᠰ ᠢ ᠨᠢ ᠥᠭᠬᠦ ᠪᠠᠷ ᠴᠤᠬᠤᠯᠠᠵᠤ ᠵᠦᠪᠰᠢᠶᠡᠷᠡᠭᠰᠡᠨ ᠠᠴᠠ ᠡᠷᠤᠭᠡ ᠪᠦᠬᠦᠨ ᠳᠤ 10 ᠯᠠᠩ 3 ᠴᠢᠶᠠᠨ 3 ᠯᠢ ᠤᠨᠤᠬᠳᠠᠵᠠᠢ᠃ ᠭᠠᠨᠵᠤᠤᠷ ᠰᠦᠮ᠎ᠠ ᠶᠢᠨ ᠯᠠᠮᠠ ᠬᠤᠸᠠᠷᠠᠭ ᠨᠠᠷ ᠤᠷᠤᠰᠢᠬᠤ ᠤᠷᠤᠨ ᠢᠶᠠᠨ ᠠᠯᠳᠠᠬᠰᠡᠨ ᠮᠦᠷᠳᠡᠭᠡᠨ 7 ᠰᠠᠷ᠎ᠠ ᠶᠢᠨ ᠰᠡᠬᠦᠯᠴᠢ ᠪᠠᠷ ᠴᠠᠭ ᠬᠤᠭᠤᠴᠠᠨ ᠰᠢᠯᠵᠢᠬᠦ ᠪᠠᠷ ᠪᠤᠯᠤᠬᠰᠡᠨ ᠳᠤ  ᠵᠦᠷᠢᠴᠡᠯ  ᠪᠠᠰᠠᠯᠠ  ᠡᠭᠦᠰᠬᠦ ᠪᠤᠯᠵᠠᠢ  ᠃  ᠡᠭᠦᠨ ᠳᠤ  ᠪᠤᠰᠤᠳ ᠬᠦᠮᠦᠨ ᠬᠡᠪᠳᠦ ᠶᠤᠰᠤᠳᠤ ᠶᠢᠨ  ᠠᠩᠬᠠᠳᠤᠭᠠᠷ ᠤᠨ ᠳᠤ  ᠴᠢᠩ ᠤᠨ  ᠵᠠᠰᠠᠭ ᠲᠤ ᠠᠶᠢᠯᠠᠳᠬᠠᠵᠤ  ᠄︽ᠮᠤᠩᠭᠤᠯ ᠬᠤᠰᠢᠭᠤᠳ ᠲᠤ  ᠠᠳᠠᠷ ᠬᠠᠭᠠᠯᠪᠤᠷᠢᠯᠠᠬᠤ ᠨᠢ  ᠮᠤᠩᠭᠤᠯ ᠢᠷᠭᠡᠳ ᠢ ᠠᠯᠪᠠᠳᠠᠨ ᠬᠦᠭᠡᠭᠡᠵᠤ ᠬᠠᠷᠬᠢᠰ ᠭᠡᠷᠴᠡᠭᠡᠢ ᠮᠦᠯᠵᠢᠯ ᠪᠤᠯᠪᠠ︾ ᠭᠡᠮᠡᠭᠰᠡᠨ ᠳᠤ ᠴᠢᠩ ᠤᠨ ᠵᠠᠰᠠᠭ ᠤᠨ ᠭᠠᠵᠠᠷ ᡁᠢ ᠯᠢ  ᠶᠢᠨ ᠪᠦᠬᠦᠳᠡ ᠶᠢ ᠵᠠᠬᠢᠷᠤᠬᠴᠢ ᠿᠦᠢ ᠹᠸᠡᠭ᠂ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠷ ᠪᠠᠶᠢᠴᠠᠭᠠᠨ ᠰᠢᠢᠳᠪᠤᠷᠢᠯᠡᠬᠦᠯᠪᠡ᠃ ᠡᠬᠦᠨ ᠤ ᠳ᠋ᠦᠡᠭ ᠳᠤ ᠵᠠᠷᠢᠮ ᠵᠤᠶᠢᠯ ᠨᠢ ᠠᠶᠢᠯᠠᠳᠬᠠᠯ ᠳᠤ ᠠᠷᠠᠢ ᠨᠡᠶᠢᠴᠡᠬᠦ ᠥᠭᠡᠢ ᠪᠠᠶᠢᠪᠠ᠃ ᠰᠡᠬᠦᠯᠡᠷ ᠨᠢ ᠲᠢᠩ ᠵᠢᠶᠧ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶᠠᠨ ᠤ ᠶᠡᠷᠤᠩᠭᠡᠢ ᠮᠡᠳᠡᠭᠴᠢ ᠬᠦᠸᠧ ᠿᠸᠠ ᠲᠠᠢ ᠪᠠᠷ ᠲᠠᠮᠵᠢᠭᠤᠯᠤᠨ ᠲᠠᠪᠤᠨ ᠮᠢᠩᠭᠠᠨ ᠯᠠᠩ ᠮᠦᠡᠭᠬᠦ ᠶᠢ ᠨᠦᠬᠦᠨ ᠪᠠᠭᠤᠯᠭᠠᠪᠠ᠃ ᠡᠬᠦᠨ ᠤ ᠵᠡᠷᠭᠡᠪᠡᠷ ᠲᠢᠩ ᠵᠢᠶᠧ ᠵᠡᠷᠭᠡ ᠬᠦᠮᠤᠰ ᠴᠢᠩ ᠤᠨ ᠵᠠᠰᠠᠭ ᠢᠶᠠᠷ ᠵᠦᠪᠰᠢᠶᠡᠷᠡᠬᠦᠯᠵᠤ᠂ ᠲᠠᠶᠢᠵᠢ ᠬᠦᠭᠡ ᠶᠢ ᠵᠡᠷᠭᠡᠯᠡᠳᠡᠭᠡ ᠠᠶᠢᠮᠠᠭ ᠲᠤ ᠴᠦᠯᠠᠵᠤ ᠭᠠᠰᠢᠭᠤᠨ ᠠᠯᠪᠠ ᠬᠢᠯᠭᠡᠨ᠂ ᠲᠠᠶᠢᠵᠢ ᠷᠢᠨᠴᠢᠨ ᠤ ᠭᠡᠷᠭᠡᠮ ᠢ ᠨᠢ ᠬᠠᠰᠤᠵᠤ ᠴᠢᠭᠤᠯᠭᠠᠨ ᠲᠠᠷᠤᠭ᠎ᠠ ᠳᠤ ᠲᠤᠰᠢᠶᠠᠵᠤ᠂ ᠲᠡᠬᠦᠰ ᠤᠨ ᠮᠠᠶᠢᠷᠡᠨ ᠵᠡᠷᠭᠡ ᠶᠢ ᠡᠪᠳᠡᠵᠤ᠂ ᠬᠤᠰᠢᠭᠤᠨ ᠤ ᠰᠢᠳᠠᠷ ᠶᠠᠪᠤᠬᠤ ᠵᠠᠬᠢᠷᠤᠬᠴᠢ ᠯᠧ ᠱᠠᠨ ᠢ ᠭᠠᠳᠠᠭᠠᠳᠤ ᠮᠤᠩᠭᠤᠯ ᠤᠨ ᠶᠠᠮᠤᠨ ᠳᠤ ᠲᠤᠰᠢᠶᠠᠨ ᠥᠭᠴᠤ ᠰᠢᠢᠳᠪᠤᠷᠢᠯᠡᠬᠦᠯᠪᠡ᠃           1908 ᠤᠨ ᠤ 1 ᠰᠠᠷ᠎ᠠ ᠶᠢᠨ 7 ᠤ ᠡᠳᠤᠷ ᠿᠧ ᠡᠾᠧ ᠶᠢᠨ ᠪᠦᠬᠦᠳᠡ ᠶᠢ ᠵᠠᠬᠢᠷᠤᠬᠴᠢ ᠠᠶᠢᠯᠠᠳᠬᠠᠯ ᠡᠷᠬᠦᠵᠤ᠂ ᠤᠯᠠᠭᠠᠨᠬᠠᠳᠠ ᠰᠢᠶᠠᠨ ᠢ ᡁᠢ ᠯᠢ ᠵᠸᠤ ᠪᠤᠯᠭᠠᠨ ᠲᠡᠪᠰᠢᠬᠦᠯᠵᠤ᠂ ᠺᠠᠶᠢᠯᠤ᠂ ᠠᠨ ᠳ᠋ᠦᠡᠭ᠂ ᠪᠠ ᠰᠢ ᠭᠤᠷᠪᠠᠨ ᠰᠢᠶᠠᠨ ᠨᠡᠮᠡᠵᠤ ᠪᠠᠶᠢᠭᠤᠯᠬᠤ ᠶᠢ ᠰᠠᠨᠠᠭᠠᠴᠢᠯᠠᠵᠠᠢ᠃ ᠪᠠ ᠰᠢ ᠪᠤᠯᠪᠠᠯ ᠲᠠᠷᠤᠢ ᠯᠢᠨᠰᠢ ᠰᠢᠶᠠᠨ ᠪᠤᠯᠤᠨ᠎ᠠ᠃ ᠪᠠᠭᠠᠷᠢᠨ ᠤ ᠪᠠᠷᠠᠭᠤᠨ ᠳᠤ ᠪᠠᠶᠢᠷᠢᠰᠢᠬᠰᠡᠨ ᠪᠤᠯᠬᠤᠷ ︽ᠪᠠ ᠰᠢ︾ ᠭᠡᠮᠡᠪᠡ᠃ 1 ᠰᠠᠷ᠎ᠠ ᠶᠢᠨ 30 ᠤ ᠡᠳᠤᠷ ᠨᠢ ᠴᠢᠩ ᠤᠨ ᠵᠠᠰᠠᠭ ᠤᠨ ᠤᠷᠳᠤᠨ ᠠᠴᠠ ᠲᠤᠰ ᠠᠶᠢᠯᠠᠳᠬᠠᠯ ᠢ ᠵᠦᠪᠰᠢᠶᠡᠷᠡᠨ ᠢ ᠺᠤᠸᠠᠩ ᠵᠡᠷᠭᠡ ᠬᠦᠮᠤᠰ  ᠲᠤ ᠲᠤᠰᠢᠶᠠᠨ ᠥᠭᠴᠤ ᠲᠠᠪᠳᠠᠨ ᠵᠦᠪᠯᠡᠬᠦᠯᠵᠠᠢ᠃ ᠪᠠᠳᠠᠷᠠᠭᠤᠯᠳᠤ ᠲᠦᠷᠤ ᠶᠢᠨ ᠭᠤᠴᠢᠨ ᠲᠦᠷᠪᠡᠳᠤᠭᠡᠷ ᠤᠨ ᠤ 2 ᠰᠠᠷ᠎ᠠ ᠶᠢᠨ 15 ᠤ ᠡᠳᠤᠷ ᠶᠡᠭᠡ ᠰᠠᠶᠢᠳ ᠢ ᠺᠤᠸᠠᠩ ᠬᠠᠷᠢᠭᠤ ᠠᠶᠢᠯᠠᠳᠬᠠᠯ ᠳᠠᠭᠠᠨ ︽ᠪᠠ ᠰᠢ ᠶᠢ ᠯᠢᠨᠰᠢ︾ ᠭᠡᠮᠡᠵᠤ ᠬᠠᠯᠠᠬᠤ ᠶᠢ ᠵᠦᠪᠯᠡᠪᠡ᠃ ᠢᠡᠭᠬᠢᠭᠡᠳ ᠯᠢᠨᠰᠢ ᠬᠢᠭᠡᠳ ᠺᠠᠶᠢᠯᠤ ᠵᠡᠷᠭᠡᠪᠡᠷ ᠪᠠᠶᠢᠭᠤᠯᠤᠬᠳᠠᠵᠠᠢ᠃ ᠵᠠᠩ ᠸᠧᠠ ᠬᠤᠤ ᠪᠤᠯ ᠯᠢᠨᠰᠢ ᠰᠢᠶᠠᠨ ᠤ ᠬᠠᠮᠤᠭ ᠠᠩᠬᠠᠨ ᠤ ᠰᠢᠶᠠᠨ ᠤ ᠮᠡᠳᠡᠭᠴᠢ ᠪᠤᠯᠤᠨ᠎ᠠ᠃ ᠲᠤᠬᠠᠢ ᠶᠢᠨ ᠥᠶ᠎ᠠ ᠳᠤ ᠰᠢᠶᠠᠨ ᠤ ᠵᠠᠬᠢᠷᠭ᠎ᠠ ᠨᠢ ᠤᠯᠢᠶᠠᠰᠤᠳᠠᠢ ᠶᠢᠨ ᠬᠦᠨᠳᠠᠢ ᠳᠤ ᠪᠠᠶᠢᠷᠢᠯᠠᠭᠤᠯᠤᠬᠰᠡᠨ ᠨᠢ ᠤᠳᠤᠬᠠᠨ ᠤ ᠯᠢᠨᠰᠢ ᠪᠠᠯᠭᠠᠰᠤᠨ  ᠤ ᠠᠩᠬᠠᠨ ᠤ ᠰᠠᠭᠤᠷᠢ ᠪᠤᠯᠤᠨ᠎ᠠ᠃ ᠤᠳᠤ ᠪᠤᠯᠳᠠᠯ᠎ᠠ ᠭᠡᠰᠡᠭ ᠪᠦᠯᠦᠭ ᠬᠦᠮᠤᠰ ᠯᠢᠨᠰᠢ ᠰᠢᠶᠠᠨ ᠤ ᠨᠡᠷᠡᠶᠢᠳᠤᠯ ᠤᠨ ᠢᠷᠡᠯᠳᠡ ᠶᠢᠨ ᠲᠤᠬᠠᠢ ᠤᠯᠠᠨ ᠵᠤᠶᠢᠯ ᠤᠨ ᠲᠠᠭᠠᠮᠠᠭ ᠲᠠᠯᠪᠢᠵᠤ ᠪᠤᠢ᠃ ᠥᠨᠡᠨ ᠳᠡᠭᠡᠨ ︽ᠯᠢᠨᠰᠢ︾ ᠭᠡᠭᠴᠢ ᠨᠢ ︽ᠪᠠᠭᠠᠷᠢᠨ ︵巴林︶ ᠤ  ︵ ᠯᠢᠨ︶  ᠪᠠ  ᠪᠠᠷᠠᠭᠤᠨ ︵西︶ ᠭᠡᠬᠦ ᠬᠢᠳᠠᠳ ᠮᠤᠩᠭᠤᠯ ᠬᠤᠶᠠᠷ ᠭᠡᠯᠡ ᠠᠴᠠ ᠡᠬᠦᠰᠦᠭᠰᠡᠨ ᠬᠤᠯᠢᠮᠠᠭ ᠨᠡᠷ᠎ᠠ ᠪᠤᠯᠬᠤ ᠶᠤᠮ ᠪᠠᠶᠢᠨ᠎ᠠ᠃          ᠪᠠᠭᠠᠷᠢᠨ ᠤ ᠪᠠᠷᠠᠭᠤᠨᠳᠡᠬᠢ ᠠᠳᠠᠷ ᠬᠠᠭᠠᠯᠪᠤᠷᠢᠯᠠᠯᠳᠠ ᠨᠢ 1912 ᠤᠨ ᠪᠤᠯᠬᠤ ᠳᠤ ᠥᠨᠳᠤᠰᠤᠨ  ᠳᠡᠭᠡᠨ ᠲᠡᠬᠦᠰᠦᠭᠰᠡᠨ ᠪᠤᠯᠪᠠᠴᠤ ᠤᠷᠳᠤ ᠬᠤᠭᠤᠴᠠᠭ᠎ᠠ ᠪᠠᠷ  ᠲᠠᠰᠤᠷᠠᠯᠳᠠ  ᠥᠭᠡᠢ ᠶᠠᠪᠤᠬᠳᠠᠵᠤ᠂ 1931 ᠤᠨ  ᠳᠤ ᠯᠢᠨᠰᠢ ᠰᠢᠶᠠᠨ ᠶᠠᠫᠤᠨ ᠡᠵᠡᠷᠭᠡᠭ ᠲᠦᠷᠢᠮᠡᠭᠡᠶᠢᠳᠡᠨ ᠳᠤ ᠡᠵᠡᠯᠡᠭᠳᠡᠭᠰᠡᠨ ᠤ ᠲᠠᠷᠠᠭ᠎ᠠ ᠲᠠᠭᠤᠰᠤᠬᠰᠡᠨ ᠪᠠᠶᠢᠨ᠎ᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号