IQ( ᠤᠢ ᠪᠢᠯᠢᠭ ) ᠤᠨ ᠲᠤᠬᠠᠢ ᠬᠠᠮᠤᠭ ᠤᠨ ᠡᠷᠬᠡ ᠬᠦᠨᠳᠦ ᠲᠠᠢ ᠮᠡᠳᠡᠭᠦᠯᠳᠡ
ᠨᠡᠶᠢᠲᠡᠯᠡᠭᠰᠡᠨ ᠴᠠᠭ᠄
2016/12/28
        ᠲᠠᠷᠢᠬᠢᠨ ᠤ ᠪᠠᠭᠳᠠᠭᠠᠮᠵᠢ ᠭᠡᠳᠡᠭ ᠨᠢ᠂ ᠭᠠᠪᠡᠯᠡ ᠶᠢᠨ ᠶᠠᠰᠦᠨ ᠳᠤᠳᠤᠷᠡᠭᠢ ᠪᠠᠭᠳᠠᠭᠠᠮᠵᠢ ᠢ ᠬᠡᠯᠡᠵᠦ ᠪᠤᠢ ( ᠠᠳᠡ ᠭᠠᠪᠠᠯᠡ ᠶᠢᠨ ᠶᠠᠰᠦ ᠪᠤᠯᠤᠨ ᠲᠠᠷᠢᠬᠢ ᠲᠠᠢ ᠠᠮᠢᠳᠡᠳ ᠢ ᠵᠢᠭᠠᠵᠦ ᠪᠤᠢ )᠃ ᠲᠤᠯᠤᠭᠠᠢ ᠶᠢᠨ ᠶᠡᠭᠡ ᠪᠠᠭ᠎ᠠ ᠨᠢ ᠲᠠᠷᠢᠭᠢ ᠶᠢᠨ ᠪᠠᠭᠳᠠᠭᠠᠮᠵᠢ ᠠᠴᠠ ᠪᠤᠯᠳᠠᠭ᠂ ᠡᠭᠦᠨ ᠤ ᠬᠠᠮᠲᠦ ᠤᠢ ᠪᠢᠯᠢᠭ ᠶᠢᠨ ᠰᠠᠶᠢᠨ ᠮᠠᠭᠤ ᠶᠢ ᠲᠤᠭᠳᠠᠭᠠᠳᠠᠭ᠃ ᠰᠢᠨᠵᠢᠯᠡᠬᠦ ᠤᠬᠠᠭᠠᠨᠴᠢ ᠪᠠᠷ ᠶᠠᠷᠢᠪᠡᠯ᠂ ᠨᠢᠭᠡ ᠬᠦᠮᠦᠨ ᠪᠤᠶᠤ ᠨᠢᠭᠡ ᠤᠳᠤᠮᠳᠡᠨ ᠤ ᠤᠢ ᠪᠢᠯᠢᠭ ᠰᠠᠶᠢᠲᠡᠢ ᠡᠰᠡᠬᠦ ᠨᠢ᠂ ᠲᠦᠷᠦᠯᠭᠢ ᠨᠦᠬᠦᠴᠡᠯ ︵ᠡᠯᠧᠮᠧᠨ᠋ᠲ︶ ᠬᠢᠭᠡᠳ ᠲᠦᠷᠦᠯᠭᠢ ᠪᠤᠰᠦ ᠨᠦᠬᠦᠴᠡᠯ ︵ᠡᠯᠧᠮᠧᠨ᠋ᠲ︶ ︵ᠲᠦᠷᠦᠭᠰᠡᠨ ᠤ ᠬᠤᠶᠢᠨᠠᠭᠢ ᠨᠦᠬᠦᠴᠡᠯ︶ ᠳᠤ ᠪᠠᠶᠢᠳᠠᠭ᠃ ᠨᠢᠭᠡ ᠬᠦᠮᠦᠨ ᠪᠤᠶᠦ ᠨᠢᠭᠡ ᠤᠳᠤᠮᠳᠡᠨ ᠤ ᠲᠠᠷᠢᠭᠢ  ᠶᠢᠨ ᠪᠠᠭᠲᠠᠭᠠᠮᠵᠢ ᠬᠢᠭᠡᠳ ᠲᠠᠷᠢᠭᠢᠨ ᠤ ᠠᠳᠦᠷᠢᠶ᠎ᠡ ᠪᠤᠯ ᠵᠠᠩᠭᠢᠯᠭ᠎ᠠ ᠶᠢᠨ ᠨᠦᠬᠦᠴᠡᠯ ︵ᠡᠯᠧᠮᠧᠨ᠋ᠲ︶ ᠶᠤᠮ᠂ ᠡᠳᠡᠭᠡᠷ ᠤᠨᠴᠠᠯᠢᠭ ᠢᠶᠠᠷ ᠰᠠᠶᠢᠨ ᠪᠤᠯ᠂ ᠤᠢ ᠪᠢᠯᠢᠭ ᠪᠠᠷ ᠰᠠᠶᠢᠨ ᠪᠠᠶᠢᠬᠤ ᠪᠤᠯᠤᠮᠵᠢᠲᠡᠢ᠃ ᠡᠷᠡᠭᠲᠡᠢ ᠬᠦᠮᠦᠨ ᠬᠢᠭᠡᠳ ᠡᠮᠡᠭᠲᠡᠢ ᠬᠦᠮᠦᠨ ᠢ ᠠᠳᠠᠯᠢᠳᠬᠠᠬᠤ ᠮᠡᠳᠦ᠂ ᠡᠷᠡᠭᠲᠡᠢ ᠬᠦᠮᠦᠨ ᠨᠢ ᠲᠦᠷᠦᠯᠭᠢ ᠪᠡᠶ᠎ᠡ ᠮᠠᠬᠠᠪᠤᠳ ᠤᠨ ᠪᠦᠳᠦᠴᠡᠨ ᠪᠠᠷ ᠳᠠᠪᠠᠭᠤᠯᠢᠭ ᠪᠠᠶᠢᠳᠠᠭ ᠠᠴᠠ ᠡᠮᠡᠭᠲᠡᠢ ᠬᠦᠮᠦᠨ ᠠᠴᠠ ᠬᠦᠴᠦᠨ ᠴᠢᠳᠡᠯ ᠢᠶᠠᠷ ᠶᠡᠭᠡ ᠪᠠᠶᠢᠳᠠᠭ᠂ ᠲᠠᠷᠢᠬᠢ ᠪᠤᠯ ᠡᠨᠡ ᠵᠢᠱᠢᠶ᠎ᠡ ᠲᠠᠢ ᠠᠳᠠᠯᠢ᠂ ᠭᠡᠪᠡᠴᠤ ᠲᠠᠷᠢᠭᠢ ᠪᠤᠯ ᠪᠡᠶ᠎ᠡ ᠶᠢᠨ ᠪᠦᠳᠦᠴᠡ ᠲᠠᠢ ᠠᠳᠠᠯᠢ ᠦᠭᠡᠢ᠂ ᠠᠳᠠᠯᠢ ᠪᠤᠰᠦ ᠨᠡᠶᠢᠭᠡᠮ ᠬᠢᠭᠡᠳ ᠠᠳᠠᠯᠢ ᠪᠤᠰᠦ ᠬᠦᠮᠦᠰ ᠤᠨ ᠲᠠᠷᠢᠬᠢ ᠪᠠᠨ ᠠᠰᠢᠭᠯᠠᠬᠤ ᠤᠷᠮ᠎ᠡ ᠨᠢ ᠲᠡᠭᠷᠢ ᠭᠠᠵᠡᠷ ᠤᠨ ᠵᠦᠷᠢᠶ᠎ᠡ ᠲᠠᠢ ᠪᠠᠶᠢᠳᠠᠭ᠂ ᠡᠨᠡ ᠨᠢ ᠪᠡᠶ᠎ᠡ ᠮᠠᠬᠠᠪᠤᠳ ᠨᠢ ᠠᠳᠠᠯᠢᠬᠠᠨ ᠪᠠᠶᠢᠭᠰᠡ ᠴᠦ ᠲᠠᠮᠢᠷᠴᠢᠳ ᠤᠨ ᠭᠦᠶᠦᠬᠦ ᠨᠢ ᠡᠩ ᠤᠨ ᠬᠦᠮᠦᠨ ᠠᠴᠠ ᠲᠦᠷᠭᠡᠨ ᠪᠠᠶᠢᠳᠠᠭ ᠲᠠᠢ ᠠᠳᠠᠯᠢ᠃ ᠰᠢᠨᠵᠢᠯᠡᠬᠦ ᠤᠬᠠᠭᠠᠨᠳᠡᠨ ᠨᠠᠷ᠂ ᠲᠠᠷᠢᠭᠢᠨ ᠤ ᠠᠲᠦᠷᠢᠶ᠎ᠡ ᠪᠤᠯᠤᠨ ᠪᠤᠰᠤᠳ ᠲᠠᠷᠢᠭᠢᠨ ᠤ ᠲᠤᠬᠠᠢ ᠲᠤᠭ᠎ᠠ ᠨᠤᠷᠮ᠎ᠡ ᠶᠢᠨ ᠠᠳᠠᠯᠢᠳᠬᠠᠯ ᠪᠠᠷ᠂ ᠲᠠᠷᠢᠭᠢᠨ ᠤ ᠪᠠᠭᠳᠠᠭᠠᠮᠵᠢ ᠪᠤᠯ ᠠᠯᠢᠪᠠ ᠤᠢ ᠪᠢᠯᠢᠭ ᠢ ᠨᠦᠯᠦᠭᠡᠯᠡᠳᠡᠭ ᠲᠦᠷᠦᠯᠭᠢ ᠨᠦᠬᠦᠴᠡᠯ ︵ᠡᠯᠧᠮᠧᠨ᠋ᠲ︶ ᠤᠨ ᠬᠠᠮᠤᠭ ᠤᠨ ᠴᠢᠬᠤᠯᠡ ᠲᠤᠭ᠎ᠠ ᠨᠤᠷᠮ᠎ᠠ ᠮᠦᠨ ᠭᠡᠵᠦ ᠨᠤᠳᠠᠯᠠᠭᠰᠡᠨ ᠪᠠᠶᠢᠨ᠎ᠠ᠃ ᠡᠶᠢᠮᠦ ᠠᠴᠠ ᠰᠢᠨᠵᠢᠯᠡᠬᠦ ᠤᠬᠠᠭᠠᠨᠳᠡᠨ ᠨᠠᠷ ᠶᠡᠷᠦᠳᠡᠭᠡᠨ ᠲᠠᠷᠢᠭᠢᠨ ᠤ ᠪᠠᠭᠳᠠᠭᠠᠮᠵᠢ ᠪᠠᠷ ᠤᠢ ᠪᠢᠯᠢᠭ ᠤᠨ ᠲᠤᠬᠠᠢ ᠶᠠᠷᠢᠯᠴᠠᠬᠤ ᠳᠤᠷᠡᠲᠡᠢ ᠪᠠᠶᠢᠳᠠᠭ᠃       ᠡᠨᠡ ᠪᠤᠯ ᠠᠩᠭ᠍ᠯᠢ ᠬᠡᠪᠯᠡᠯ ᠤᠨ ᠬᠦᠮᠦᠨ ᠲᠦᠷᠦᠯᠬᠡᠶᠢᠳᠡᠨ ᠤ ᠤᠬᠠᠭᠠᠨ ᠤ ᠲᠤᠬᠠᠢ ᠦᠯᠢᠭᠡᠷ ᠵᠢᠱᠢᠶ᠎ᠡ ᠴᠤᠭᠯᠠᠭᠤᠯᠠᠭᠰᠡᠨ᠂ ᠰᠤᠳᠤᠯᠭᠠᠨ ᠤ ᠵᠠᠳᠠᠯᠦᠯᠳᠡ᠂ ᠪᠤᠮ ᠭᠠᠷᠦᠢ ᠦᠰᠦᠭ ᠲᠠᠢ ᠪᠦᠬᠦᠶᠢᠯᠡ ᠮᠠᠲ᠋ᠧᠷᠢᠶᠡᠯ ᠤᠨ ᠵᠠᠯᠭᠠᠭᠠᠰᠦ᠂ ᠤᠳᠤ ᠳᠤ ᠲᠤᠯᠳᠡᠯ᠎ᠡ ᠬᠠᠮᠤᠭ ᠤᠨ ᠪᠦᠷᠢᠨ ᠪᠦᠳᠦᠨ ᠬᠦᠮᠦᠨ ᠲᠦᠷᠦᠯᠬᠡᠶᠢᠳᠡᠨ ᠤ ᠲᠠᠷᠢᠬᠢᠨ ᠤ ᠪᠠᠭᠳᠠᠭᠠᠮᠵᠢ ᠶᠢᠨ ᠲᠤᠬᠠᠢ ᠮᠡᠳᠡᠭᠦᠯᠳᠡ ᠶᠤᠮ᠄ http://www.ebooksread.com/authors-eng/wilfrid-dyson- hambly/cranial-capacities-a-study-in-methods-volume-fieldiana-anthropology-v-36-n-bma/page-3-cranial-capacities-a-study-in- methods-volume-fieldiana-anthropology-v-36-n-bma.shtml      ᠲᠠᠷᠠᠭ᠎ᠠ ᠳᠤᠨᠢ ᠤᠤᠯ ᠵᠤᠭᠢᠶᠡᠯ ᠳᠠᠬᠢ ᠤᠯᠤᠰ ᠤᠷᠤᠨ ᠨᠤᠭᠤᠳ ᠤᠨ ᠲᠠᠷᠢᠭᠢᠨ ᠤ ᠪᠠᠭᠲᠠᠭᠠᠮᠵᠢ ᠶᠢᠨ ᠲᠤᠭ᠎ᠠ ᠨᠤᠷᠮ᠎ᠡ /Cranial capacities ᠶᠢ ᠦᠵᠡᠭᠡᠷᠡᠢ᠄      ᠮᠤᠩᠭᠤᠯ ᠬᠦᠮᠦᠨ /Mongols 112 1573.0 (Woo and Morant, 1932) ±7.23 ( ᠬᠦᠮᠦᠨ ᠲᠦᠷᠦᠯᠭᠡᠶᠢᠳᠡᠨ ᠳᠤ ᠤᠷᠦᠶᠢᠯᠠᠭᠰᠠᠨ ᠪᠠᠶᠢᠨ᠎ᠠ )      ᠶᠠᠫᠥᠨ ᠬᠦᠮᠦᠨ /Japanese 129 1474.8 (von Bonin, 1931a) ±6.74      ᠰᠸᠢᠽᠧᠷᠯᠠᠨᠳ᠋᠊ ᠶᠢᠨ ᠰᠢᠸ᠋ᠷᠷᠧ ᠤᠷᠤᠨ /Swiss, Sierre 28 1502.6 (Morant, 1928) ± 12.28      ᠭᠷᠧᠭ ᠬᠦᠮᠦᠨ /Greeks 86 1489.0 (Morant, 1928) ±8.25      ᠹᠷᠠᠨᠽ ᠬᠦᠮᠦᠨ / French 56 1473.1 (Morant, 1928) ±10.23      ᠲᠦᠷᠺ ᠬᠦᠮᠦᠨ /Turks 39 1457.1 (Morant, 1928) ±12.26      ᠬᠢᠳᠡᠳ ᠬᠦᠮᠦᠨ /Chinese 46 1467.6 (Morant, 1924) ±11.29     ᠰᠢᠢᠷᠸᠢᠶ᠎ᠠ - ᠺᠧᠷᠤᠳᠢᠶ᠎ᠠ ᠬᠦᠮᠦᠨ / Serbo-Croats 79 1454.3 (Morant, 1928) ±8.61     ᠴᠧᠺᠤᠰ ᠬᠦᠮᠦᠨ /Czechs 108 1438.4 (Morant, 1928) ±7.36     ᠮᠠᠯᠠᠶᠢᠶᠠᠨ ᠬᠦᠮᠦᠨ /Malayan 76 1424.4 (Morant, 1924) ±8.78     ᠪᠢᠷᠮᠠ ᠬᠦᠮᠦᠨ Burmese A 27 1406.9 (Tildesley, 1921) ±14.73     ᠰᠯᠤᠸᠧᠨ᠋ᠰ ᠬᠦᠮᠦᠨ / Slovenes 48 1406.2 (Morant, 1928) ±11.05     ᠲᠤᠰ ᠮᠠᠲ᠋ᠧᠷᠢᠶᠠᠯ ᠳᠤ ᠴᠤᠭᠯᠠᠭᠤᠯᠠᠭᠰᠠᠨ ᠦᠯᠢᠭᠡᠷ ᠵᠢᠱᠢᠶ᠎ᠡ ᠶᠢᠨ ᠲᠤᠭ᠎ᠠ ᠨᠤᠷᠮ᠎ᠡ ᠠᠴᠠ ᠦᠵᠡᠬᠦ ᠳᠤ᠂ ᠮᠤᠩᠭᠤᠯ ᠬᠦᠮᠦᠨ (Woo & Morant, 1932) ᠤ ᠲᠠᠷᠢᠬᠢᠨ ᠤ ᠪᠠᠭᠳᠠᠭᠠᠮᠵᠢ ᠶᠢᠨ ᠲᠤᠭ᠎ᠠ ᠨᠤᠷᠮ᠎ᠡ ᠬᠦᠮᠦᠨ ᠲᠦᠷᠦᠯᠬᠡᠶᠢᠳᠡᠨ ᠳᠤ ᠤᠷᠦᠶᠢᠯᠠᠭᠰᠡᠨ ᠪᠠᠶᠢᠵᠦ᠂ ᠲᠡᠭᠰᠢᠳᠭᠡᠭᠰᠡᠨ ᠨᠤᠷᠮ᠎ᠡ ᠨᠢ 1573 ᠲᠤ ᠬᠦᠷᠴᠡᠢ︕ ᠬᠠᠷᠢᠨ ᠵᠡᠭᠦᠨ ᠡᠮᠦᠨᠡᠲᠦ ᠠᠽᠢᠶ᠎ᠡ ᠶᠢᠨ ᠬᠦᠮᠦᠰ ᠤᠨ ᠲᠠᠷᠢᠭᠢᠨ ᠤ ᠪᠠᠭᠲᠠᠭᠠᠮᠵᠢ ᠨᠢ ᠨᠡᠶᠢᠳᠡᠮ ᠳᠡᠭᠡᠨ ᠡᠸᠣᠷᠤᠪᠴᠤᠳ  ᠤᠨ ᠠᠴᠠ ᠳᠤᠤᠷ᠎ᠡ ᠪᠠᠶᠢᠳᠠᠭ᠃     ᠮᠤᠩᠭᠤᠯ ᠬᠦᠮᠦᠨ ᠤ ᠲᠠᠷᠢᠬᠢᠨ ᠤ ᠲᠦᠷᠦᠯᠬᠢ ᠢᠯᠡᠷᠭᠡᠢ ᠳᠠᠪᠠᠭᠤᠯᠢᠭ ᠪᠠᠶᠢᠳᠡᠯ ᠨᠢ᠂ ᠬᠦᠮᠦᠨ ᠲᠦᠷᠦᠯᠬᠡᠶᠢᠳᠡᠨ ᠢ ᠰᠤᠳᠤᠯᠭᠠᠴᠢᠳ ᠤᠨ ᠤᠷᠮ᠎ᠡ ᠪᠠᠬ᠎ᠠ ᠶᠢ ᠶᠡᠬᠡᠯᠡ ᠲᠠᠳᠠᠵᠦ᠂ ᠠᠳᠠᠯᠢ ᠪᠤᠰᠤ ᠭᠠᠵᠡᠷ ᠤᠨ ᠮᠤᠩᠭᠤᠯ ᠬᠦᠮᠦᠨ ᠳᠤ ᠤᠯᠠᠮ ᠨᠢᠭᠡ ᠠᠯᠬᠤᠮ ᠨᠠᠷᠢᠯᠢᠭ ᠪᠠᠶᠢᠴᠠᠭᠠᠯᠳᠡ ᠬᠢᠬᠦ ᠪᠠᠷ ᠪᠤᠯᠵᠡᠢ᠃ ᠡᠭᠦᠨ ᠤ ᠦᠷ᠎ᠡ ᠳ᠋ᠦᠩ ᠳᠤ᠂ ᠮᠤᠩᠭᠤᠯᠴᠤᠳ ᠤᠨ ᠲᠠᠷᠢᠭᠢᠨ ᠤ ᠪᠠᠭᠲᠠᠭᠠᠮᠵᠢ ᠪᠠᠷ ᠬᠠᠮᠤᠭ ᠠᠴᠠ ᠶᠡᠭᠡ ᠪᠠᠶᠢᠳᠠᠭ ᠨᠢ ᠳᠤᠮᠳᠠᠳᠦ ᠤᠷᠤᠨ ᠤ ᠬᠢ ᠪᠠᠶᠢᠵᠦ᠂ ᠪᠠᠷᠠᠭᠤᠨ ᠤᠷᠤᠨ ᠤ ᠬᠢᠨ ᠳᠤᠮᠳᠡᠳᠦ ᠤᠷᠤᠨ ᠤ ᠠᠴᠠ ᠵᠢᠭᠠᠬᠠᠨ ᠳᠤᠤᠷ᠎ᠡ ᠪᠠᠶᠢᠵᠦ᠂ ᠤᠮᠠᠷᠡᠲᠦ ᠤᠷᠤᠨ ᠤ ᠬᠢᠨ ᠬᠠᠮᠤᠭ ᠳᠤᠤᠷ᠎ᠡ ᠪᠠᠶᠢᠵᠡᠢ᠃ ᠮᠤᠩᠭᠤᠯ ᠤᠯᠤᠰ ᠲᠤ ᠪᠦᠬᠦᠶᠢᠯᠡ ᠶᠠᠰᠦᠳᠡᠨ ᠤ ᠳᠤᠳᠤᠷ᠎ᠡ ᠲᠠᠷᠢᠬᠢᠨ ᠤ ᠪᠠᠭᠲᠠᠭᠠᠮᠵᠢ  ᠪᠠᠷ ᠬᠠᠮᠤᠭ ᠶᠡᠭᠡ ᠪᠠᠶᠢᠳᠠᠭ ᠨᠢ ᠲᠠᠷᠢᠭᠠᠩᠭ᠎ᠠ᠂ ᠲᠠᠷᠠᠭ᠎ᠠ ᠲᠤᠨᠢ ᠬᠠᠯᠬ᠎ᠠ ᠪᠤᠯᠤᠨ ᠦᠵᠦᠮᠦᠴᠢᠨ ᠪᠠᠶᠢᠵᠦ᠂ ᠬᠡᠪᠡᠴᠤ ᠲᠤᠯᠤᠭᠠᠢ ᠶᠢᠨ ᠪᠦᠰᠡᠯᠡᠭᠦᠷ ᠢᠶᠠᠷ ᠬᠠᠮᠤᠭ ᠶᠡᠭᠡ ᠨᠢ ᠪᠠᠷᠠᠭᠤᠨ ᠤᠷᠤᠨ ᠳᠤ ᠪᠠᠶᠢᠪᠡᠯ᠂ ᠡᠨᠡ ᠨᠢ ᠪᠠᠷᠠᠭᠤᠨ ᠤᠷᠤᠨ ᠤ  ᠬᠢᠨ ᠤᠯᠠᠩᠭᠢ ᠨᠢ ᠪᠦᠭᠡᠷᠡᠩᠬᠡᠢ ᠲᠤᠯᠤᠭᠠᠢ ᠲᠠᠢ ᠪᠠᠶᠢᠬᠤ ᠳᠤ ᠬᠠᠮᠢᠶ᠎ᠡ ᠲᠠᠢ᠃ ᠮᠤᠩᠭᠤᠯ ᠤᠯᠤᠰ ᠤᠨ ᠬᠠᠰᠠᠭᠴᠤᠳ ᠤᠨ ᠲᠠᠷᠢᠭᠢᠨ ᠤ ᠪᠠᠭᠳᠠᠭᠠᠮᠵᠢ ᠨᠢ ᠬᠡᠯᠪᠡᠶᠢᠭᠦᠦ ᠳᠤᠤᠷ᠎ᠡ ᠪᠠᠶᠢᠵᠦ᠂ ᠪᠦᠭᠦᠳᠡ ᠳᠡᠭᠡᠨ ᠮᠤᠩᠭᠤᠯ ᠤᠯᠤᠰ ᠤᠨ ᠲᠡᠭᠰᠢᠳᠬᠡᠭᠰᠡᠨ ᠨᠤᠷᠮ᠎ᠡ ᠠᠴᠠ ᠳᠤᠤᠭᠤᠷ ᠪᠠᠶᠢᠵᠡᠢ᠃ ᠬᠡᠷᠪᠡ ᠮᠤᠩᠭᠤᠯ ᠤᠯᠤᠰ ᠨᠢ ᠬᠤᠵᠢᠮ ᠳᠠᠭᠠᠨ ᠲᠡᠯᠡᠭᠡᠢ ᠶᠢᠨ ᠬᠦᠭᠵᠢᠭᠰᠡᠨ ᠭᠠᠵᠡᠷ ᠤᠷᠤᠨ ᠲᠠᠢ ᠠᠳᠠᠯᠢᠬᠠᠨ ᠰᠤᠷᠭᠠᠨ ᠬᠦᠮᠦᠵᠢᠯ ᠤᠨ ᠡᠬᠢ ᠪᠠᠶᠠᠯᠢᠭ ᠢ ᠬᠦᠷᠳᠡᠪᠡᠯ᠂ ᠮᠤᠩᠭᠤᠯ ᠤᠯᠤᠰ ᠤᠨ ᠬᠦᠮᠦᠨ ᠤ ᠣᠢ ᠪᠢᠯᠢᠭ ᠪᠠᠶᠢᠴᠠᠭᠠᠯᠳᠡ ᠤᠨ ᠵᠢᠭᠠᠰᠡᠯᠳᠡ ᠶᠢᠨ ᠳᠡᠭᠡᠭᠰᠢᠯᠡᠬᠦ ᠤᠷᠤᠨ ᠵᠠᠢ ᠨᠢ ᠮᠠᠰᠢ ᠶᠡᠭᠡ ᠪᠠᠶᠢᠵᠦ᠂ ᠬᠡᠳᠡᠯ᠎ᠡ ᠤᠳᠤ ᠶᠢᠨ ᠲᠡᠷᠢᠭᠦᠨ ᠪᠠᠶᠢᠷᠢ ᠳᠤ ᠵᠢᠭᠠᠰᠬᠠᠭᠳᠡᠵᠦ ᠪᠠᠶᠢᠭ᠎ᠠ ᠤᠯᠤᠰ ᠤᠷᠤᠨ ᠳᠡᠭᠡᠭᠰᠢᠯᠡᠬᠦ ᠪᠤᠯᠤᠮᠵᠢ ᠦᠭᠡᠢ ᠶᠤᠮ᠃      ᠬᠦᠮᠦᠨ ᠲᠦᠷᠦᠯᠭᠡᠶᠢᠳᠡᠨ ᠢ ᠰᠤᠳᠤᠯᠠᠭᠴᠢᠳ ᠠᠳᠡᠯᠢ ᠪᠤᠰᠦ ᠭᠠᠵᠡᠷ ᠳᠤ ᠮᠤᠩᠭᠤᠯᠴᠤᠳ ᠤᠨ ᠲᠠᠷᠢᠬᠢᠨ ᠤ ᠪᠠᠭᠳᠠᠭᠠᠮᠵᠢ ᠢ ᠪᠠᠶᠢᠴᠠᠭᠠᠭᠰᠡᠨ ᠦᠷ᠎ᠡ ᠳ᠋ᠦᠩ᠄ ᠶᠠᠫᠥᠨ ᠤ ᠨᠢᠭᠡᠨ ᠰᠤᠳᠤᠯᠡᠯ ᠤᠨ ᠪᠠᠶᠢᠭᠤᠯᠠᠮᠵᠢ ᠮᠤᠩᠭᠤᠯ ᠤᠯᠤᠰ  ᠤᠨ ᠬᠤᠬᠡᠳ ᠳᠤ ᠬᠢᠭᠰᠡᠨ IQ ᠶᠢᠨ ᠪᠠᠶᠢᠴᠠᠭᠠᠯᠳᠡ ᠳᠤ᠂ ᠮᠤᠩᠭᠤᠯ ᠤᠯᠤᠰ ᠤᠨ ᠬᠤᠭᠡᠳ ᠤᠨ ᠤᠢ ᠪᠢᠯᠢᠭ ᠨᠢ ᠪᠤᠰᠤᠳ ᠭᠠᠵᠡᠷ ᠤᠷᠤᠨ ᠤ ᠬᠤᠬᠡᠳ ᠠᠴᠠ ᠦᠨᠳᠦᠷ ᠪᠠᠶᠢᠭᠰᠡᠨ ᠦᠷ᠎ᠡ ᠳ᠋ᠦᠩ ᠲᠠᠢ᠃ ᠤᠮᠠᠷᠡᠳᠦ ᠠᠽᠢᠶ᠎ᠡ ᠶᠢᠨ ᠪᠤᠰᠤᠳ ᠦᠨᠳᠦᠰᠦᠳᠡᠨ ᠳᠤ ᠬᠢᠭᠰᠡᠨ ᠪᠠᠶᠢᠴᠠᠭᠠᠯᠳᠡ ᠠᠴᠠ ᠦᠵᠡᠪᠡᠯ᠂ ᠤᠮᠠᠷᠡᠳᠦ ᠠᠽᠢᠶ᠎ᠡ ᠶᠢᠨ ᠬᠤᠬᠡᠳ ᠨᠢ ᠳᠤᠷᠤᠨᠡᠲᠦ ᠠᠽᠢᠶ᠎ᠡ ᠤᠨ ᠤᠳᠤᠮᠳᠡᠨ ᠢ ᠪᠠᠭᠳᠠᠭᠠᠵᠦ ᠪᠠᠶᠢᠭ᠎ᠠ ᠪᠤᠰᠤᠳ ᠤᠳᠤᠮᠳᠡᠨ ᠤ ᠪᠦᠯᠦᠭᠯᠡᠯ ᠠᠴᠠ ᠤᠢ ᠪᠢᠯᠢᠭ ᠨᠢ ᠬᠤᠯᠡ ᠦᠨᠳᠦᠷ ᠪᠠᠶᠢᠵᠦ᠂ ᠲᠡᠭᠡᠪᠡᠯ ᠶᠠᠭᠤ ᠭᠡᠵᠦ ᠬᠤᠬᠡᠳ ᠢᠶᠠᠷ ᠪᠠᠶᠢᠴᠠᠭᠠᠯᠳᠡ ᠶᠢᠨ ᠡᠳᠡᠭᠡᠳ ᠪᠤᠯᠭᠠᠭᠰᠡᠨ ᠪᠤᠢ ᠭᠡᠪᠡᠯ᠂ ᠬᠤᠭᠡᠳ ᠤᠨ ᠤᠢ ᠪᠢᠯᠢᠭ ᠨᠢ ᠲᠦᠷᠦᠯᠬᠡᠢ ᠤᠢ ᠪᠢᠯᠢᠭ ᠲᠠᠢ ᠤᠶᠢᠷᠡᠯᠴᠠᠭ᠎ᠠ ᠪᠠᠶᠢᠵᠦ᠂ ᠬᠤᠬᠡᠳ ᠤᠨ ᠤᠢ ᠪᠢᠯᠢᠭ ᠨᠢ ᠰᠤᠷᠭᠠᠨ ᠬᠦᠮᠦᠵᠢᠯ ᠤᠨ ᠨᠦᠯᠦᠭᠡᠯᠡᠯ ᠢᠶᠠᠷ ᠪᠠᠭ᠎ᠠ ᠪᠠᠶᠢᠳᠠᠭ᠃ ᠲᠤᠰ ᠪᠠᠶᠢᠴᠠᠭᠠᠯᠳᠡ ᠪᠠᠷ ᠳᠠᠮᠵᠢᠨ ᠲᠠᠷᠢᠬᠢᠨ ᠤ ᠪᠠᠭᠳᠠᠭᠠᠮᠵᠢ ᠶᠢᠨ ᠶᠡᠭᠡ ᠪᠠᠭ᠎ᠠ ᠨᠢ ᠤᠢ ᠪᠢᠯᠢᠭ ᠳᠤ ᠴᠢᠬᠤᠯᠡ ᠨᠦᠯᠦᠭᠡ ᠲᠠᠢ ᠭᠡᠰᠡᠨ ᠢ ᠳᠠᠭᠢᠨ ᠲᠠᠪᠳᠡᠨ ᠭᠡᠷᠴᠢᠯᠡᠭᠰᠡᠨ ᠪᠠᠶᠢᠨ᠎ᠠ᠃      ᠪᠠᠶᠢᠴᠠᠭᠠᠭᠰᠡᠨ ᠬᠦᠮᠦᠨ ᠤ ᠪᠦᠯᠦᠭ ᠬᠢᠭᠡᠳ ᠭᠠᠵᠡᠷ ᠤᠷᠤᠨ ᠤ ᠲᠠᠷᠬᠠᠴᠡ᠄      ᠤᠳᠤ ᠦᠶ᠎ᠡ ᠶᠢᠨ ᠬᠦᠮᠦᠨ ᠲᠦᠷᠦᠯᠬᠡᠶᠢᠳᠡᠨ ᠤ ᠰᠤᠳᠤᠯᠭᠠᠨ ᠨᠢ ᠮᠤᠩᠭᠤᠯ ᠬᠦᠮᠦᠨ ᠪᠤᠯ ᠬᠠᠮᠤᠭ ᠤᠨ ᠲᠡᠭᠡᠳᠦ ᠤᠢ ᠪᠢᠯᠢᠭ ᠲᠠᠢ ᠬᠦᠮᠦᠨ ᠭᠡᠳᠡᠭ ᠢ ᠭᠡᠷᠴᠢᠯᠡᠵᠡᠢ᠃ ᠡᠭᠦᠨ ᠤ ᠬᠠᠮᠲᠦ᠂ ᠲᠤᠬᠠᠢ ᠶᠢᠨ ᠦᠶ᠎ᠡ ᠳᠤ ᠬᠦᠮᠦᠨ ᠠᠮᠡ  ᠶᠢᠨ ᠲᠤᠭ᠎ᠠ ᠪᠠᠷ ᠰᠠᠶ᠎ᠡ ᠬᠦᠷᠬᠦ ᠦᠭᠡᠢ ᠮᠤᠩᠭᠤᠯᠴᠤᠳ ᠲᠡᠯᠡᠬᠡᠢ ᠶᠢ ᠡᠷᠭᠡᠰᠢᠶᠡᠯ ᠳᠡᠭᠡᠨ ᠤᠷᠤᠭᠤᠯᠠᠭᠰᠡᠨ ᠨᠢ ᠰᠠᠨᠠᠮᠰᠡᠷ ᠦᠭᠡᠢ ᠲᠤᠭᠢᠯᠳᠦᠯ ᠪᠢᠰᠢ ᠭᠡᠳᠡᠭ ᠢ ᠳᠤᠳᠤᠳᠬᠠᠵᠦ᠂ ᠬᠠᠷᠢᠨ ᠳᠡᠭᠡᠳᠦ ᠬᠡᠮᠵᠢᠶᠡᠨ ᠤ ᠤᠢ ᠪᠢᠯᠢᠭ ᠲᠠᠢ ᠦᠨᠳᠦᠰᠦᠳᠡ ᠯᠡ ᠪᠤᠰᠤᠳ ᠦᠨᠳᠦᠰᠦᠳᠡᠨ ᠢ ᠳᠠᠷᠤᠯᠡᠨ ᠲᠦᠢᠢᠪᠡᠭᠡᠳᠡᠭ ᠪᠠᠶᠢᠨ᠎ᠠ᠃ ᠮᠢᠨᠦ ᠪᠤᠳᠤᠯ ᠢᠶᠠᠷ ᠲᠡᠤᠭᠡᠨ ᠳᠤ᠂ ᠬᠦᠮᠦᠨ ᠤ ᠲᠤᠭ᠎ᠠ ᠪᠠᠷ ᠬᠡᠳᠦᠨ ᠵᠢᠸ᠎ᠠ ᠪᠠᠶᠢᠳᠠᠭ ︵ᠨᠢᠭᠡ ᠵᠢᠸ᠎ᠠ = ᠠᠷᠪᠡᠨ ᠰᠠᠶ᠎ᠡ︶ ᠬᠢᠳᠡᠳ ᠬᠦᠮᠦᠨ᠂ ᠬᠦᠮᠦᠨ ᠤ ᠲᠤᠭ᠎ᠠ ᠪᠠᠷ ᠰᠠᠶ᠎ᠡ ᠬᠦᠷᠬᠦ ᠦᠭᠡᠢ ᠤᠮᠠᠷᠠᠲᠦ ᠬᠦᠷᠰᠢ ᠳᠡᠭᠡᠨ ᠬᠡᠳᠦᠨ ᠮᠢᠩᠭᠠᠨ ᠵᠢᠯ ᠳᠠᠷᠤᠯᠠᠭᠳᠡᠨ ᠲᠠᠮᠳᠤᠭᠯᠠᠳᠠᠳᠠᠭ ᠰᠢᠯᠳᠠᠭᠠᠨ ᠨᠢ ᠡᠭᠦᠨ ᠳᠤ ᠪᠤᠢ᠃     Black – ᠬᠠᠷ᠎ᠡ ᠦᠩᠭᠡ : 1450 ᠳᠡᠭᠡᠭᠰᠢ ; Checkerboard – ᠬᠦᠯᠬᠡ ᠬᠡᠯᠪᠡᠷᠢᠲᠦ : 1400- 49; Crosshatching – ᠲᠤᠨᠤᠯᠵᠢᠨ ᠰᠠᠴᠤᠷᠠᠭ ᠬᠡᠯᠪᠡᠷᠢᠲᠦ ᠰᠡᠭᠦᠳᠡᠷ : 1350-99; Horizontal striping – ᠬᠦᠨᠳᠡᠯᠡᠨ ᠪᠤᠳᠠᠷᠠᠭᠰᠡᠨ ᠵᠡᠯᠭᠠᠪᠦᠷᠢ :1300-49; Diagonal striping – ᠦᠨᠴᠦᠭᠯᠡᠭᠰᠡᠨ ᠰᠠᠴᠤᠷᠠᠭ ᠤᠨ ᠪᠤᠳᠡᠷᠮᠡᠯ ᠤᠨ ᠵᠠᠯᠭᠠᠪᠦᠷᠢ :1250-99;Dots – ᠴᠢᠭ : 1200-49; Circles – ᠴᠠᠭᠠᠷᠢᠭ : ᠠᠴᠠ ᠳᠤᠤᠷ᠎ᠡ 1200。      ᠡᠭᠦᠨ ᠳᠤ ᠬᠠᠷ᠎ᠡ ᠦᠩᠭᠡ ᠨᠢ ᠭᠠᠵᠡᠷ ᠤᠷᠤᠨ ᠢ ᠵᠢᠭᠠᠵᠦ ᠪᠤᠢ᠂ ᠮᠤᠩᠭᠤᠯ ᠬᠢᠭᠡᠳ ᠬᠤᠶᠢᠲᠦ ᠠᠽᠢᠶ᠎ᠡ ᠶᠢᠨ ᠤᠳᠤᠮᠳᠡᠨ ᠤ ᠲᠠᠷᠬᠠᠴᠡ ᠶᠢ ᠬᠡᠯᠡᠵᠦ ᠪᠠᠶᠢᠨ᠎ᠠ᠂ ᠡᠳᠡᠭᠡᠷ ᠪᠦᠯᠦᠭ ᠬᠦᠮᠦᠰ ᠤᠨ ᠲᠠᠷᠢᠭᠢᠨ ᠤ ᠪᠠᠭᠲᠠᠭᠠᠮᠵᠢ ᠨᠢ ᠬᠠᠮᠤᠭ ‍ᠡᠭᠡᠷ᠎ᠡ ᠪᠠᠶᠢᠳᠠᠭ᠃ ᠶᠡᠷᠦᠩᠬᠡᠶᠢᠯᠡᠨ ᠲᠡᠭᠰᠢᠳᠬᠡᠪᠡᠯ᠂ ᠭᠤᠷᠪᠡᠨ ᠵᠦᠢᠯ ᠤᠨ ᠠᠷᠠᠰᠦᠳᠡᠨ ᠤ ᠲᠠᠷᠢᠬᠢᠨ ᠤ ᠪᠠᠭᠲᠠᠭᠠᠮᠵᠢ ᠪᠤᠯ᠄ ᠬᠠᠷ᠎ᠡ ᠠᠷᠠᠰᠦᠳᠡᠨ (13185), ᠴᠠᠭᠠᠨ ᠠᠷᠠᠰᠦᠳᠡᠨ (13665)、 ᠰᠢᠷ᠎ᠡ ᠠᠷᠠᠰᠦᠳᠡᠨ (13767) ᠪᠠᠶᠢᠭᠰᠡ ᠠᠴᠠ᠂ ᠲᠠᠷᠢᠬᠢᠨ ᠤ ᠪᠠᠭᠲᠠᠭᠠᠮᠵᠢ ᠪᠠᠷ ᠬᠦᠮᠦᠨ ᠤ ᠲᠦᠷᠦᠯ ᠨᠢ IQ ᠳᠡᠭᠡᠷᠡᠬᠢ ᠵᠦᠷᠢᠶ᠎ᠡ ᠶᠢ ᠵᠠᠳᠠᠯᠦᠵᠡᠢ᠃ ᠪᠠᠷᠢᠮᠵᠢᠶᠡᠲᠦ IQ ᠶᠢᠨ ᠪᠠᠶᠢᠴᠠᠭᠠᠯᠳᠡ ᠳᠤ᠂ ᠵᠠᠭᠤ ᠢᠯᠡᠭᠦᠦ ᠤᠳᠠᠭ᠎ᠠ ᠶᠢᠨ ᠲᠤᠷᠰᠢᠯᠳᠡ ᠪᠠᠷ ᠳᠠᠮᠵᠢᠨ ᠵᠦᠷᠢᠶ᠎ᠡ ᠶᠢᠨ ᠳᠦᠩ ᠨᠢ ᠠᠳᠠᠯᠢᠬᠠᠨ ᠭᠡᠳᠡᠭ ᠢ ᠳᠤᠳᠤᠳᠬᠠᠰᠡᠨ ᠪᠠᠶᠢᠨ᠎ᠠ᠃ ᠠᠷᠠᠰᠦᠳᠡᠨ ᠪᠦᠷᠢ ᠶᠢᠨ ᠲᠡᠭᠰᠢᠳᠬᠡᠭᠰᠡᠨ ᠤᠢ ᠪᠢᠯᠢᠭ ᠤᠨ ᠤᠯᠤᠭᠰᠡᠨ ᠬᠤᠪᠢ ᠨᠢ᠂ ᠰᠢᠷ᠎ᠡ ᠠᠷᠠᠰᠦᠳᠡᠨ 106 ( ᠳᠤᠷᠤᠨᠠᠲᠦ ᠠᠽᠢᠶ᠎ᠡ )᠂ ᠴᠠᠭᠠᠨ ᠠᠷᠠᠰᠦᠳᠡᠨ 100( ᠡᠸᠣᠷᠤᠪ᠂ ᠠᠮᠧᠷᠢᠺ )᠂ ᠬᠠᠷ᠎ᠡ ᠠᠷᠠᠰᠦᠳᠡᠨ 85( ᠡᠸᠣᠷᠤᠪ᠂ ᠠᠮᠧᠷᠢᠺ ᠶᠢᠨ ᠬᠠᠷ᠎ᠡ ᠠᠷᠠᠰᠦᠳᠡᠨ᠃ ᠬᠡᠷᠪᠡ ᠤᠯᠤᠰ ᠢᠶᠠᠷ ᠨᠢ ᠠᠳᠠᠯᠢᠳᠬᠠᠨ ᠬᠠᠷᠢᠴᠠᠭᠤᠯᠠᠪᠡᠯ᠂ ᠭᠤᠷᠪᠡᠨ ᠲᠦᠷᠦᠯ ᠤᠨ ᠬᠦᠮᠦᠨ  ᠤ ᠪᠠᠶᠢᠴᠠᠭᠠᠯᠳᠡ ᠶᠢᠨ ᠦᠷ᠎ᠡ ᠳ᠋ᠦᠩ ᠤᠨ ᠵᠦᠷᠢᠶ᠎ᠡ ᠨᠢ ᠨᠡᠩ ᠢᠯᠡᠷᠬᠡᠢ ᠪᠤᠯᠬᠤ ᠶᠤᠮ᠃       ᠠᠳᠠᠯᠢ ᠪᠤᠰᠦ ᠤᠭᠰᠠᠭᠠᠳᠡᠨ ᠤ ᠲᠠᠷᠢᠭᠢᠨ ᠤ ᠪᠠᠭᠲᠠᠭᠠᠮᠵᠢ ᠬᠢᠭᠡᠳ ᠤᠢ ᠪᠢᠯᠢᠭ ᠤᠨ ᠪᠠᠶᠢᠴᠠᠭᠠᠯᠳᠡ ᠳᠠᠬᠢ ᠢᠯᠡᠷᠡᠯ ᠨᠢ ᠲᠤᠮᠦ ᠵᠦᠷᠢᠶ᠎ᠡ ᠲᠠᠢ ᠪᠠᠶᠢᠳᠠᠭ᠃ ᠳᠤᠷᠳᠠᠭᠤᠰᠢᠲᠡᠢ ᠨᠢ᠂ ᠳᠤᠮᠳᠡᠳᠦ ᠠᠽᠢᠶ᠎ᠡ ᠶᠢᠨ ᠤᠯᠤᠰ ᠤᠷᠤᠨ  ᠨᠤᠭᠤᠳ ᠤᠨ IQ ᠳᠡᠭᠡᠷᠡᠬᠢ ᠢᠯᠡᠷᠡᠯ ᠨᠢ ᠦᠷᠦᠨᠡᠲᠦ ᠶᠢᠨ ᠤᠯᠤᠰ ᠠᠴᠠ ᠲᠠᠪᠠᠭᠤᠯᠢᠭ ᠪᠠᠶᠢᠵᠦ᠂ ᠲᠦᠷᠦᠭᠦᠦ 7 ᠶᠢ ᠠᠽᠢᠶ᠎ᠡ ᠶᠢᠨ ᠤᠯᠤᠰ ᠨᠤᠭᠤᠳ ᠬᠠᠮᠦᠷᠡᠴᠤ᠂ ᠲᠦᠷᠦᠭᠦᠦ 10 ᠳᠤ 2 ᠤᠯᠤᠰ ᠪᠤᠯᠤᠳ ᠤᠷᠤᠨ ᠯᠡ ᠳᠤᠷᠦᠨᠡᠲᠦ ᠠᠽᠢᠶ᠎ᠡ ᠶᠢᠨ ᠬᠢ ᠪᠢᠰᠢ ᠪᠠᠶᠢᠵᠡᠢ᠃ ᠬᠠᠷᠢᠨ ᠨᠡᠩ ᠠᠩᠬᠠᠷᠤᠰᠢᠲᠡᠢ ᠨᠢ ᠡᠯ᠎ᠡ ᠦᠨᠳᠦᠰᠦᠳᠡᠨ ᠨᠤᠭᠤᠳ ᠤᠨ IQ ᠶᠢᠨ ᠪᠠᠶᠢᠴᠠᠭᠠᠯᠳᠡ ᠶᠢᠨ ᠲᠠᠷᠠᠭᠠᠯᠡᠯ ᠪᠤᠯᠤᠨ ᠲᠠᠷᠢᠭᠢᠨ ᠤ ᠪᠠᠭᠲᠠᠭᠠᠮᠵᠢ ᠶᠢᠨ ᠪᠠᠶᠢᠴᠠᠭᠠᠯᠳᠡ ᠲᠠᠷᠠᠭᠠᠯᠡᠡᠯ ᠨᠢ ᠲᠤᠩ ᠠᠳᠠᠯᠢᠬᠠᠨ ᠪᠠᠶᠢᠭᠰᠡᠨ᠂ ᠡᠨᠡ ᠬᠤᠶᠡᠷ ᠵᠦᠢᠯ ᠤᠨ ᠪᠠᠶᠢᠴᠠᠭᠠᠯᠳᠡ ᠶᠢᠨ ᠦᠷ᠎ᠡ ᠳ᠋ᠦᠩ ᠨᠢ ᠬᠤᠭᠤᠷᠤᠨᠳᠦ ᠪᠠᠨ ᠬᠤᠯᠪᠤᠭᠳᠠᠯ ᠲᠠᠢ ᠪᠠᠶᠢᠨ᠎ᠠ᠃      ᠠᠷᠬᠢᠸ᠋ᠯᠤᠭᠢ ᠶᠢᠨ ᠰᠤᠳᠤᠯᠭᠠᠨ ᠳᠤ᠂ ᠬᠦᠮᠦᠨ ᠲᠦᠷᠦᠯᠬᠡᠶᠢᠳᠡᠨ ᠤ ᠬᠦᠭᠵᠢᠯᠳᠡ ᠶᠢ ᠳᠠᠭᠠᠯᠳᠦᠨ᠂ ᠠᠳᠡᠯᠢ ᠪᠣᠰᠤ ᠲᠡᠤᠬᠡ ᠶᠢᠨ ᠬᠤᠭᠤᠴᠠᠭᠠᠨ ᠳᠤ ᠬᠦᠮᠦᠨ ᠲᠦᠷᠦᠯᠬᠡᠶᠢᠳᠡᠨ ᠤ ᠲᠠᠷᠢᠭᠢᠨ ᠤ ᠪᠠᠭᠳᠠᠭᠠᠮᠵᠢ ᠨᠢ ᠦᠴᠦᠬᠡᠨ ᠲᠡᠭᠡᠭᠰᠢᠯᠡᠵᠡᠢ᠂ ᠬᠠᠮᠤᠭ ᠡᠷᠳᠡᠨ ᠤ ᠬᠦᠮᠦᠨ ᠲᠦᠷᠦᠯᠭᠡᠶᠢᠳᠡᠨ ᠤ ᠲᠠᠷᠢᠭᠢᠨ ᠤ ᠪᠠᠭᠳᠠᠭᠠᠮᠵᠢ ᠤᠳᠤ ᠦᠶ᠎ᠡ ᠬᠦᠮᠦᠨ ᠲᠦᠷᠦᠯᠬᠡᠶᠢᠳᠡᠨ ᠠᠴᠠ ᠬᠤᠯᠡ ᠪᠠᠶᠢᠭ᠎ᠠ ᠪᠠᠶᠢᠳᠠᠭ᠃ ᠡᠶᠢᠮᠦ ᠠᠴᠠ ᠲᠠᠷᠢᠬᠢᠨ ᠤ ᠪᠠᠭᠳᠠᠭᠠᠮᠵᠢ ᠨᠢ ᠬᠦᠮᠦᠨ ᠲᠦᠷᠦᠯᠬᠡᠶᠢᠳᠡᠨ ᠤ ᠤᠢ ᠪᠢᠯᠢᠭ ᠢ ᠲᠡᠭᠡᠭᠰᠢᠯᠡᠬᠦ ᠶᠢ ᠳᠠᠭᠠᠯᠳᠦᠨ ᠶᠡᠬᠡᠰᠳᠡᠭ᠂ ᠺᠦᠪ ᠢᠨᠴ ︵每立方英寸) ᠪᠦᠷᠢ ᠲᠠᠷᠢᠬᠢ ᠳᠤ ᠰᠠᠶ᠎ᠡ ᠢᠯᠡᠭᠦᠦ ᠲᠠᠷᠢᠬᠢᠨ ᠤ ᠡᠰ ᠪᠠᠶᠢᠵᠦ᠂ ᠲᠠᠷᠪᠤᠮ ᠭᠠᠷᠦᠢ ᠮᠡᠳᠡᠷᠡᠯ ᠤᠨ ᠭᠡᠰᠢᠭᠦᠦ ᠪᠠᠶᠢᠳᠠᠭ᠃ ᠡᠯ᠎ᠡ ᠪᠠᠶᠢᠴᠠᠭᠠᠯᠳᠡ ᠬᠢᠭᠰᠡᠨ ᠦᠨᠳᠦᠰᠦᠳᠡᠨ ᠤ ᠤᠢ ᠪᠢᠯᠢᠭ ᠤᠨ ᠢᠯᠡᠷᠡᠯ ᠪᠤᠯᠤᠨ ᠲᠠᠷᠢᠬᠢᠨ ᠤ ᠪᠠᠭᠠᠳᠠᠭᠠᠮᠵᠢ ᠶᠢᠨ ᠶᠡᠭᠡ ᠪᠠᠭ᠎ᠠ ᠶᠢᠨ ᠪᠠᠶᠢᠷᠢᠯᠡᠯ ᠲᠠᠢ ᠦᠨᠳᠦᠰᠦᠨ ᠳᠡᠭᠡᠨ ᠨᠡᠶᠢᠴᠡᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠲᠠᠷᠢᠬᠢᠨ ᠬᠠᠯᠢᠰᠦᠨ ᠤ ᠲᠠᠪᠬᠤᠷᠯᠡᠯ᠂ ᠲᠠᠷᠢᠬᠢᠨ ᠤ ᠠᠲᠦᠷᠢᠶ᠎ᠡ ᠶᠢᠨ ᠲᠤᠭ᠎ᠠ ᠪᠦᠷᠢᠳᠭᠡᠯ ᠨᠢ ᠳᠤᠷᠤᠨᠡᠲᠦ ᠶᠢᠨ ᠬᠢᠨ ᠦᠷᠦᠨᠡᠲᠦ ᠶᠢᠨ ᠠᠴᠠ ᠢᠯᠡᠭᠦᠦ ᠪᠠᠶᠢᠳᠠᠭ᠃     ᠭᠡᠪᠡᠴᠤ ᠠᠯᠢᠪᠠ ᠪᠦᠬᠦᠨ ᠳᠤ ᠦᠨᠳᠦᠰᠦᠳᠡᠨ ᠤ ᠲᠠᠪᠠᠭᠤᠯᠢᠭ ᠴᠢᠨᠠᠷ ᠲᠠᠢ ᠪᠢᠰᠢ᠂ ᠵᠢᠱᠢᠶᠡᠯᠡᠪᠡᠯ ᠬᠠᠷ᠎ᠡ ᠠᠷᠠᠰᠦᠳᠡᠨ ᠤ ᠤᠢ ᠪᠢᠯᠢᠭ ᠨᠢ ᠬᠡᠳᠦᠶᠢᠪᠡᠷ ᠵᠦᠷᠢᠶ᠎ᠡ ᠲᠠᠢ ᠪᠠᠶᠢᠭᠰᠡᠨ ᠴᠦ᠂ ᠬᠠᠷ᠎ᠡ ᠠᠷᠠᠰᠦᠳᠡᠨ ᠤ ᠪᠡᠶ᠎ᠡ ᠮᠠᠬᠠᠪᠤᠳ ᠬᠢᠭᠡᠳ ᠬᠠᠶᠢᠷ᠎ᠡ ᠰᠠᠳᠬᠢᠯᠭᠡ ᠤᠨ ᠨᠤᠷᠮ᠎ᠡ ᠢᠶᠠᠷ ᠮᠠᠰᠢ ᠦᠨᠳᠦᠷ ᠪᠠᠶᠢᠳᠠᠭ᠃ ᠬᠠᠷ᠎ᠡ ᠠᠷᠠᠰᠦᠳᠡᠨ ᠤ ᠬᠡᠪ ᠨᠠᠮᠪᠠᠭ᠎ᠠ ᠪᠤᠯᠤᠨ ᠰᠡᠳᠬᠢᠯᠭᠡ ᠪᠠᠨ ᠢᠯᠡᠳᠭᠡᠬᠦ ᠴᠢᠳᠡᠪᠦᠷᠢ ᠰᠠᠶᠢᠲᠡᠢ᠂ ᠬᠠᠷᠢᠨ ᠳᠤᠷᠤᠨᠡᠳᠠᠬᠢᠨ ᠤ ᠬᠦᠮᠦᠨ ᠬᠦᠮᠦᠰ ᠲᠤ ᠬᠦᠢᠳᠡᠮᠰᠤᠭ ᠰᠠᠭᠤᠭᠳᠡᠯ ᠦᠭᠳᠡᠭ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号