| ᠪᠠᠳᠠᠷᠠᠭᠤᠯᠳᠤ ᠲᠦᠷᠤ ᠶᠢᠨ ᠰᠡᠬᠦᠯᠴᠢ ᠶᠢᠨ ᠥᠶ᠎ᠠ ᠳᠤ ᠬᠦᠷᠤᠭᠡᠳ ᠭᠠᠳᠠᠭᠠᠳᠤ ᠶᠢᠨ ᠲᠦᠷᠢᠮᠡᠭᠡᠶᠢᠯᠡᠯ | ᠲᠤᠳᠤᠭᠠᠳᠤ ᠶᠢᠨ ᠡᠰᠡᠷᠬᠦᠴᠡᠯ ᠳᠤ ᠵᠡᠷᠭᠡᠪᠡᠷ ᠤᠴᠠᠷᠠᠵᠤ ᠨᠤᠷᠠᠮᠠᠷ ᠪᠤᠯᠤᠬᠰᠡᠨ ᠴᠢᠩ ᠤᠯᠤᠰ ᠤᠨ ᠵᠠᠰᠠᠭ ᠤᠨ | ᠭᠠᠵᠠᠷ ᠨᠢ ᠡᠴᠤᠰ ᠤᠨ ᠭᠤᠷᠢᠳᠠᠯᠭ᠎ᠠ ᠪᠠᠨ ᠡᠭᠡ ᠬᠠᠳᠤᠳ ᠤᠨ ᠲᠦᠷᠬᠦᠮ᠂ ᠠᠪᠠᠭ᠎ᠠ ᠬᠦᠡᠭᠵᠤ ᠨᠠᠷ ᠤᠨ ᠢᠶᠠᠨ | ᠬᠠᠳᠠᠮ ᠳᠤ ᠨᠠᠶᠢᠳᠠᠵᠤ ᠶᠡᠭᠡ ᠭᠡᠪᠴᠢᠶ᠎ᠠ ᠪᠠᠷ ᠠᠳᠠᠷ ᠬᠠᠭᠠᠯᠪᠤᠷᠢᠯᠠᠵᠤ ᠡᠬᠢᠯᠡᠵᠠᠢ᠃ ᠪᠠᠳᠠᠷᠠᠭᠤᠯᠳᠤ ᠲᠦᠷᠤ ᠶᠢᠨ 21 | ᠳ᠋ᠤᠭᠡᠷ ᠤᠨ ᠳᠤ ᠺᠠᠨᠭ᠌ ᠶᠢᠤ ᠸᠧᠢ ᠵᠡᠷᠭᠡ ᠬᠦᠮᠤᠰ ︽ᠠᠯᠪᠠᠨ ᠲᠡᠷᠭᠡ ᠪᠠᠷ ᠪᠢᠴᠢᠭ ᠡᠷᠬᠦᠬᠦ︾ ᠳᠡᠭᠡᠨ ︽ᠢᠷᠭᠡᠳ ᠢ | ᠨᠡᠬᠦᠯᠭᠡᠨ ᠬᠢᠵᠠᠭᠠᠷ ᠢ ᠪᠠᠬᠢᠵᠢᠬᠦᠯᠬᠦ︾ ᠥᠵᠡᠯᠳᠡ ᠪᠠᠨ ᠲᠤᠷᠠᠳᠤᠬᠰᠡᠨ ᠪᠠᠶᠢᠵᠠᠢ᠃ ᠲᠡᠬᠦᠨ ᠤ ᠲᠠᠷᠠᠭ᠎ᠠ ᠪᠠᠷ ᠱᠠᠨᠰᠢ | ᠶᠢᠨ ᠴᠠᠬᠳᠠᠨ ᠵᠠᠬᠢᠷᠤᠬᠴᠢ ᠡᠾᠸᠤ ᠫᠠᠨ ᡁᠢ ᠵᠡᠷᠭᠡ ᠨᠤᠶᠠᠳ ᠤᠷᠢᠳ ᠬᠤᠵᠢᠳ ᠪᠤᠳᠤᠷᠤᠤᠯ ᠪᠢᠴᠢᠭ ᠡᠷᠬᠦᠵᠤ᠄ ︽ | ᠥᠪᠤᠷ ᠮᠤᠩᠭᠤᠯ ᠤᠨ ᠤᠯᠠᠭᠠᠨᠴᠠᠪ᠂ ᠶᠡᠭᠡ ᠵᠤᠤ ᠬᠤᠶᠠᠷ ᠠᠶᠢᠮᠠᠭ ᠤᠨ ᠬᠤᠰᠢᠭᠤᠳ ᠲᠤ ᠲᠤᠰᠬᠤᠨᠴᠢᠯᠠᠨ | ᠲᠠᠷᠢᠶᠠᠯᠠᠵᠤ ᠬᠢᠵᠠᠭᠠᠷ ᠢ ᠪᠠᠬᠢᠵᠢᠬᠦᠯᠬᠦ︾ ᠥᠵᠡᠯᠳᠡ ᠪᠠᠨ ᠲᠤᠷᠠᠳᠤᠬᠰᠡᠨ ᠳᠤ ᠭᠠᠳᠠᠭᠠᠳᠤ ᠮᠤᠩᠭᠤᠯ ᠤᠨ ᠲᠦᠷᠤ ᠶᠢ | ᠵᠠᠰᠠᠬᠤ ᠶᠠᠪᠤᠳᠠᠯ ᠤᠨ ᠶᠠᠮᠤᠨ ᠠᠴᠠ ᠶᠡᠭᠡ ᠵᠤᠤ ᠠᠶᠢᠮᠠᠭ ᠤᠨ ᠲᠠᠷᠤᠭ᠎ᠠ᠂ ᠤᠷᠳᠤᠰ ᠬᠤᠰᠢᠭᠤᠨ ᠤ ᠵᠠᠰᠠᠭ | ᠠᠷᠢᠪᠢᠨᠪᠠᠶᠠᠷ ᠳᠤ ᠰᠢᠯᠵᠢᠬᠦᠯᠤᠨ ᠥᠭᠴᠠᠢ᠃ ᠠᠷᠢᠪᠢᠨᠪᠠᠶᠠᠷ ︵ᠵᠠᠷᠢᠮ ᠨᠤᠮ ᠳᠤ ᠵᠠᠨ᠎ᠠ ᠭᠠᠷᠤᠳᠢ ᠭᠡᠵᠤ ᠪᠢᠴᠢᠭᠰᠡᠨ | ᠨᠢ ᠲᠠᠰᠢᠶᠠᠷᠠᠵᠠᠢ︶ ᠬᠠᠷᠢᠭᠤ ᠪᠢᠴᠢᠭ ᠡᠷᠬᠦᠵᠤ᠄ ︽ᠪᠡᠯᠴᠢᠭᠡᠷ ᠬᠠᠭᠠᠯᠪᠤᠷᠢᠯᠠᠬᠤ ᠨᠢ ᠮᠤᠩᠭᠤᠯᠴᠤᠳ ᠤᠨ ᠠᠳᠠᠯ | ᠤᠨᠳᠤᠷᠤᠯᠭ᠎ᠠ ᠳᠤ ᠬᠠᠷᠰᠢ ᠲᠠᠢ︾ ᠭᠡᠮᠡᠭᠰᠡᠨᠠ ᠠᠳᠠᠷ ᠬᠠᠭᠠᠯᠪᠤᠷᠢᠯᠠᠬᠤ ᠶᠠᠪᠤᠳᠠᠯ ᠲᠦᠷ ᠬᠤᠶᠢᠰᠢᠯᠠᠬᠳᠠᠪᠠ᠃ | ᠬᠤᠵᠢᠮ ᠨᠢ ᠱᠠᠨᠰᠢ ᠶᠢᠨ ᠴᠠᠬᠳᠠᠨ ᠵᠠᠬᠢᠷᠤᠬᠴᠢ ᠱᠸᠠ ᠴᠦᠨ ᠰᠢᠤᠸᠠᠨ ᠵᠡᠷᠭᠡ ᠬᠦᠮᠤᠰ ᠲᠠᠬᠢᠨᠳᠠ ᠪᠢᠴᠢᠭ ᠡᠷᠬᠦᠵᠤ | ᠱᠠᠨᠰᠢ ᠯᠤᠭ᠎ᠠ ᠬᠢᠯᠢᠯᠡᠭᠰᠡᠨ ᠮᠤᠩᠭᠤᠯ ᠤᠷᠤᠨ ᠳᠤ ᠠᠳᠠᠷ ᠬᠠᠭᠠᠯᠪᠤᠷᠢᠯᠠᠬᠤ ᠶᠢ ᠭᠤᠶᠤᠴᠢᠯᠠᠬᠰᠡᠨ ᠳᠤ ᠴᠢᠩ ᠤᠨ | ᠵᠠᠰᠠᠭ ᠤᠨ ᠭᠠᠵᠠᠷ ᠪᠤᠳᠤᠷᠤᠤᠯ ᠪᠢᠴᠢᠭ ᠢ ᠨᠢ ᠴᠡᠷᠢᠭ ᠤᠨ ᠨᠢᠭᠤᠴᠠ ᠶᠢ ᠬᠠᠮᠠᠭᠠᠯᠠᠬᠤ ᠲᠦᠰᠢᠮᠡᠯ ᠳᠤ | ᠴᠤᠬᠤᠯᠠᠪᠤᠷᠢᠯᠠᠨ ᠰᠢᠯᠵᠢᠬᠦᠯᠵᠤ᠄ ︽ᠶᠡᠭᠡ ᠵᠤᠤ᠂ ᠤᠯᠠᠭᠠᠨᠴᠠᠪ ᠬᠤᠶᠠᠷ ᠠᠶᠢᠮᠠᠭ ᠤᠨ ᠬᠤᠰᠢᠭᠤᠳ ᠲᠤ ᠠᠳᠠᠷ | ᠭᠠᠵᠠᠷ ᠡᠯᠪᠡᠭ ᠲᠡᠯᠪᠡᠭ ᠮᠦᠷᠳᠡᠭᠡᠨ ᠥᠡᠭ ᠰᠢᠮᠡᠯᠢᠭ ᠲᠤᠯᠠ ᠡᠷᠭᠡᠪᠰᠢ ᠲᠠᠷᠤᠶᠢᠬᠠᠨ ᠠᠳᠠᠷ ᠬᠠᠭᠠᠯᠪᠤᠷᠢᠯᠠᠵᠤ | ᠬᠢᠵᠠᠭᠠᠷ ᠢ ᠪᠠᠬᠢᠵᠢᠬᠦᠯᠬᠦ ᠁︾ ᠭᠡᠵᠠᠢ᠃ ᠡᠬᠦᠨ ᠠᠴᠠ ᠡᠬᠢᠯᠡᠵᠤ ᠴᠢᠩ ᠤᠯᠤᠰ ᠤᠨ ᠵᠠᠰᠠᠭ ᠤᠨ ᠭᠠᠵᠠᠷ | ᠥᠪᠤᠷ ᠮᠤᠩᠭᠤᠯ᠂ ᠬᠠᠷᠠᠮᠦ᠋ᠷᠡᠨ᠂ ᠹᠸᠡᠭᠲ᠋ᠢᠶᠠᠨ ᠵᠡᠷᠭᠡ ᠭᠠᠵᠠᠷ ᠲᠤ ᠶᠡᠭᠡ ᠭᠡᠪᠴᠢᠶ᠎ᠠ ᠪᠠᠷ ᠠᠳᠠᠷ ᠬᠠᠭᠠᠯᠪᠤᠷᠢᠯᠠᠵᠤ | ᠡᠬᠢᠯᠡᠭᠰᠡᠨ ᠪᠠᠶᠢᠨ᠎ᠠ᠃ | ᠪᠠᠳᠠᠷᠠᠭᠤᠯᠳᠤ ᠲᠦᠷᠤ ᠶᠢᠨ ᠭᠤᠴᠢᠨ ᠬᠤᠶᠠᠳᠤᠭᠠᠷ ᠤᠨ ᠤ ᠿᠧ ᠡᠾᠧ ᠮᠤᠵᠢ ᠶᠢᠨ ᠪᠦᠬᠦᠳᠡ ᠶᠢ | ᠵᠠᠬᠢᠷᠤᠬᠴᠢ ᠲᠢᠩ ᠵᠢᠶᠧ ᠴᠢᠩ ᠤᠯᠤᠰ ᠤᠨ ᠵᠠᠰᠠᠭ ᠤᠨ ᠭᠠᠵᠠᠷ ᠢ ᠭᠤᠶᠤᠴᠢᠯᠠᠵᠤ᠂ ᠠᠤᠬᠠᠨ ᠬᠤᠰᠢᠭᠤ ᠬᠢᠭᠡᠳ | ᠬᠠᠷᠠᠴᠢᠨ ᠵᠡᠬᠦᠨ ᠬᠤᠰᠢᠭᠤᠨ ᠤ ᠭᠡᠰᠡᠭ ᠪᠦᠯᠦᠭ ᠪᠤᠯᠪᠠᠰᠤᠷᠠᠩᠭᠤᠢ ᠭᠠᠵᠠᠷ ᠢ ᠬᠠᠭᠠᠯᠪᠤᠷᠢᠯᠠᠵᠤ ᠡᠬᠢᠯᠡᠭᠰᠡᠨ | ᠮᠦᠷᠳᠡᠭᠡᠨ ᠪᠠᠭᠠᠷᠢᠨ ᠤ ᠬᠤᠶᠠᠷ ᠬᠤᠰᠢᠭᠤᠨ ᠤ ᠸᠠᠩ ᠬᠦᠡᠭ ᠨᠠᠷ ᠲᠤ ᠠᠳᠠᠷ ᠭᠠᠵᠠᠷ ᠢ ︽ᠡᠷᠬᠦᠨ ᠪᠠᠷᠢᠭᠤᠯᠬᠤ︾ | ᠠᠵᠢᠯ ᠢ ᠱᠠᠭᠠᠷᠳᠠᠨ ᠬᠢᠪᠡ᠃ ᠭᠡᠳᠤᠶᠢᠪᠡᠷ ︽ᠡᠷᠬᠦᠨ ᠪᠠᠷᠢᠬᠤ︾ ᠭᠡᠳᠡᠭ ᠪᠤᠯᠪᠠᠴᠤ ᠠᠯᠪᠠᠳᠠᠯᠭ᠎ᠠ ᠶᠢᠨ ᠴᠢᠨᠠᠷ ᠲᠠᠢ᠂ | ᠵᠠᠷᠯᠢᠭ ᠤᠨ ᠰᠢᠨᠵᠢ ᠲᠠᠢ ᠪᠠᠶᠢᠪᠠ᠃ ᠤᠴᠢᠷ ᠨᠢ᠂ ᠮᠤᠩᠭᠤᠯ ᠬᠤᠰᠢᠭᠤᠳ ᠤᠷᠢᠳᠤ ᠨᠢ ᠭᠡᠳᠤᠶᠢᠪᠡᠷ ᠥᠪᠡᠷᠳᠡᠭᠡᠨ | ᠡᠵᠡᠨ ᠮᠡᠳᠡᠵᠤ ᠠᠳᠠᠷ ᠬᠠᠭᠠᠯᠪᠤᠷᠢᠯᠠᠵᠤ ᠭᠠᠶᠢᠯᠢ ᠲᠠᠳᠠᠪᠤᠷᠢ ᠲᠠᠳᠠᠵᠤ ᠪᠠᠶᠢᠬᠰᠡᠨ ᠪᠤᠯᠪᠠᠴᠤ ᠠᠳᠠᠷ ᠤᠨ ᠥᠨ᠎ᠠ᠂ | ᠲᠠᠷᠢᠶᠠᠨ ᠤ ᠭᠠᠶᠢᠯᠢ ᠲᠠᠳᠠᠪᠤᠷᠢ ᠪᠦᠬᠦᠨ ᠢ ᠲᠤᠰ ᠬᠤᠰᠢᠭᠤ ᠥᠪᠡᠷᠳᠡᠭᠡᠨ ᠬᠤᠷᠢᠶᠠᠨ ᠠᠪᠴᠤ ᠪᠠᠶᠢᠵᠠᠢ᠃ ᠭᠡᠳᠡᠯ᠎ᠠ | ︽ᠡᠷᠬᠦᠨ ᠪᠠᠷᠢᠬᠰᠡᠨ︾ ᠤ ᠰᠡᠬᠦᠯᠡᠷᠬᠢ ᠭᠠᠶᠢᠯᠢ ᠲᠠᠳᠠᠪᠤᠷᠢ ᠵᠢᠴᠢ ᠠᠳᠠᠷ ᠤᠨ ᠥᠨ᠎ᠠ ᠮᠦᠡᠭᠬᠦ ᠶᠢᠨ ᠬᠠᠭᠠᠰ ᠢ ᠯᠡ | ᠤᠯᠬᠤ ᠪᠠᠷ ᠪᠠᠷᠠᠬᠤ ᠥᠭᠡᠢ ᠬᠠᠮᠤᠭ ᠴᠢᠬᠤᠯᠠ ᠨᠢ ᠲᠠᠷᠢᠶᠠᠨ ᠭᠠᠵᠠᠷ ᠤᠨ ᠥᠮᠴᠢᠯᠠᠯ ᠤᠨ ᠡᠷᠭᠡ ᠪᠠᠨ ᠠᠯᠳᠠᠬᠤ | ᠪᠤᠯᠤᠨ᠎ᠠ᠃ ᠬᠤᠪᠢ ᠶᠢᠨ ᠬᠠᠭᠠᠯᠪᠤᠷᠢᠯᠠᠯᠳᠠ ᠪᠠ ᠲᠦᠷᠤ ᠶᠢᠨ ᠬᠠᠭᠠᠯᠪᠤᠷᠢᠯᠠᠯᠳᠠ ᠶᠢ ᠬᠠᠷᠢᠴᠠᠭᠤᠯᠪᠠᠯ ︽ᠡᠷᠬᠦᠨ | ᠪᠠᠷᠢᠬᠤ︾ ᠨᠢ ᠲᠤᠬᠠᠢ ᠶᠢᠨ ᠤᠷᠤᠨ ᠤ ᠮᠠᠯᠴᠢᠳ ᠤᠨ ᠠᠮᠢᠳᠤᠷᠠᠯ ᠢ ᠨᠦᠯᠤᠭᠡᠯᠡᠬᠦ ᠪᠠᠷ ᠥᠯᠤ ᠪᠠᠷᠠᠮ ᠸᠠᠩ ᠬᠦᠡᠭ | ᠨᠠᠷ ᠤᠨ ᠬᠤᠪᠢ ᠶᠢᠨ ᠠᠰᠢᠭ ᠲᠤᠰᠠ ᠴᠤ ᠬᠤᠯᠠ ᠪᠠᠭᠠᠰᠤᠬᠰᠡᠨ ᠪᠠᠶᠢᠨ᠎ᠠ᠃ ᠡᠶᠢᠮᠤ ᠠᠴᠠ ᠤᠯᠠᠩᠬᠢ ᠸᠠᠩ ᠬᠦᠡᠭ | ᠨᠠᠷ ︽ᠡᠷᠬᠦᠨ ᠪᠠᠷᠢᠬᠤ︾ ᠲᠤᠷ᠎ᠠ ᠥᠭᠡᠢ ᠪᠠᠶᠢᠪᠠ᠃ ᠭᠡᠳᠡᠯ᠎ᠠ ᠴᠢᠩ ᠤᠨ ᠵᠠᠰᠠᠭ ᠤᠨ ᠭᠠᠵᠠᠷ ᠨᠢᠭᠡᠨᠳᠡ ᠡᠷᠬᠦᠨ | ᠪᠠᠷᠢᠬᠤ ᠵᠢᠭᠠᠪᠤᠷᠢ ᠭᠠᠷᠭᠠᠭᠰᠡᠨ ᠲᠤᠯᠠᠳᠠ ᠵᠢᠭᠠᠭᠳᠠᠬᠰᠡᠨ ᠸᠠᠩ ᠬᠦᠡᠭ ᠨᠠᠷ ᠭᠡᠷᠡᠭᠵᠢᠬᠦᠯᠬᠦ ᠯᠡ ᠭᠡᠷᠡᠭᠳᠠᠢ ᠪᠤᠯᠵᠠᠢ᠃ | ᠡᠰᠡ ᠭᠡᠷᠡᠭᠵᠢᠬᠦᠯᠦᠭᠰᠡᠳ ᠲᠤ ᠴᠢᠩ ᠤᠯᠤᠰ ᠤᠨ ᠵᠠᠰᠠᠭ ᠤᠨ ᠭᠠᠵᠠᠷ ᠬᠠᠳᠠᠭᠤ ᠠᠷᠭ᠎ᠠ ᠭᠡᠮᠵᠢᠶ᠎ᠠ ᠠᠪᠳᠠᠭ᠃ | ᠪᠠᠳᠠᠷᠠᠭᠤᠯᠳᠤ ᠲᠦᠷᠤ ᠶᠢᠨ ᠬᠤᠷᠢ ᠶᠢᠰᠤᠨ ᠤᠨ ᠳᠤ ᠶᠡᠭᠡ ᠵᠤᠤ ᠠᠶᠢᠮᠠᠭ ᠤᠨ ᠲᠠᠷᠤᠭ᠎ᠠ ᠵᠠᠷᠯᠢᠭ ᠢ ᠡᠰᠡᠷᠬᠦᠴᠡᠨ | ᠡᠰᠡ ᠬᠠᠭᠠᠯᠪᠤᠷᠢᠯᠠᠬᠰᠡᠨ ᠠᠴᠠ ᠠᠶᠢᠮᠠᠭ ᠤᠨ ᠲᠠᠷᠤᠭ᠎ᠠ ᠶᠢᠨ ᠲᠤᠰᠢᠶᠠᠯ ᠢᠶᠠᠨ ᠠᠯᠳᠠᠵᠠᠢ᠃ | 1907 ᠤᠨ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠵᠠᠰᠠᠭ | ᠤᠨ ᠭᠠᠵᠠᠷ ᠢᠶᠠᠷ ᠵᠠᠷᠯᠢᠭ ᠪᠠᠭᠤᠯᠭᠠᠯᠭᠠᠵᠤ᠂ ᠪᠠᠭᠠᠷᠢᠨ ᠸᠠᠩ ᠳᠤ ᠠᠳᠠᠷ ᠬᠠᠭᠠᠯᠪᠤᠷᠢᠯᠠᠬᠤ ᠶᠢᠨ ᠠᠰᠢᠭ ᠲᠤᠰᠠ ᠶᠢ | ︽ᠨᠡᠪᠳᠡᠷᠡᠳᠡᠯ᠎ᠠ ᠤᠶᠢᠯᠠᠭᠠᠭᠤᠯᠵᠠᠢ︾᠃ ᠡᠶᠢᠮᠤᠷᠬᠦ ︽ᠡᠷᠬᠢᠮ ᠶᠠᠷᠢᠶ᠎ᠠ ᠥᠨᠡᠳᠤ ᠥᠬᠦᠯᠡᠯ︾ ᠤᠨ ᠵᠢᠭᠠᠪᠤᠷᠢ ᠬᠢᠭᠡᠳ | ᠿᠧ ᠡᠾᠧ ᠶᠢᠨ ᠪᠦᠬᠦᠳᠡ ᠶᠢ ᠵᠠᠬᠢᠷᠤᠬᠴᠢ ᠶᠢᠨ ᠲᠠᠬᠢᠨ ᠲᠠᠪᠳᠠᠨ ᠱᠠᠭᠠᠷᠳᠠᠯᠭ᠎ᠠ ᠲᠤᠤᠷ᠎ᠠ 1907 ᠤᠨ ᠤ ᠬᠠᠪᠤᠷ | ᠪᠠᠭᠠᠷᠢᠨ ᠸᠠᠩ ᠵᠠᠭᠠᠷ ᠭᠠᠳᠠᠭᠠᠳᠤ ᠮᠤᠩᠭᠤᠯ ᠤᠨ ᠲᠦᠷᠤ ᠶᠢ ᠵᠠᠰᠠᠬᠤ ᠶᠠᠮᠤᠨ ᠢᠶᠠᠷ ᠲᠠᠮᠵᠢᠭᠤᠯᠵᠤ ᠴᠢᠩ ᠤᠨ ᠵᠠᠰᠠᠭ | ᠤᠨ ᠭᠠᠵᠠᠷ ᠲᠤ ᠪᠠᠶᠠᠨᠴᠠᠭᠠᠨ ᠭᠤᠤ᠂ ᠢᠡᠭᠳᠤ ᠶᠢᠨ ᠬᠦᠨᠳᠠᠢ᠂ ᠵᠸᠠ ᠲᠸᠤ ᠭᠸᠤ᠂ ᠬᠠᠯᠠᠭᠠᠢ ᠭᠤᠤ ᠵᠡᠷᠭᠡ ᠲᠦᠷᠪᠡᠨ | ᠲᠠᠯ᠎ᠠ ᠭᠠᠵᠠᠷ ᠢ ︽ᠵᠠᠷᠯᠢᠭ ᠶᠤᠰᠤᠭᠠᠷ ᠡᠷᠬᠦᠨ ᠪᠠᠷᠢᠬᠰᠡᠨ︾ ᠪᠠᠶᠢᠨ᠎ᠠ᠃ ᠪᠠᠳᠠᠷᠠᠭᠤᠯᠳᠤ ᠲᠦᠷᠤ ᠶᠢᠨ ᠭᠤᠴᠢᠨ | ᠭᠤᠷᠪᠠᠨ ᠤᠨ ᠤ ᠭᠤᠷᠪᠠᠨ ᠰᠠᠷ᠎ᠠ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠭᠠᠷᠢᠨ ᠸᠠᠩ | ᠤᠨ ᠡᠷᠬᠦᠨ ᠪᠠᠷᠢᠵᠤ ᠴᠢᠩ ᠤᠨ ᠲᠦᠷᠤ ᠠᠴᠠ ᠴᠤᠬᠤᠯᠠᠪᠤᠷᠢᠯᠠᠬᠰᠡᠨ ᠲᠤᠰᠬᠠᠢ ᠡᠪᠭᠡᠮᠡᠯ ᠢ ᠬᠦᠯᠢᠶᠡᠨ ᠤᠯᠵᠤ᠂ | ᠬᠦᠮᠤᠨ ᠲᠤᠮᠢᠯᠠᠨ ᠪᠠᠭᠠᠷᠢᠨ ᠤ ᠠᠳᠠᠷ ᠬᠠᠭᠠᠯᠪᠤᠷᠢᠯᠠᠯᠳᠠ ᠵᠢᠩᠬᠢᠨᠢ ᠪᠠᠷ ᠡᠬᠢᠯᠡᠵᠠᠢ᠃ ᠠᠳᠠᠷ ᠬᠠᠭᠠᠯᠪᠤᠷᠢᠯᠠᠵᠤ | ᠡᠬᠢᠯᠡᠮᠡᠭᠴᠡ ᠠᠳᠠᠷ ᠤᠨ ᠶᠠᠪᠤᠳᠠᠯ ᠤᠨ ᠲᠤᠪᠴᠢᠶ᠎ᠠ ᠶᠢ ᠪᠠᠶᠢᠭᠤᠯᠵᠠᠢ᠃ ᠬᠠᠮᠤᠭ ᠠᠩᠬᠠᠨ ᠤ ᠶᠡᠷᠤᠩᠭᠡᠢ | ᠬᠦᠢᠴᠡᠳᠭᠡᠭᠴᠢ ᠨᠢ ᠸᠠᠩ ᠱᠦᠨ ᠽᠦᠨ ᠭᠡᠳᠡᠭ᠃ ᠲᠡᠷᠡ ᠪᠠᠭᠠᠷᠢᠨ ᠳᠤ ᠬᠦᠷᠴᠤ ᠪᠠᠭᠠᠷᠢᠨ ᠤ ᠲᠤᠰᠢᠶᠠᠯᠳᠠᠳ | ᠯᠤᠭ᠎ᠠ ᠠᠩᠬᠠᠯᠠᠨ ᠲᠤᠬᠳᠠᠬᠰᠡᠨ ᠤᠷᠤᠨ ᠳᠤ ᠬᠦᠷᠴᠤ᠂ ᠲᠡᠭᠡᠰᠤᠯᠡᠨ ᠭᠡᠮᠵᠢᠬᠦ ᠶᠢᠨ ᠰᠠᠴᠠᠭᠤ ᠬᠠᠷᠢᠯᠴᠠᠨ | ᠵᠦᠪᠳᠡᠯᠴᠡᠵᠤ᠂ ᠪᠠᠭᠠᠷᠢᠨ ᠵᠢᠶᠦ᠋ᠨ ᠸᠠᠩ᠂ ᠪᠠᠶᠢᠰᠠ ᠸᠠᠩ ᠢᠶᠠᠷ ᠰᠤᠪᠬᠠᠢ ᠶᠢᠨ ᠰᠦᠮ᠎ᠠ ᠤᠷᠴᠢᠮ ᠭᠠᠵᠠᠷ ᠢ | ᠵᠢᠭᠠᠯᠭᠠᠨ ᠠᠪᠬᠤ ᠶᠢᠨ ᠬᠠᠮᠳᠤ ᠰᠤᠪᠬᠠᠢ ᠶᠢᠨ ᠰᠦᠮ᠎ᠠ ᠶᠢ ᠴᠤ ᠠᠳᠠᠷ ᠤᠨ ᠲᠤᠪᠴᠢᠶ᠎ᠠ ᠶᠢᠨ ᠰᠠᠭᠤᠴᠠ ᠪᠤᠯᠭᠠᠨ | ᠲᠦᠷᠢᠶᠡᠰᠤᠯᠡᠨ ᠠᠪᠤᠪᠠ᠃ ᠯᠢᠨᠰᠢ ᠰᠢᠶᠠᠨ ᠤ ᠠᠳᠠᠷ ᠤᠨ ᠲᠤᠪᠴᠢᠶ᠎ᠠ ᠶᠢᠨ ᠬᠠᠷᠢᠭᠤᠴᠠᠯᠭᠠᠳᠠᠨ ᠨᠢ ᠲᠤᠰ ᠲᠤᠰ | ᠸᠠᠩ ᠱᠦᠨ ᠽᠦᠨ᠂ ᠯᠢ ᠲᠠᠨ᠂ ᠵᠠᠩ ᠸᠧᠠ ᠬᠤᠤ᠂ ᠬᠦᠸᠧ ᠿᠸᠠ ᠲᠠᠢ᠂ ᠡᠾᠸᠤ ᠶᠠᠨ ᠵᠢᠶᠧ ᠨᠠᠷ ᠪᠤᠯᠤᠨ᠎ᠠ᠃ | ᠡᠬᠦᠨ ᠳᠤ ᠵᠠᠩ ᠸᠧᠠ ᠬᠤᠤ ᠭᠤᠷᠪᠠᠨᠳᠠ ᠲᠤᠰᠢᠶᠠᠯ ᠬᠠᠷᠢᠭᠤᠴᠠᠬᠰᠡᠨ ᠪᠠᠶᠢᠨ᠎ᠠ᠃ ᠲᠡᠷᠡ ᠲᠤᠬᠠᠢ ᠶᠠᠭ ᠰᠠᠶ᠋ᠢᠬᠠᠨ | ᠪᠠᠭᠠᠷᠢᠨ ᠤ ᠪᠠᠶᠢᠰᠠ ᠸᠠᠩ ᠰᠧᠳ᠋ᠸᠡᠭᠨᠠᠮᠵᠢᠯᠸᠠᠩᠪᠤᠤ ᠶᠢᠨ ︽ᠤᠨ ᠤ ᠵᠢᠱᠢᠶ᠎ᠠ︾ ᠨᠢ ᠲᠠᠭᠤᠰᠴᠤ ᠪᠠᠭᠠᠷᠢᠨ ᠳᠠᠭᠠᠨ | ᠪᠤᠴᠠᠬᠤ ᠪᠠᠷ ᠴᠸᠡᠭᠳᠧ ᠶᠢ ᠥᠡᠭᠭᠡᠷᠡᠬᠦ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠭᠠᠷᠢᠨ | ᠪᠠᠶᠢᠰᠠ ᠸᠠᠩ ᠲᠠᠢ ᠠᠳᠠᠷ ᠬᠠᠭᠠᠯᠪᠤᠷᠢᠯᠠᠬᠤ ᠪᠦᠬᠦᠶᠢᠯᠡ ᠭᠡᠷᠡᠭ ᠢ ᠶᠠᠷᠢᠯᠴᠠᠨ ᠵᠦᠪᠳᠡᠵᠤ᠂ ︽ᠪᠠᠭᠠᠷᠢᠨ ᠸᠠᠩ ᠤᠨ | ᠨᠢᠭᠡᠨᠳᠡ ᠡᠷᠬᠦᠨ ᠪᠠᠷᠢᠬᠰᠡᠨ ᠲᠦᠷᠪᠡᠨ ᠭᠡᠰᠡᠭ ᠠᠳᠠᠷ ᠭᠠᠵᠠᠷ ᠤᠨ ᠠᠡᠭ ᠱᠢᠨᠠᠭᠠ ︵ᠬᠤᠭᠤᠷᠤᠨᠳᠤᠬᠢ ᠭᠡᠰᠡᠭ︶ ᠶᠢ | ᠨᠢ ᠪᠦᠬᠦᠨ ᠢ ᠡᠷᠬᠦᠨ ᠪᠠᠷᠢᠵᠤ᠂ ᠬᠤᠵᠢᠮ ᠤᠨ ᠮᠤᠩᠭᠤᠯ ᠬᠢᠳᠠᠳ ᠬᠤᠯᠢᠯᠳᠤᠨ ᠰᠠᠭᠤᠵᠤ ᠵᠢᠭᠤᠷᠭᠠᠨ ᠡᠬᠦᠰᠬᠦ | ᠥᠨᠳᠤᠰᠤ ᠶᠢ ᠲᠠᠰᠤᠯᠬᠤ︾ ᠪᠠᠷ ᠲᠤᠬᠳᠠᠵᠠᠢ᠃ | 1907 ᠤᠨ ᠤ 5 ᠰᠠᠷ᠎ᠠ ᠶᠢᠨ 12 ᠤᠨ ᠡᠳᠤᠷ ︽ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ | ᠬᠦᠳᠤᠯᠪᠤᠷᠢ︾ ᠶᠢ ᠲᠤᠬᠳᠠᠭᠠᠵᠤ᠂ ᠠᠳᠠᠷ ᠭᠡᠮᠵᠢᠬᠦ᠂ ᠠᠳᠠᠷ ᠤᠨ ᠥᠨ᠎ᠠ᠂ ᠠᠳᠠᠷ ᠬᠤᠳᠠᠯᠳᠤᠬᠤ᠂ ᠠᠳᠠᠷ | ᠪᠤᠯᠪᠠᠰᠤᠷᠠᠭᠤᠯᠬᠤ ᠵᠡᠷᠭᠡ ᠭᠡᠳᠤᠨ ᠵᠤᠷᠪᠤᠰ ᠢ ᠲᠤᠬᠳᠠᠭᠠᠨ᠂ ᠰᠡᠬᠦᠯᠡᠷ ᠨᠢ ᠪᠠᠰᠠ ᠨᠠᠢᠮᠠᠨ ᠵᠤᠷᠪᠤᠰ ᠠᠳᠠᠷ ᠭᠡᠮᠵᠢᠬᠦ | ᠲᠦᠷᠢᠮ ᠢ ᠨᠡᠮᠡᠵᠠᠢ᠃ | ᠬᠤᠶᠠᠷ ᠤᠳᠠᠭ᠎ᠠ ᠶᠢᠨ ᠡᠷᠬᠦᠭᠰᠡᠨ ᠭᠠᠵᠠᠷ ᠨᠢ ᠮᠦᠨ ᠯᠡ ᠴᠢᠩ ᠤᠨ ᠵᠠᠰᠠᠭ ᠪᠠ ᠲᠢᠩ ᠵᠢᠶᠧ ᠵᠡᠷᠭᠡ | ᠬᠦᠮᠤᠰ ᠤᠨ ᠰᠡᠳᠬᠢᠯ ᠳᠤ ᠰᠠᠭᠤᠬᠳᠠᠬᠰᠡᠨ ᠥᠭᠡᠢ ᠪᠤᠯᠬᠤᠷ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ | ᠵᠢᠶᠧ ᠬᠦᠮᠤᠨ ᠲᠤᠮᠢᠯᠠᠵᠤ᠂ ᠪᠠᠭᠠᠷᠢᠨ ᠸᠠᠩ ᠤᠨ ᠡᠮᠤᠨ᠎ᠠ ᠬᠤᠶᠠᠷ ᠤᠳᠠᠭ᠎ᠠ ᠶᠢᠨ ᠡᠷᠬᠦᠭᠰᠡᠨ ︽ᠡᠮᠤᠨ᠎ᠠ ᠤᠮᠠᠷ᠎ᠠ | ᠪᠠᠷᠤᠭ ᠨᠠᠶᠠ ᠶᠡᠷᠡᠨ ᠭᠠᠵᠠᠷ᠂ ᠵᠡᠬᠦᠨᠰᠢ ᠪᠠᠷᠠᠭᠤᠨᠰᠢ ᠪᠠᠷᠤᠭ ᠬᠤᠷᠢ ᠭᠤᠴᠢᠨ ᠭᠠᠵᠠᠷ︾ ᠠᠳᠠᠷ ᠢ ᠭᠡᠮᠵᠢᠭᠰᠡᠨ ᠳᠤ | ᠤᠤᠯ ᠤᠨ ᠮᠡᠳᠡᠬᠦᠯᠦᠭᠰᠡᠨ ᠲᠤᠭ᠎ᠠ ᠳᠤ ᠠᠷᠠᠢ ᠬᠦᠷᠦᠭᠰᠡᠨ ᠥᠭᠡᠢ᠃ ᠠᠳᠠᠷ ᠬᠠᠮᠠᠭᠠᠯᠠᠬᠤ ᠲᠤᠪᠴᠢᠶᠠᠨ ᠤ ᠶᠡᠷᠤᠩᠭᠡᠢ | ᠮᠡᠳᠡᠭᠴᠢ ᠸᠠᠩ ᠱᠦᠨ ᠽᠦᠨ ᠪᠠᠭᠠᠷᠢᠨ ᠬᠤᠰᠢᠭᠤ ᠲᠠᠢ ᠲᠠᠬᠢᠨᠳᠠ ᠵᠦᠪᠳᠡᠵᠤ᠂ ᠪᠠᠭᠠᠷᠢᠨ ᠵᠢᠶᠦ᠋ᠨ ᠸᠠᠩ᠂ ᠪᠠᠶᠢᠰᠠ | ᠸᠠᠩ ᠢᠶᠠᠷ ᠬᠠᠶᠢᠯᠠᠰᠤᠳᠠᠢ ᠭᠤᠤ᠂ ᠯᠤᠤ ᠵᠸᠡᠭ ᠭᠸᠤ᠂ ᠢᠡᠭᠳᠤ ᠶᠢᠨ ᠬᠤᠱᠤᠤ ᠵᠡᠷᠭᠡ ᠭᠠᠵᠠᠷ ᠢ ᠵᠢᠭᠠᠨ ᠮᠡᠳᠡᠬᠦᠯᠵᠠᠢ᠃ | ᠲᠤᠬᠠᠢ ᠶᠢᠨ ᠪᠠᠷᠤᠬᠴᠠᠭᠠᠯᠠᠯ ᠢᠶᠠᠷ ᠬᠤᠶᠠᠷ ᠮᠢᠩᠭᠠᠨ ᠴᠢᠩ ᠪᠠᠶᠢᠪᠠ᠃ ᠲᠠᠷᠠᠭ᠎ᠠ ᠨᠢ᠂ ᠲᠢᠩ ᠵᠢᠶᠧ ᠪᠠᠰᠠ ᠯᠢ | ᠲᠠᠨ ᠢ ᠲᠤᠮᠢᠯᠠᠵᠤ ᠪᠠᠭᠠᠷᠢᠨ ᠸᠠᠩ ᠲᠠᠢ ᠠᠭᠤᠯᠵᠠᠭᠤᠯᠤᠨ᠂ ︽ᠡᠷᠬᠦᠨ ᠪᠠᠷᠢᠬᠰᠡᠨ ᠭᠠᠵᠠᠷ ᠪᠦᠬᠦᠨ ᠢᠶᠠᠷ ᠢᠶᠠᠨ | ᠠᠭᠤᠯᠠᠨ ᠵᠡᠪᠡ᠂ ᠰᠢᠶᠠᠨ ᠪᠠᠶᠢᠭᠤᠯᠬᠤ ᠳᠤ ᠪᠡᠷᠭᠡᠳᠠᠢ᠃ ᠲᠠᠬᠢᠨ ᠠᠭᠤᠵᠢᠮ ᠲᠠᠯ᠎ᠠ ᠶᠢ ᠰᠤᠩᠭᠤᠨ ᠡᠷᠬᠦᠬᠦ︾ ᠶᠢ | ᠵᠠᠷᠯᠢᠬᠳᠠᠨ ᠵᠦᠪᠯᠡᠵᠠᠢ᠃ ᠪᠠᠭᠠᠷᠢᠨ ᠸᠠᠩ ᠲᠠᠪᠬᠤᠷ ᠲᠠᠪᠬᠤᠷ ᠰᠡᠭᠡᠭᠡᠷᠡᠬᠦᠯᠤᠯᠳᠡ ᠶᠢᠨ ᠲᠤᠤᠷ᠎ᠠ ᠵᠡᠬᠦᠨᠰᠢ | ᠴᠠᠭᠠᠨᠮᠦ᠋ᠷᠡᠨ ᠭᠤᠤᠯ᠂ ᠠᠭᠤᠶᠢᠳᠠᠯᠠ ᠬᠦᠷᠳᠡᠯᠡᠬᠢ ᠪᠠᠷᠤᠭ ᠭᠤᠷᠪᠠᠨ ᠮᠢᠩᠭᠠᠨ ᠴᠢᠩ ᠭᠠᠵᠠᠷ ᠢ ᠵᠢᠭᠠᠨ ᠡᠷᠬᠦᠪᠡ᠃ | ᠢᠡᠭᠬᠢᠵᠤ ᠲᠦᠷᠪᠡᠨ ᠤᠳᠠᠭᠠᠨ ᠤ ᠡᠷᠬᠦᠨ ᠮᠡᠳᠡᠬᠦᠯᠤᠯᠳᠡ ᠪᠠᠷ ᠲᠠᠮᠵᠢᠨ ᠡᠮᠤᠨᠡᠰᠢ ᠪᠠᠭᠠᠷᠢᠨ ᠬᠦᠬᠦᠷᠭᠡ᠂ ᠤᠮᠠᠷᠠᠰᠢ | ᠪᠠᠷᠠᠭᠤᠨ ᠥᠵᠤᠮᠤᠴᠢᠨ ᠬᠤᠰᠢᠭᠤ᠂ ᠵᠡᠬᠦᠨᠰᠢ ᠴᠠᠭᠠᠨᠮᠦ᠋ᠷᠡᠨ᠂ ᠪᠠᠷᠠᠭᠤᠨᠰᠢ ᠭᠡᠰᠢᠭᠳᠡᠨ ᠬᠤᠰᠢᠭᠤᠨ ᠤ ᠯᠢᠤ ᠵᠢᠶᠠ | ᠢᠡᠭᠽᠢ ᠬᠦᠷᠳᠡᠯᠡᠬᠢ ᠥᠷᠭᠡᠨ ᠢᠶᠠᠷ ᠢᠶᠠᠨ ᠲᠠᠪᠢ ᠵᠢᠷᠠᠨ ᠭᠠᠵᠠᠷ᠂ ᠤᠷᠳᠤ ᠪᠠᠷ ᠢᠶᠠᠨ ᠬᠤᠶᠠᠷ ᠵᠠᠭᠤᠨ ᠭᠠᠵᠠᠷ ᠢ | ᠡᠷᠬᠦᠨ ᠪᠠᠷᠢᠵᠤ ᠪᠠᠷᠤᠭ ᠲᠠᠪᠤᠨ ᠮᠢᠩᠭᠠᠨ ᠴᠢᠩ ᠳᠤ ᠬᠦᠷᠴᠠᠢ᠃ ᠿᠧ ᠡᠾᠧ ᠶᠢᠨ ᠪᠦᠬᠦᠳᠡ ᠶᠢ ᠵᠠᠬᠢᠷᠤᠬᠴᠢ | ᠲᠢᠩ ᠵᠢᠶᠧ ᠪᠠᠳᠠᠷᠠᠭᠤᠯᠳᠤ ᠲᠦᠷᠤ ᠶᠢᠨ ᠭᠤᠴᠢᠨ ᠭᠤᠷᠪᠠᠳᠤᠭᠠᠷ ᠤᠨ ᠤ 7 ᠰᠠᠷ᠎ᠠ ᠶᠢᠨ 7 ᠤ ᠡᠳᠤᠷ ᠤᠨ | ᠪᠤᠳᠤᠷᠤᠤᠯ ᠪᠢᠴᠢᠭ ᠲᠤ ᠤᠳᠤᠬᠠᠨ ᠤ ᠯᠢᠨᠰᠢ ᠰᠢᠶᠠᠨ ᠤ ᠬᠢᠵᠠᠭᠠᠷ ᠢ ᠥᠨᠳᠤᠰᠤᠨ ᠳᠤᠨᠢ ᠲᠤᠬᠳᠠᠭᠠᠵᠠᠢ ᠭᠡᠵᠤ | ᠮᠡᠳᠡᠬᠦᠯᠵᠠᠢ᠃ | ᠲᠤᠮᠳᠠᠳᠤ ᠢᠷᠭᠡᠨ ᠤᠯᠤᠰ ᠤᠨ ᠲᠡᠷᠢᠬᠦᠨ ᠤ ᠨᠠᠢᠮᠠ᠂ ᠶᠢᠰᠤᠨ ᠰᠠᠷ᠎ᠠ ᠳᠤ ᠪᠠᠭᠠᠷᠢᠨ ᠬᠤᠰᠢᠭᠤᠨ ᠤ | ᠲᠤᠮᠢᠯᠠᠬᠰᠡᠨ ᠬᠠᠹᠦ᠋ᠡᠭᠭᠠ᠂ ᠵᠤᠤ ᠹᠦ᠋ ᠬᠠᠢ ᠨᠠᠷ ᠥᠷᠬᠦᠯᠵᠢᠯᠡᠨ ᠠᠳᠠᠷ ᠢ ᠬᠠᠶᠢᠨ ᠮᠡᠳᠡᠬᠦᠯᠬᠦ ᠳᠡᠭᠡᠨ ᠵᠡᠬᠦᠨ ᠴᠢᠨᠤᠳᠤ | ᠶᠢᠨ ᠬᠦᠨᠳᠠᠢ ᠤᠷᠴᠢᠮ ᠢᠶᠠᠷ ᠮᠤᠩᠭᠤᠯ ᠮᠠᠯᠴᠢᠳ ᠲᠤ ᠥᠯᠡᠳᠡᠭᠡᠵᠤ ᠥᠭᠬᠦᠭᠰᠡᠨ ᠪᠡᠯᠴᠢᠭᠡᠷ ᠨᠢ ᠲᠦᠯᠡᠰᠢ ᠲᠦᠯᠡᠭᠡ | ᠶᠢᠨ ᠰᠢᠯᠳᠠᠭᠠᠨ ᠢᠶᠠᠷ ᠬᠢᠳᠠᠳ ᠮᠤᠩᠭᠤᠯ ᠢᠷᠭᠡᠳ ᠤᠨ ᠵᠢᠭᠤᠷᠭᠠᠨ ᠢ ᠡᠬᠦᠰᠭᠡᠵᠤ ᠪᠠᠶᠢᠬᠤ ᠶᠢ ᠰᠡᠷᠡᠵᠤ ᠪᠠᠭᠠᠷᠢᠨ | ᠵᠢᠶᠦ᠋ᠨ ᠸᠠᠩ ᠳᠤ ᠮᠡᠳᠡᠬᠦᠯᠤᠨ ᠠᠳᠠᠷ ᠤᠨ ᠬᠦᠳᠤᠯᠪᠤᠷᠢ ᠶᠤᠰᠤᠭᠠᠷ ᠡᠷᠬᠦᠨ ᠬᠠᠭᠠᠯᠪᠤᠷᠢᠯᠡᠵᠠᠢ᠃ |