ᠠᠯᠮᠠᠰ ᠪᠦᠲᠦᠭᠡᠭᠰᠡᠨ ᠮᠣᠩᠭᠤᠯ ᠡᠷᠳᠡᠮᠲᠡᠨ ᠨᠣᠫᠧᠯ ᠤᠨ ᠱᠠᠩᠨᠠᠯ ᠬᠦᠷᠲᠡᠬᠦ ᠨᠢ ᠤᠤ
ᠨᠡᠶᠢᠲᠡᠯᠡᠭᠰᠡᠨ ᠴᠠᠭ᠄
2016/12/28
      ᠥᠩᠭᠡᠷᠡᠭᠰᠡᠨ ᠰᠠᠷ᠎ᠠ ᠳᠤ ᠹᠷᠠᠨᠺᠹᠤᠷᠲ ᠤᠨ ᠶᠡᠭᠡ ᠰᠤᠷᠭᠠᠭᠤᠯᠢ ᠶᠢᠨ ᠡᠷᠳᠡᠮᠲᠡᠳ ᠠᠯᠮᠠᠰ ᠡᠷᠳᠡᠨᠢ ᠶᠢ ᠴᠣᠬᠤᠢ ᠶᠢᠨ ᠴᠢᠯᠠᠭᠤᠨ ᠠᠴᠠ ᠭᠠᠷᠭᠠᠨ ᠠᠪᠴᠤ ᠦᠢᠯᠡᠳᠪᠦᠷᠢᠯᠡᠵᠦ ᠪᠣᠯᠳᠠᠭ ᠭᠡᠳᠡᠭ ᠢ ᠪᠠᠲᠤᠯᠠᠭᠰᠠᠨ ᠱᠤᠤᠬᠢᠶᠠᠨᠲᠤ ᠨᠡᠭᠡᠭᠡᠯᠲᠡ ᠬᠢᠭᠰᠡᠨ ᠪᠢᠯᠡ᠃ ᠬᠠᠷᠢᠨ ᠲᠡᠳᠡᠭᠡᠷ ᠡᠷᠳᠡᠮᠲᠡᠳ ᠨᠣᠫᠧᠯ ᠤᠨ ᠱᠠᠩᠨᠠᠯ ᠳᠤ ᠨᠡᠷ᠎ᠡ ᠳᠡᠪᠰᠢᠬᠦ ᠨᠢ ᠲᠣᠳᠣᠷᠬᠠᠢ ᠪᠣᠯᠣᠭᠰᠠᠨ ᠲᠣᠬᠠᠢ ᠭᠧᠷᠮᠠᠨ ᠤ ᠬᠡᠪᠯᠡᠯ ᠮᠡᠳᠡᠭᠡᠯᠡᠯ ᠤᠨ ᠬᠢᠨ ᠱᠤᠤᠭᠢᠭᠰᠠᠭᠠᠷ ᠪᠠᠶᠢᠨ᠎ᠠ᠃ ᠡᠷᠳᠡᠮᠲᠡᠳ ᠤᠨ ᠪᠠᠭ ᠢ ᠠᠬᠠᠯᠠᠵᠤ ᠭᠠᠷᠳᠠᠨ ᠬᠢᠭᠰᠡᠨ ᠡᠷᠳᠡᠮᠲᠡᠨ ᠳ᠋ᠣᠺᠲ᠋ᠣᠷ ᠪᠣᠯ ᡀᠠᠮᠰᠦ᠋ᠷᠦᠩ ᠤᠨ ᠪᠠᠶᠠᠷᠵᠢᠷᠭᠠᠯ ᠶᠤᠮ᠃ ᠲᠡᠷᠡᠪᠡᠷ ᠡᠳᠦᠭᠡ 38 ᠨᠠᠰᠤᠲᠠᠢ ᠪᠦᠭᠡᠳ ᠣᠯᠠᠨ ᠵᠢᠯ ᠤᠨ ᠲᠤᠷᠰᠢ ᠬᠢᠭᠰᠡᠨ ᠰᠤᠳᠤᠯᠠᠭ᠎ᠠ ᠰᠢᠨᠵᠢᠯᠡᠭᠡᠨ ᠤ ᠪᠠᠨ ᠠᠵᠢᠯ ᠢ ᠠᠮᠵᠢᠯᠲᠠ ᠲᠠᠢ ᠳᠠᠭᠤᠰᠬᠠᠭᠰᠠᠨ ᠳᠤ ᠪᠠᠨ ᠶᠡᠬᠡᠳᠡ ᠰᠡᠳᠬᠢᠯ ᠬᠠᠩᠬᠤᠯᠤᠭᠤᠨ ᠪᠠᠶᠢᠭ᠎ᠠ ᠲᠡᠳᠦᠢ ᠦᠭᠡᠢ ᠭᠠᠶᠢᠬᠠᠯᠲᠠᠢ ᠨᠡᠭᠡᠭᠡᠯᠲᠡ ᠤᠳ ᠢ ᠴᠢᠨᠠᠭᠰᠢᠲᠠ ᠬᠢᠭᠰᠡᠭᠡᠷ ᠪᠠᠶᠢᠬᠤ ᠪᠣᠯᠣᠨ᠎ᠠ ᠬᠡᠮᠡᠨ ᠶᠠᠷᠢᠭᠰᠠᠨ ᠪᠠᠶᠢᠨ᠎ᠠ᠃      ᠮᠥᠨ ᠡᠶᠢᠮᠦ ᠨᠡᠭᠡᠭᠡᠯᠲᠡ ᠬᠢᠭᠰᠡᠨ ᠤ ᠳᠠᠷᠠᠭ᠎ᠠ᠂ ᠪᠦᠬᠦᠶᠢᠯᠡ ᠡᠮᠡᠭᠲᠡᠶᠢᠴᠦᠳ ᡀᠠᠮᠰᠦ᠋ᠷᠦᠩ ᠤᠨ ᠪᠠᠶᠠᠷᠵᠢᠷᠭᠠᠯ ᠰᠢᠭ᠋ ᠵᠠᠯᠠᠭᠤ ᠶᠢ ᠮᠦᠷᠦᠭᠡᠳᠴᠦ ᠪᠠᠶᠢᠨ᠎ᠠ ᠭᠡᠰᠡᠨ ᠬᠥᠭᠵᠢᠶᠡᠨᠲᠦ ᠶᠠᠷᠢᠶ᠎ᠠ ᠬᠦᠷᠲᠡᠯ᠎ᠡ ᠭᠧᠷᠮᠠᠨ ᠳᠤ ᠭᠠᠷᠤᠭᠰᠠᠨ ᠪᠠᠶᠢᠨ᠎ᠠ᠃ ᠤᠴᠢᠷ ᠨᠢ ᠠᠯᠮᠠᠰ ᠪᠣᠯ ᠬᠠᠮᠤᠭ ᠤᠨ ᠦᠨᠡᠲᠡᠢ᠂ ᠪᠠᠶᠢᠭᠠᠯᠢ ᠶᠢᠨ ᠰᠢᠨᠵᠢ ᠴᠢᠨᠠᠷ ᠢᠶᠠᠷ ᠢᠶᠠᠨ ᠬᠠᠮᠤᠭ ᠤᠨ ᠬᠠᠲᠠᠭᠤ ᠴᠢᠯᠠᠭᠤ᠃ ᠡᠭᠦᠨ ᠢ ᠬᠢᠮᠡᠯ ᠠᠷᠭ᠎ᠠ ᠪᠠᠷ ᠬᠢᠬᠦ ᠶᠢᠨ ᠲᠤᠯᠠᠳᠠ ᠳᠡᠯᠡᠬᠡᠢ ᠶᠢᠨ ᠡᠷᠳᠡᠮᠲᠡᠳ 60 ᠵᠢᠯ ᠤᠨ ᠡᠮᠦᠨ᠎ᠡ ᠠᠴᠠ ᠬᠢᠮᠡᠯ ᠢᠶᠠᠷ ᠭᠠᠷᠭᠠᠵᠤ ᠡᠬᠢᠯᠡᠭᠰᠡᠨ ᠴᠤ ᠠᠩᠬ᠎ᠠ ᠤᠳᠠᠭ᠎ᠠ ᠴᠣᠬᠤᠢ ᠶᠢᠨ ᠴᠢᠯᠠᠭᠤᠨ ᠠᠴᠠ ᠭᠠᠷᠭᠠᠵᠤ ᠠᠪᠴᠤ ᠪᠠᠶᠢᠭ᠎ᠠ ᠶᠢ ᠮᠣᠩᠭᠤᠯ ᠬᠦᠮᠦᠨ ᠤ ᠣᠶᠤᠨ ᠤᠬᠠᠭᠠᠨ ᠲᠦᠷᠦᠭᠦᠯᠵᠦ ᠴᠢᠳᠠᠭᠰᠠᠨ ᠨᠢ ᠪᠢᠳᠠᠨ ᠤ ᠪᠠᠭ᠋ᠠᠷᠬᠠᠯ ᠪᠣᠯᠣᠭᠠᠳ ᠪᠠᠶᠢᠨ᠎ᠠ᠃ ︵ᠷᠠ᠊ · ᠰᠣᠶᠣᠯᠲᠣ ᠬᠦᠷᠪᠡᠭᠦᠯᠪᠡ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号