| | ᠮᠠᠯᠴᠢᠨ ᠲᠦᠮᠡᠨ ᠡᠪᠦᠭᠡ ᠳᠡᠭᠡᠳᠦᠰ ᠮᠠᠨᠢ ᠪᠠᠶᠢᠭᠠᠯᠢ ᠶᠢᠨ ᠡᠯᠳᠡᠪ ᠶᠠᠭᠤᠮᠠᠰ ᠦᠵᠡᠭᠳᠡᠯ ᠤᠨ ᠬᠤᠯᠪᠣᠭ᠎ᠠ | ᠬᠠᠮᠢᠶᠠᠷᠤᠯ ᠢ ᠰᠣᠷᠭᠤᠭ ᠢᠶᠠᠷ ᠠᠵᠢᠭᠯᠠᠨ ᠡᠷᠭᠢᠴᠡᠭᠦᠯᠦᠨ ᠳ᠋ᠦᠩᠨᠡᠵᠦ ᠠᠮᠢᠳᠤᠷᠠᠯ ᠠᠬᠤᠢ ᠳᠠᠭᠠᠨ ᠮᠥᠷᠳᠡᠯᠭᠡ | ᠪᠣᠯᠭᠠᠵᠤ ᠢᠷᠡᠭᠰᠡᠨ ᠪᠠᠶᠠᠯᠢᠭ ᠤᠯᠠᠮᠵᠢᠯᠠᠯ ᠲᠠᠢ᠃ ᠲᠡᠭᠦᠨ ᠤ ᠨᠢᠭᠡᠨ ᠵᠢᠱᠢᠶ᠎ᠡ ᠪᠣᠯ ᠨᠠᠷᠠ᠂ ᠰᠠᠷ᠎ᠠ᠂ ᠣᠳᠣᠳ ᠤᠨ | ᠲᠣᠬᠢᠶᠠᠯ᠂ ᠡᠭᠦᠯᠡ᠂ ᠠᠭᠠᠷ ᠰᠠᠯᠬᠢᠨ ᠤ ᠬᠤᠪᠢᠰᠤᠯ ᠬᠥᠳᠡᠯᠭᠡᠭᠡᠨ ᠢᠶᠠᠷ ᠢᠷᠡᠬᠦ ᠴᠠᠭ ᠤᠨ ᠲᠡᠭᠷᠢ ᠶᠢᠨ ᠠᠶᠠᠰ ᠢ | ᠤᠷᠢᠳᠴᠢᠯᠠᠨ ᠮᠡᠳᠡᠵᠦ ᠪᠠᠶᠢᠭᠰᠠᠨ ᠶᠠᠪᠤᠳᠠᠯ ᠪᠢᠯᠡ᠃ ᠠᠮᠢᠳᠤᠷᠠᠯ᠂ ᠡᠳ᠋ ᠠᠬᠤᠢ ᠶᠢᠨ ᠵᠦᠢᠯᠡᠰ ᠢᠶᠠᠷ | — — ᠪᠡᠶ᠎ᠡ ᠨᠣᠵᠣᠭᠤᠷᠠᠨ ᠵᠠᠯᠬᠠᠭᠤ ᠬᠦᠷᠴᠦ ᠨᠣᠶᠢᠷᠮᠣᠭᠯᠠᠪᠠᠯ ᠵᠤᠨ ᠤ ᠴᠠᠭ ᠲᠤ ᠪᠣᠷᠤᠭ᠎ᠠ ᠣᠷᠣᠬᠤ ᠶᠢᠨ | ᠰᠢᠨᠵᠢ᠃ | — — ᠪᠡᠶ᠎ᠡ ᠬᠦᠨᠳᠦᠷᠡᠨ ᠤᠭᠤᠴᠠ ᠪᠠᠷ ᠬᠥᠰᠢᠵᠦ ᠨᠢᠳᠦ ᠪᠦᠷᠦᠯᠵᠡᠨ ᠲᠠᠷᠢᠬᠢ ᠲᠣᠯᠣᠭᠠᠢ ᠮᠠᠨᠠᠷᠠᠬᠤ ᠨᠢ | ᠲᠩᠷᠢ ᠡᠪ ᠦᠭᠡᠶᠢᠷᠡᠬᠦ ᠶᠢᠨ ᠲᠡᠮᠳᠡᠭ᠃ | — — ᠭᠠᠩᠰᠠᠨ ᠤ ᠪᠣᠬᠢ ᠲᠦᠭᠵᠢᠷᠡᠵᠦ ᠤᠰᠣᠳᠠᠵᠣ ᠢᠷᠡᠬᠦ ᠨᠢ ᠲᠩᠷᠢ ᠮᠠᠭᠤᠳᠠᠵᠤ ᠪᠣᠷᠤᠭ᠎ᠠ ᠣᠷᠣᠬᠤ ᠶᠢᠨ | ᠰᠢᠨᠵᠢ᠃ | — — ᠤᠭᠤᠲᠠ ᠰᠠᠪᠠ ᠲᠠᠢ ᠲᠠᠮᠠᠬᠢ ᠳᠠᠪᠤᠰᠤ ᠴᠢᠭᠢᠭᠳᠡᠬᠦ ᠨᠢ ᠪᠣᠷᠤᠭ᠎ᠠ ᠣᠷᠣᠬᠤ ᠶᠢᠨ ᠰᠢᠨᠵᠢ᠃ | — — ᠬᠡᠳᠦᠶᠢᠪᠡᠷ ᠰᠡᠷᠢᠭᠦᠪᠲᠦᠷ ᠬᠦᠢᠲᠡᠨ ᠪᠠᠶᠢᠪᠠᠴᠤ ᠪᠠᠶᠢᠰᠢᠩ ᠤᠨ ᠴᠣᠩᠬᠤ ᠬᠥᠯᠥᠷᠡᠬᠦ ᠨᠢ | ᠳᠤᠯᠠᠭᠠᠷᠠᠬᠤ ᠶᠢᠨ ᠰᠢᠨᠵᠢ᠃ | — — ᠬᠥᠭᠵᠢᠮ ᠤᠨ ᠤᠲᠠᠰᠤ ᠣᠷᠲᠤᠰᠤᠨ ᠮᠤᠯᠲᠤᠷᠠᠭᠠᠳ ᠪᠠᠶᠢᠪᠠᠯ ᠪᠣᠷᠤᠭ᠎ᠠ ᠣᠷᠣᠬᠤ ᠶᠢᠨ᠂ | ᠲᠠᠰᠤᠷᠠᠭᠠᠳ ᠪᠠᠶᠢᠪᠠᠯ ᠠᠭᠠᠷ ᠬᠠᠭᠤᠷᠠᠢ ᠲᠩᠷᠢ ᠰᠠᠶᠢᠬᠠᠨ ᠪᠠᠶᠢᠬᠤ ᠶᠢᠨ ᠲᠡᠮᠳᠡᠭ᠃ | — — ᠵᠤᠤᠬ᠎ᠠ᠂ ᠫᠢᠰᠢᠩ ᠳᠤ ᠬᠢᠭᠰᠡᠨ ᠮᠣᠳᠣ ᠶᠢ ᠠᠰᠠᠭᠠᠬᠤ ᠳᠤ ᠳᠦᠷᠡᠯᠵᠡᠨ ᠰᠢᠲᠠᠵᠤ ᠳᠦᠯᠦ ᠨᠢ | ᠬᠦᠬᠡᠭᠡ ︵ᠬᠦᠨᠳᠡᠢ︶ ᠣᠷᠣᠭᠤ ᠪᠠᠨ ᠲᠠᠲᠠᠭᠳᠠᠵᠤ ᠪᠠᠶᠢᠪᠠᠯ ᠰᠠᠯᠬᠢ᠂ ᠰᠢᠭᠤᠷᠭ᠎ᠠ ᠪᠣᠯᠬᠤ ᠶᠢᠨ᠂ ᠮᠣᠳᠣ ᠴᠠᠳ | ᠫᠠᠳᠬᠢᠨ ᠳᠣᠣᠭᠠᠷᠣᠨ ᠤᠲᠤᠭ᠎ᠠ ᠰᠠᠪᠰᠠᠨ ᠮᠠᠭᠤ ᠰᠢᠲᠠᠵᠤ ᠪᠠᠶᠢᠪᠠᠯ ᠪᠣᠷᠤᠭ᠎ᠠ ᠬᠤᠷ᠎ᠠ ᠣᠷᠣᠬᠤ ᠪᠤᠶᠤ ᠳᠤᠯᠠᠭᠠᠨ | ᠲᠣᠭᠲᠠᠭᠤᠨ ᠡᠳᠦᠷ ᠪᠣᠯᠬᠤ ᠶᠢᠨ ᠰᠢᠨᠵᠢ᠃ | — — ᠠᠷᠭᠠᠯ ᠲᠦᠯᠡᠰᠢ ᠴᠢᠭᠢᠭᠳᠡᠪᠡᠯ ᠬᠤᠷ᠎ᠠ ᠣᠷᠣᠬᠤ ᠶᠢᠨ ᠲᠡᠮᠳᠡᠭ᠃ | — — ᠶᠠᠨᠲᠤᠩ ᠤᠨ ᠤᠲᠤᠭ᠎ᠠ ᠡᠭ᠍ᠴᠡ ᠳᠡᠭᠡᠭᠰᠢ ᠪᠠᠨ ᠬᠥᠭᠡᠷᠴᠦ ᠪᠠᠶᠢᠪᠠᠯ ᠡᠳᠦᠷ ᠲᠡᠭᠡᠨ ᠰᠠᠯᠬᠢ ᠪᠠᠭ᠎ᠠ ᠲᠠᠢ | ᠲᠣᠭᠲᠠᠭᠤᠨ ᠪᠠᠶᠢᠬᠤ ᠶᠢᠨ᠂ ᠤᠲᠤᠭ᠎ᠠ ᠬᠦᠭᠡᠷᠬᠦ ᠦᠭᠡᠢ ᠬᠤᠷᠭᠤᠳᠠᠬᠤ ᠪᠤᠶᠤ ᠬᠠᠵᠠᠭᠤ ᠲᠡᠰᠢ ᠪᠠᠨ ᠬᠡᠶᠢᠰᠴᠦ | ᠪᠠᠶᠢᠪᠠᠯ ᠰᠠᠯᠬᠢ ᠰᠢᠷᠦᠭᠦᠰᠴᠦ ᠲᠩᠷᠢ ᠪᠦᠷᠬᠦᠵᠦ ᠬᠤᠷ᠎ᠠ ᠣᠷᠣᠬᠤ ᠶᠢᠨ ᠰᠢᠨᠵᠢ᠃ | — — ᠲᠣᠭᠤᠭ᠎ᠠ ᠵᠤᠤᠬᠠᠨ ᠤ ᠬᠥ᠋ ᠰᠢᠲᠠᠵᠤ ᠢᠮᠠᠭᠠᠷᠠᠪᠠᠯ ︵ᠴᠤᠪᠤᠷᠠᠨ ᠰᠢᠲᠠᠬᠤ︶ ᠰᠢᠭᠤᠷᠴᠤ | ᠰᠠᠯᠬᠢᠯᠠᠬᠤ ᠶᠢᠨ ᠳᠡᠮᠳᠡᠭ᠃ | — — ᠵᠤᠤᠬᠠᠨ ᠳᠤ ᠠᠰᠠᠵᠤ ᠪᠤᠢ ᠳᠦᠯᠦ ᠤᠯᠠᠭᠠᠨ ᠥᠩᠭᠡ ᠲᠠᠢ ᠬᠠᠷᠠᠭᠳᠠᠪᠠᠯ ᠬᠦᠢᠲᠡᠷᠡᠨ᠎ᠡ᠂ ᠴᠠᠶᠢᠪᠤᠷ | ᠪᠣᠯ ᠳᠤᠯᠠᠭᠠᠷᠠᠨᠠ᠃ | — — ᠬᠤᠪᠴᠠᠰᠤ᠂ ᠰᠤᠷ᠂ ᠪᠤᠰᠤᠳ ᠮᠠᠲ᠋ᠧᠷᠢᠶᠠᠯ ᠴᠢᠭᠢᠭ ᠳᠠᠭᠠᠭᠠᠪᠠᠯ ᠪᠣᠷᠤᠭ᠎ᠠ ᠣᠷᠣᠬᠤ ᠶᠢᠨ ᠰᠢᠨᠵᠢ᠃ | — — ᠰᠢᠷᠢ ᠰᠠᠪᠬᠢᠨ ᠡᠳ᠋ᠯᠡᠯ ᠵᠦᠭᠡᠯᠡᠷᠡᠪᠡᠯ ᠬᠤᠷ᠎ᠠ ᠪᠣᠷᠤᠭ᠎ᠠ ᠣᠷᠣᠨ᠎ᠠ ᠭᠡᠵᠦ ᠮᠡᠳᠡ᠃ | — — ᠢᠰᠡᠭᠡᠢ ᠳᠠᠪᠤᠤ ᠢᠯᠠᠩᠭᠤᠶ᠎ᠠ ᠪᠡᠷᠵᠡᠭᠡᠬᠡᠨ ᠪᠦᠷᠢᠶᠡᠰᠦ ᠭᠡᠷ ᠤᠨ ᠬᠢᠯᠭᠠᠰᠤᠨ ᠬᠤᠰᠢᠯᠠᠩ ᠪᠦᠰᠡ | ᠳᠡᠭᠡᠰᠦᠨ ᠴᠤᠯᠪᠤᠭᠤᠷ ᠣᠯᠣᠰᠤ ᠠᠭᠰᠢᠵᠤ ᠴᠢᠩᠭᠠᠷᠠᠪᠠᠯ ᠲᠩᠷᠢ ᠪᠦᠷᠬᠦᠵᠦ ᠪᠣᠷᠤᠭ᠎ᠠ ᠣᠷᠣᠬᠤ ᠶᠢᠨ ᠰᠢᠨᠵᠢ᠃ | — — ᠰᠠᠪᠠᠯᠠᠭᠰᠠᠨ ᠬᠤᠷᠢᠶᠠᠭᠰᠠᠨ ᠨᠣᠣᠰᠣ ᠬᠢᠯᠭᠠᠰᠤ ᠴᠢᠭᠢᠭ ᠳᠠᠭᠠᠭᠠᠬᠤ ᠨᠢ ᠪᠣᠷᠤᠭ᠎ᠠ ᠬᠤᠷ᠎ᠠ | ᠣᠷᠣᠬᠤ ᠶᠢᠨ ᠰᠠᠨᠠᠮᠵᠢ ᠭᠡᠵᠦ ᠪᠣᠳᠣ᠃ | — — ᠠᠭᠠᠷ ᠤᠨ ᠳᠠᠷᠤᠯᠲᠠ ᠬᠡᠮᠵᠢᠬᠦ ᠪᠠᠭᠠᠵᠢ ᠦᠭᠡᠢ ᠪᠣᠯ ᠠᠷᠢᠬᠢᠨ ᠤ ᠰᠢᠯ ᠳᠤ ᠭᠤᠣᠯ ᠤᠨ ᠤᠰᠤᠨ ᠠᠴᠠ | ᠲᠠᠯ᠎ᠠ ᠬᠤᠪᠢ ᠬᠦᠷᠲᠡᠯ᠎ᠡ ᠬᠢᠭᠡᠳ ᠰᠠᠶᠢᠲᠤᠷ ᠪᠥᠭᠯᠡᠵᠦ᠂ ᠠᠪᠳᠠᠷ᠎ᠠ ᠰᠢᠷᠡᠭᠡ ᠴᠣᠩᠬᠤᠨ ᠤ ᠲᠠᠪᠴᠠᠩ ᠳᠡᠭᠡᠷ᠎ᠡ | ᠲᠠᠯᠪᠢᠭᠠᠳ ᠠᠰᠢᠭᠯᠠᠵᠤ ᠪᠣᠯᠣᠨ᠎ᠠ᠃ ᠰᠢᠯ ᠲᠠᠢ ᠤᠰᠤᠨ ᠤ ᠳᠡᠭᠡᠳᠦ ᠬᠡᠰᠡᠭ ᠲᠤ ᠰᠢᠯ ᠤᠨ ᠬᠠᠨᠠᠨ ᠳᠤ ᠤᠰᠤᠨ ᠤ | ᠳᠤᠰᠤᠯ ᠲᠣᠭᠲᠠᠵᠤ ᠪᠠᠶᠢᠪᠠᠯ ᠲᠩᠷᠢ ᠤᠳᠠᠯ ᠦᠭᠡᠢ ᠮᠠᠭᠤᠳᠠᠬᠤ ᠶᠢᠨ᠂ ᠬᠡᠷᠪᠡ ᠲᠩᠷᠢ ᠡᠪ ᠦᠭᠡᠶᠢᠲᠡᠭᠰᠡᠨ ᠦᠶ᠎ᠡ ᠳᠤ | ᠰᠢᠯ ᠤᠨ ᠬᠠᠨᠠᠨ ᠳᠠᠬᠢ ᠤᠰᠤᠨ ᠳᠤᠰᠤᠯ ᠠᠷᠢᠯᠣᠭᠰᠠᠨ ᠪᠣᠯ ᠲᠩᠷᠢ ᠰᠠᠶᠢᠵᠢᠷᠠᠬᠤ ᠶᠢᠨ ᠰᠢᠨᠵᠢ᠃ ᠭᠠᠵᠠᠷ ᠣᠷᠣᠨ ᠤ | ᠪᠠᠶᠢᠳᠠᠯ᠂ ᠤᠷᠭᠤᠮᠠᠯ ᠡᠨᠡ ᠨᠢ ᠭᠠᠵᠠᠷ ᠤᠨ ᠭᠠᠷᠴᠠ᠂ ᠮᠣᠳᠣ᠂ ᠡᠪᠡᠰᠦ᠂ ᠤᠷᠭᠤᠮᠠᠯ ᠤᠨ ᠰᠢᠨᠵᠢ᠂ ᠤᠷᠭᠤᠬᠤ᠂ | ᠮᠠᠨᠳᠤᠬᠤ᠂ ᠪᠠᠶᠢᠳᠠᠯ ᠲᠡᠭᠦᠨ ᠤ ᠬᠡᠪ ᠤᠨ ᠪᠤᠰᠤ ᠥᠭᠡᠷᠡᠴᠢᠯᠡᠯᠲᠡ ᠪᠠᠷ ᠲᠩᠷᠢ᠂ ᠴᠠᠭ ᠠᠭᠤᠷ ᠤᠨ ᠪᠠᠶᠢᠳᠠᠯ ᠢ | ᠲᠥᠰᠥᠭᠡᠯᠡᠨ ᠦᠨᠡᠯᠡᠬᠦ ᠤᠯᠠᠮᠵᠢᠯᠠᠯᠲᠤ ᠠᠷᠭ᠎ᠠ ᠪᠢᠯᠡ᠃ ᠤᠷᠭᠤᠮᠠᠯ ᠰᠤᠳᠤᠯᠤᠭᠠᠴᠢᠳ ᠤᠨ ᠮᠡᠳᠡᠭᠡᠯᠡᠭᠰᠡᠨ ᠢᠶᠠᠷ | 400 ᠭᠠᠷᠤᠢ ᠳᠦᠷᠰᠦ ᠶᠢᠨ ᠤᠷᠭᠤᠮᠠᠯ ᠠᠮᠢᠳᠤ ᠪᠠᠷᠣᠮᠧᠲᠷ ︵ᠠᠭᠠᠷ ᠤᠨ ᠳᠠᠷᠤᠯᠲᠠ ᠬᠡᠮᠵᠢᠭᠴᠢ︶ ᠭᠡᠭᠳᠡᠳᠡᠭ | ᠠᠵᠢ᠃ | — — ᠰᠥᠨᠢ ᠬᠤᠲᠣᠭᠤᠷ ᠬᠥᠨᠳᠡᠢ ᠭᠠᠵᠠᠷ ᠬᠦᠢᠲᠡᠪᠲᠦᠷ᠂ ᠳᠣᠪᠤ ᠲᠣᠯᠣᠭᠠᠳ ᠥᠨᠳᠥᠷ ᠭᠠᠵᠠᠷ ᠢᠶᠠᠷ | ᠳᠤᠯᠠᠭᠠᠪᠲᠤᠷ ᠪᠠᠶᠢᠪᠠᠯ ᠮᠠᠷᠭᠠᠰᠢ ᠨᠢ ᠲᠩᠷᠢ ᠲᠣᠭᠲᠠᠭᠤᠨ ᠪᠠᠶᠢᠨ᠎ᠠ᠃ | — — ᠬᠠᠪᠤᠷ ᠨᠣᠭᠤᠭ᠎ᠠ ᠭᠠᠷᠬᠤ ᠲᠠᠢ ᠵᠡᠷᠭᠡᠴᠡᠨ ᠮᠣᠳᠣ ᠨᠠᠪᠴᠢᠯᠠᠬᠤ ᠨᠢ ᠵᠤᠨ ᠳᠠᠭᠠᠨ ᠭᠠᠩᠳᠠᠬᠤ ᠶᠢᠨ | ᠰᠢᠨᠵᠢ᠃ | — — ᠡᠪᠦᠯ ᠮᠣᠳᠣ ᠱᠤᠤᠭᠢᠵᠤ ᠪᠠᠶᠢᠪᠠᠯ ᠳᠤᠯᠠᠭᠠᠷᠠᠬᠤ ᠶᠢᠨ ᠰᠢᠨᠵᠢ᠃ | — — ᠠᠭᠤᠯᠠ ᠶᠢᠨ ᠮᠣᠳᠣ ᠳᠣᠣᠷ᠎ᠠ ᠲᠠᠯ᠎ᠠ ᠠᠴᠠ ᠪᠠᠨ ᠡᠬᠢᠯᠡᠨ ᠰᠢᠷᠠᠯᠠᠵᠣ ᠨᠠᠪᠴᠢ ᠰᠢᠯᠮᠦᠣᠰᠣ ᠨᠢ | ᠲᠦᠷᠭᠡᠨ ᠤᠨᠠᠪᠠᠯ ᠴᠠᠰᠤ ᠪᠠᠭ᠎ᠠ ᠲᠠᠢ ᠳᠤᠯᠠᠭᠠᠨ ᠡᠪᠦᠯ ᠪᠣᠯᠣᠨ᠎ᠠ᠃ ᠣᠷᠣᠢ ᠪᠠᠷ ᠢᠶᠠᠨ ᠡᠬᠢᠯᠡᠨ ᠰᠢᠷᠠᠯᠠᠵᠣ ᠨᠠᠪᠴᠢ | ᠰᠢᠯᠮᠦᠰᠦ ᠨᠢ ᠤᠳᠠᠭᠠᠨ ᠣᠶᠢᠴᠢᠪᠠᠯ ᠵᠣᠳᠷᠠᠬᠤ ᠪᠠᠶᠢᠬᠤ ᠶᠢᠨ ᠰᠢᠨᠵᠢ᠃ | — — ᠡᠪᠦᠯ ᠤᠢ ᠳᠤ ᠲᠠᠰ ᠨᠢᠰᠬᠢᠨ ᠲᠠᠴᠢᠬᠢᠨᠠᠬᠤ ᠨᠢ ᠬᠦᠢᠲᠡᠨ ᠡᠳᠦᠷ᠂ ᠨᠠᠮᠤᠷ ᠡᠶᠢᠨ ᠬᠦ ᠳᠤᠤᠭᠠᠷᠬᠤ | ᠠᠪᠠᠰᠣ ᠲᠣᠨᠣᠳᠠᠰᠣ ᠦᠭᠡᠢ ᠡᠳᠦᠷ ᠪᠣᠯᠣᠨ᠎ᠠ᠃ | — — ᠡᠪᠦᠯ ᠮᠣᠳᠣᠨ ᠤ ᠮᠥᠴᠢᠷ ᠳᠡᠭᠡᠷ᠎ᠡ ᠴᠠᠰᠤ ᠪᠠᠭ᠎ᠠ ᠪᠠᠶᠢᠪᠠᠯ ᠵᠤᠨ ᠨᠢ ᠤᠢ ᠳᠤ ᠮᠥᠭᠦ ᠵᠢᠮᠢᠰ ᠪᠠᠭ᠎ᠠ | ᠪᠠᠶᠢᠨ᠎ᠠ᠃ | — — ᠭᠠᠴᠣᠷ᠎ᠠ ᠶᠢᠨ ᠬᠠᠭᠤᠷᠠᠢ ᠮᠥᠴᠢᠷ ᠪᠦᠬᠦᠶᠢᠭᠰᠡᠨ ᠪᠠᠶᠢᠪᠠᠯ ᠰᠢᠭᠤᠷᠭ᠎ᠠ ᠪᠣᠯᠬᠤ ᠶᠢᠨ ᠳᠣᠬᠢᠶ᠎ᠠ᠃ | — — ᠰᠠᠯᠬᠢᠨ ᠳᠤ ᠮᠣᠳᠣᠨ ᠤ ᠨᠠᠪᠴᠢᠨ ᠤ ᠳᠡᠭᠡᠳᠦ ᠲᠠᠯ᠎ᠠ ᠨᠢ ᠳᠣᠭᠤᠭᠰᠢ ᠬᠠᠷᠠᠬᠤ ᠪᠤᠶᠤ ᠰᠠᠯᠬᠢ ᠦᠭᠡᠢ | ᠡᠳᠦᠷ ᠤᠨᠠᠪᠠᠯ ᠪᠣᠷᠤᠭ᠎ᠠ ᠣᠷᠣᠨ᠎ᠠ᠃ | — — ᠨᠠᠷᠠᠰᠤ ᠪᠣᠯᠣᠨ ᠭᠠᠴᠣᠷ᠎ᠠ ᠶᠢᠨ ᠮᠥᠴᠢᠷ ᠤᠨᠵᠢᠭᠰᠠᠨ ᠬᠠᠷᠠᠭᠳᠠᠪᠠᠯ ᠬᠤᠷ᠎ᠠ ᠣᠷᠣᠬᠤ ᠶᠢᠨ ᠳᠣᠬᠢᠶ᠎ᠠ᠃ | | — — ᠬᠤᠰᠤ ᠪᠣᠯᠣᠨ ᠴᠠᠷᠠᠰᠣᠨ ᠤ ᠨᠠᠪᠴᠢ ᠪᠦᠷᠢᠨ ᠭᠦᠪᠢᠭᠳᠡᠭᠡ ᠦᠭᠡᠢ ᠪᠣᠯ ᠬᠦᠢᠲᠡᠨ ᠡᠪᠦᠯ ᠪᠣᠯᠣᠨ᠎ᠠ᠃ | | — — ᠮᠣᠳᠣᠨ ᠤ ᠨᠠᠪᠴᠢ ᠶᠡᠷᠦᠳᠡ ᠶᠢᠨ ᠬᠢ ᠠᠴᠠ ᠪᠠᠨ ᠡᠷᠲᠡ ᠰᠢᠷᠠᠯᠠᠪᠠᠯ ᠡᠷᠲᠡ ᠨᠠᠮᠣᠷᠰᠢᠨᠠ᠃ ᠣᠷᠣᠢ | ᠰᠢᠷᠠᠯᠠᠪᠠᠯ ᠬᠠᠪᠤᠷ ᠣᠷᠣᠶᠢᠲᠠᠨᠠ᠃ | — — ᠬᠤᠰᠤ ᠠᠭᠴᠢ ︵ᠨᠠᠪᠴᠢ ᠵᠤᠯᠭᠠᠷᠠᠬᠤ ᠪᠠᠭᠠᠪᠲᠤᠷ ᠲᠤᠷᠤᠭ ᠮᠤᠳᠤ︶ ᠮᠣᠳᠣᠨ ᠠᠴᠠ ᠡᠷᠲᠡ | ᠨᠠᠪᠴᠢᠯᠠᠪᠠᠯ ᠬᠠᠭᠤᠷᠠᠶᠢᠬᠠᠨ᠂ ᠣᠷᠣᠶᠢᠲᠠᠪᠠᠯ ᠪᠣᠷᠣᠭᠠᠷᠬᠠᠭ ᠵᠤᠨ ᠪᠣᠯᠣᠨ᠎ᠠ᠃ | — — ᠠᠷᠪᠠᠳᠤᠭᠠᠷ ᠰᠠᠷ᠎ᠠ ᠶᠢᠨ ᠡᠬᠢᠨ ᠳᠤ ᠬᠤᠰᠤᠨ ᠤ ᠨᠠᠪᠴᠢ ᠤᠨᠠᠬᠤ ᠦᠭᠡᠢ ᠪᠣᠯ ᠴᠠᠰᠤ ᠣᠷᠣᠶᠢᠲᠠᠵᠤ | ᠣᠷᠣᠨ᠎ᠠ᠃ | — — ᠰᠠᠮᠤᠷ ᠶᠡᠭᠡ᠂ ᠮᠥᠭᠦ ᠪᠠᠭ᠎ᠠ ᠣᠷᠭᠤᠪᠠᠯ ᠴᠠᠰᠣᠷᠬᠠᠭ ᠬᠠᠲᠠᠭᠤ ᠡᠪᠦᠯ ᠪᠣᠯᠣᠨ᠎ᠠ᠃ | — — ᠵᠤᠨ ᠵᠢᠮᠢᠰ ᠡᠯᠪᠡᠭ ᠣᠷᠭᠤᠪᠠᠯ ᠬᠦᠢᠲᠡᠨ᠂ ᠪᠠᠭ᠎ᠠ ᠣᠷᠭᠤᠪᠠᠯ ᠲᠤᠬᠠᠢ ᠶᠢᠨ ᠨᠤᠲᠤᠭ ᠲᠤ ᠥᠩ ᠲᠠᠢ | ᠡᠪᠦᠯ ᠪᠣᠯᠣᠨ᠎ᠠ᠃ ᠬᠡᠪ ᠤᠨ ᠪᠠᠶᠢᠳᠠᠯ ᠲᠠᠢ ᠪᠣᠯ ᠥᠩ ᠲᠠᠢ ᠪᠠᠶᠢᠬᠤ ᠶᠢᠨ ᠰᠢᠨᠵᠢ᠃ | — — ᠡᠪᠡᠰᠦ ᠤᠷᠭᠤᠮᠠᠯ ᠡᠰᠢ ᠪᠠᠨ ᠤᠷᠭᠤᠵᠤ ᠭᠦᠢᠴᠡᠭᠡ ᠦᠭᠡᠢ ᠪᠠᠶᠢᠬᠤ ᠳᠤ ᠲᠣᠯᠣᠭᠠᠶᠢᠯᠠᠵᠤ ᠴᠡᠴᠡᠭᠯᠡᠬᠦ | ᠨᠢ ᠭᠠᠩᠳᠠᠭᠤ ᠪᠠᠶᠢᠬᠤ ᠶᠢᠨ ᠰᠢᠨᠵᠢ᠃ | — — ᠪᠡᠯᠴᠢᠭᠡᠷ ᠤᠨ ᠤᠷᠭᠤᠮᠠᠯ ᠡᠷᠲᠡ ᠬᠦᠷᠡᠩᠲᠡᠨ ᠲᠣᠯᠣᠭᠠᠶᠢᠯᠠᠪᠠᠯ ᠬᠠᠲᠠᠭᠤᠬᠠᠨ ᠡᠪᠦᠯ ᠪᠣᠯᠣᠨ᠎ᠠ᠃ | — — ᠬᠠᠵᠠᠭᠠᠷ ᠡᠪᠡᠰᠦ ᠶᠡᠭᠡ ᠣᠷᠭᠤᠪᠠᠯ ᠡᠪᠦᠯ ᠳᠡᠭᠡᠨ ᠴᠠᠰᠤ ᠶᠡᠭᠡ ᠤᠨᠠᠨ᠎ᠠ᠃ | — — ᠬᠢᠯᠭᠠᠨ᠎ᠠ ᠶᠡᠭᠡ ᠰᠢᠪᠡᠭᠡᠯᠡᠪᠡᠯ ᠶᠠᠯᠢᠮ ᠦᠭᠡᠢ ᠴᠠᠰᠤᠲᠠᠢ ᠡᠪᠦᠯ ᠲᠠᠢ ᠣᠴᠠᠷᠠᠬᠤ ᠶᠢᠨ ᠲᠡᠮᠳᠡᠭ᠃ | — — ᠭᠤᠣᠯ ᠤᠨ ᠴᠠᠬᠢᠯᠳᠠᠭ ᠡᠷᠲᠡ ᠴᠡᠴᠡᠭᠯᠡᠪᠡᠯ ᠵᠤᠨ ᠳᠠᠭᠠᠨ ᠭᠠᠩᠳᠠᠭᠤ ᠪᠠᠶᠢᠬᠤ ᠶᠢᠨ ᠳᠣᠬᠢᠶ᠎ᠠ᠃ | — — ᠴᠠᠭᠠᠨ ᠲᠦᠷᠦᠭᠦᠦ ᠶᠡᠭᠡ ᠤᠨᠠᠪᠠᠯ ᠵᠤᠨ ᠳᠠᠭᠠᠨ ᠭᠠᠩᠳᠠᠭᠤ ᠡᠪᠦᠯ ᠳᠡᠭᠡᠨ ᠵᠣᠳᠠᠷᠠᠭᠤ ᠪᠣᠯᠣᠨ᠎ᠠ᠃ | — — ᠠᠯᠲᠠᠨᠬᠤᠨᠳᠠᠭᠠ᠂ ᠬᠤᠩᠬᠤᠨ ᠴᠡᠴᠡᠭ᠂ ᠬᠠᠳᠠᠨ ᠤ ᠪᠤᠲᠠ ᠨᠠᠪᠴᠢ ᠪᠠᠨ ᠬᠤᠮᠢᠪᠠᠯ ᠪᠣᠷᠤᠭ᠎ᠠ | ᠣᠷᠣᠨ᠎ᠠ᠃ | — — ᠤᠷᠭᠤᠮᠠᠯ ᠭᠠᠩᠳᠠᠨ ᠰᠢᠷᠠᠯᠠᠭᠰᠠᠨ ᠤ ᠬᠤᠶᠢᠨ᠎ᠠ ᠡᠩᠭᠡᠷ ᠨᠥᠮᠥᠷᠢ ᠭᠠᠵᠠᠷ ᠢᠶᠠᠷ ᠨᠣᠭᠤᠭ᠎ᠠ ᠬᠡᠨᠵᠡᠯᠡᠨ | ᠣᠷᠭᠤᠪᠠᠯ ᠥᠩ ᠲᠠᠢ ᠡᠪᠦᠯ ᠪᠣᠯᠬᠤ ᠶᠢᠨ ᠰᠢᠨᠵᠢ᠃ | — — ᠠᠶᠢᠷᠠᠭ ᠤᠨ ᠴᠡᠴᠡᠭ ᠰᠥᠨᠢ ᠳᠡᠭᠡᠨ ᠳᠡᠯᠭᠡᠷᠡᠭᠰᠡᠨ ᠪᠠᠶᠢᠪᠠᠯ ᠪᠣᠷᠤᠭ᠎ᠠ ᠣᠷᠣᠨ᠎ᠠ᠃ | — — ᠤᠯᠢᠶᠠᠩᠭᠠᠷ ᠪᠤᠷᠭᠠᠰᠤ᠂ ᠲᠠᠣᠯᠠᠢ ᠶᠢᠨ ᠪᠥᠭᠡᠷ᠎ᠡ ᠠᠭᠴᠢ ᠮᠣᠳᠣᠨ ᠠᠴᠠ ᠰᠢᠭᠦᠰᠦ ᠢᠯᠭᠠᠷᠠᠵᠤ | ᠪᠠᠶᠢᠪᠠᠯ ᠤᠳᠠᠬᠤ ᠦᠭᠡᠢ ᠪᠣᠷᠤᠭ᠎ᠠ ᠣᠷᠣᠬᠤ ᠶᠢᠨ ᠳᠣᠬᠢᠶ᠎ᠠ᠃ | — — ᠭᠡᠷ ᠤᠨ ᠬᠤᠰᠢᠶᠠᠩᠭᠤᠷ ᠤᠨ ᠡᠰᠢ ᠴᠡᠭᠴᠡᠷᠡᠨ ᠪᠣᠰᠴᠤ᠂ ᠭᠢᠴᠢᠭᠡᠨᠡ ᠨᠠᠪᠴᠢ ᠪᠠᠨ ᠳᠡᠯᠭᠡᠬᠦ ᠨᠢ ᠲᠩᠷᠢ | ᠪᠦᠷᠬᠦᠵᠦ ᠬᠤᠷᠠᠰᠢᠬᠤ ᠶᠢᠨ ᠰᠢᠨᠵᠢ᠃ | — — ᠬᠤᠩᠭᠤᠷᠵᠤᠯᠠ᠂ ᠮᠣᠶᠢᠯ᠂ ᠲᠡᠰ ᠤᠨ ᠴᠡᠴᠡᠭ ᠳᠡᠭᠡᠷ᠎ᠡ ᠵᠥᠭᠡᠢ ᠳᠦᠩᠭᠢᠨᠡᠯᠳᠦᠨ ᠴᠤᠭᠯᠠᠬᠤ ᠨᠢ | ᠮᠠᠷᠭᠠᠰᠢ ᠲᠩᠷᠢ ᠰᠠᠶᠢᠬᠠᠨ ᠪᠠᠶᠢᠬᠤ ᠶᠢᠨ ᠰᠢᠨᠵᠢ᠃ | — — ᠪᠠᠭᠠᠪᠠᠭᠠᠢ ᠴᠡᠴᠡᠭ ᠶᠡᠭᠡ ᠣᠷᠭᠤᠪᠠᠯ ᠪᠣᠷᠤᠭ᠎ᠠ ᠬᠤᠪᠣᠷ᠂ ᠵᠤᠨᠰᠢᠯᠭᠠ ᠮᠠᠭᠤ ᠪᠣᠯᠬᠤ ᠶᠢᠨ ᠰᠢᠨᠵᠢ᠃ | — — ᠬᠠᠩᠭᠠᠢ ᠳᠤ ᠵᠤᠨ ᠤ ᠡᠬᠢᠨ ᠰᠠᠷ᠎ᠠ ᠳᠤ ᠵᠢᠵᠢᠭ ᠴᠠᠭᠠᠨ ᠴᠡᠴᠡᠭ ᠡᠯᠪᠡᠭ ᠣᠷᠭᠤᠪᠠᠯ ᠬᠤᠷ᠎ᠠ ᠲᠠᠢ | ᠪᠠᠶᠢᠬᠤ ᠶᠢᠨ ᠰᠢᠨᠵᠢ᠃ | — — ᠪᠠᠭᠠᠪᠠᠭᠠᠢ ᠬᠤᠩᠬᠤᠨ ᠴᠡᠴᠡᠭ ᠳᠡᠯᠪᠢ ᠪᠠᠨ ᠳᠡᠯᠭᠡᠭᠰᠡᠨ ᠪᠠᠶᠢᠪᠠᠯ ᠲᠩᠷᠢ ᠰᠠᠶᠢᠬᠠᠨ ᠪᠣᠯᠣᠨ᠎ᠠ᠃ | — — ᠯᠣᠣᠯᠢ ᠰᠢᠷᠠᠯᠵᠢ ᠥᠨᠳᠥᠷ ᠣᠷᠭᠤᠪᠠᠯ ᠡᠪᠦᠯ ᠴᠠᠰᠤ ᠶᠡᠭᠡ ᠤᠨᠠᠬᠤ ᠶᠢᠨ ᠰᠢᠨᠵᠢ᠃ | — — ᠪᠠᠭᠠᠪᠠᠭᠠᠢ ᠴᠡᠴᠡᠭ ᠡᠷᠲᠡ ᠴᠡᠴᠡᠭᠯᠡᠪᠡᠯ ᠵᠤᠨ ᠪᠣᠭᠤᠨᠢ ᠪᠣᠯᠣᠨ᠎ᠠ᠃ | — — ᠣᠢ ᠶᠢᠨ ᠢᠷᠭᠤᠢ ᠬᠡᠭᠡᠷ᠎ᠡ ᠲᠠᠯ᠎ᠠ ᠭᠠᠵᠠᠷ ᠵᠢᠷ ᠤᠨ ᠬᠢ ᠠᠴᠠ ᠥᠨᠳᠥᠷ ᠡᠰᠢ ᠲᠠᠢ ᠤᠷᠭᠤᠬᠤ ᠨᠢ | ᠡᠪᠦᠯ ᠠᠭᠤᠯᠠᠨ ᠳᠠᠭᠠᠨ ᠶᠠᠭ ᠦᠭᠡᠢ ᠴᠠᠰᠤ ᠣᠷᠣᠬᠤ ᠶᠢᠨ ᠰᠢᠨᠵᠢ᠃ | — — ᠡᠪᠡᠰᠦᠨ ᠤ ᠰᠥᠯ ᠡᠷᠲᠡ ᠠᠷᠢᠯᠪᠠᠯ ᠬᠠᠲᠠᠭᠤᠬᠠᠨ ᠡᠪᠦᠯ ᠪᠣᠯᠣᠨ᠎ᠠ᠃ ᠨᠠᠷᠠ᠂ ᠣᠳᠣ᠂ ᠰᠠᠷ᠎ᠠ | — — ᠥᠷᠯᠥᠭᠡᠨ ᠤ ᠨᠠᠷᠠ ᠶᠡᠷᠦᠳᠡ ᠶᠢᠨ ᠬᠢ ᠠᠴᠠ ᠲᠣᠮᠣ ᠶᠤᠮ ᠰᠢᠭ᠋ ᠮᠥᠷᠲᠡᠯ᠎ᠡ ᠪᠠᠨ ᠤᠯᠠᠭᠠᠨ ᠬᠦᠷᠡᠩ | ᠥᠩᠭᠡ ᠲᠠᠢ᠂ ᠡᠭ᠍ᠴᠡ ᠳᠡᠭᠡᠭᠰᠢ ᠪᠠᠨ ᠰᠠᠴᠣᠷᠠᠭ ᠲᠠᠢ ᠦᠵᠡᠭᠳᠡᠪᠡᠯ ᠵᠤᠨ ᠪᠣᠯ ᠪᠣᠷᠤᠭ᠎ᠠ᠂ ᠡᠪᠦᠯ ᠪᠣᠯ ᠴᠠᠰᠤ | ᠣᠷᠣᠬᠤ ᠶᠢᠨ ᠰᠢᠨᠵᠢ᠃ — — ᠨᠠᠷᠠ ᠮᠠᠨᠳᠤᠬᠤ ᠦᠶ᠎ᠡ ᠪᠠᠷ ᠮᠠᠨᠠᠨ ᠲᠠᠢ ᠪᠠᠶᠢᠪᠠᠯ ᠡᠳᠦᠷ ᠲᠡᠭᠡᠨ ᠴᠡᠯᠮᠡᠭ | ᠪᠦᠭᠴᠢᠮ ᠪᠣᠯᠣᠨ᠎ᠠ᠃ | — — ᠥᠷᠯᠥᠭᠡ ᠲᠩᠷᠢ ᠴᠡᠯᠮᠡᠭ᠂ ᠨᠠᠷᠠ ᠲᠣᠰᠣᠨ ᠴᠠᠭᠠᠨ᠂ ᠰᠠᠴᠤᠷᠠᠭ ᠨᠢ ᠬᠤᠷᠴᠠ ᠪᠠᠶᠢᠪᠠᠯ | ᠡᠳᠦᠷ ᠲᠡᠭᠡᠨ ᠲᠩᠷᠢ ᠮᠠᠭᠤᠳᠠᠬᠤ ᠦᠭᠡᠢ᠃ | — — ᠣᠷᠣᠢ ᠳᠠᠭᠠᠨ ᠨᠠᠷᠠ ᠶᠠᠭᠠᠪᠲᠤᠷ ᠠᠯᠲᠠᠨ ᠰᠢᠷᠭᠠᠯ ᠥᠩᠭᠡ ᠲᠠᠢ ᠪᠠᠶᠢᠭᠠᠳ ᠨᠣᠭᠤᠭᠠᠪᠲᠤᠷ ᠪᠣᠯᠵᠤ | ᠵᠢᠷᠭᠠᠪᠠᠯ ᠮᠠᠷᠭᠠᠰᠢ ᠨᠢ ᠬᠤᠷ᠎ᠠ ᠲᠣᠨᠣᠳᠠᠰᠣ ᠦᠭᠡᠢ᠂ ᠰᠥᠨᠢ ᠳᠡᠭᠡᠨ ᠬᠦᠢᠲᠡᠨ ᠰᠡᠷᠢᠭᠦᠨ ᠪᠠᠶᠢᠬᠤ ᠪᠣᠯᠪᠠᠴᠤ ᠲᠩᠷᠢ | ᠠᠶᠠᠲᠠᠶᠢᠬᠠᠨ ᠪᠠᠶᠢᠨ᠎ᠠ᠃ | — — ᠨᠠᠷᠠ ᠤᠯᠠᠪᠣᠷ ᠥᠩᠭᠡ ᠲᠠᠢ ᠵᠢᠷᠭᠠᠬᠤ ᠪᠤᠶᠤ ᠰᠢᠩᠭᠡᠬᠦ ᠦᠶ᠎ᠡ ᠳᠤ ᠲᠡᠭᠷᠢ ᠶᠢᠨ ᠬᠠᠶᠠᠭᠠᠨ᠎ᠠ ᠨᠢᠭᠡ | ᠴᠡᠭ ᠢᠶᠠᠨ ᠲᠠᠯ᠎ᠠ ᠲᠠᠯ᠎ᠠ ᠲᠡᠰᠢ ᠪᠠᠨ ᠰᠠᠴᠤᠷᠠᠭᠰᠠᠨ ᠮᠡᠲᠦ ᠰᠡᠮᠡᠵᠢᠨ ᠡᠭᠦᠯᠡᠲᠡᠢ ᠬᠠᠷᠠᠭᠳᠠᠪᠠᠯ ᠲᠩᠷᠢ ᠮᠠᠭᠤᠳᠠᠬᠤ ᠶᠢᠨ | ᠂ ᠨᠠᠷᠠ ᠲᠣᠳᠣ ᠶᠠᠭᠠᠨ ᠥᠩᠭᠡ ᠲᠠᠢ ᠵᠢᠷᠭᠠᠪᠠᠯ ᠬᠦᠴᠦᠲᠡᠢ ᠰᠠᠯᠬᠢ ᠬᠥᠳᠡᠯᠬᠦ ᠶᠢᠨ ᠳᠣᠬᠢᠶ᠎ᠠ᠃ | — — ᠨᠠᠷᠠ ᠮᠠᠨᠳᠤᠬᠤ ᠵᠢᠷᠭᠠᠬᠤ ᠦᠶ᠎ᠡ ᠳᠤ ᠬᠤᠶᠠᠷ ᠲᠠᠯ᠎ᠠ ᠪᠠᠷ ᠨᠢ ᠦᠩᠭᠡᠲᠦ ᠪᠠᠭᠠᠨ᠎ᠠ ᠲᠠᠲᠠᠵᠤ | ᠦᠵᠡᠭᠳᠡᠪᠡᠯ ᠡᠬᠢᠨ ᠳᠡᠭᠡᠨ ᠬᠦᠢᠲᠡᠷᠡᠨ᠎ᠡ᠃ | — — ᠲᠩᠷᠢ ᠪᠦᠷᠬᠦᠭ ᠪᠠᠶᠢᠭᠰᠠᠨ ᠢᠶᠠᠨ ᠨᠠᠷᠠ ᠰᠢᠩᠭᠡᠬᠦ ᠦᠶ᠎ᠡ ᠳᠤ ᠲᠡᠭᠷᠢ ᠶᠢᠨ ᠪᠠᠷᠠᠭᠤᠨ ᠬᠡᠰᠡᠭ ᠡᠭᠦᠯᠡ | ᠦᠭᠡᠢ ᠪᠣᠯᠪᠠᠯ ᠴᠠᠭ ᠵᠣᠬᠢᠷᠠᠨ᠎ᠠ᠃ | — — ᠨᠠᠷᠠ ᠤᠯᠠᠶᠢᠷᠠᠨ ᠡᠭᠦᠯᠡᠨ ᠤ ᠴᠠᠭᠠᠨ᠎ᠠ ᠣᠷᠣᠵᠤ ᠲᠣᠰᠣᠷᠠᠨ ᠵᠢᠷᠭᠠᠪᠠᠯ ᠵᠤᠨ ᠤ ᠴᠠᠭ ᠲᠤ ᠪᠣᠷᠤᠭ᠎ᠠ | ᠣᠷᠣᠵᠤ ᠰᠠᠯᠬᠢᠯᠠᠬᠤ ᠡᠪᠦᠯ ᠴᠠᠰᠤᠨ ᠰᠢᠭᠤᠷᠭ᠎ᠠ ᠲᠠᠯᠪᠢᠨ᠎ᠠ᠃ | — — ᠨᠠᠷᠠ ᠵᠢᠷᠭᠠᠬᠤ ᠦᠶ᠎ᠡ ᠠᠴᠠ ᠡᠭᠦᠯᠡᠰ ᠰᠠᠷᠨᠢᠵᠤ ᠬᠡᠯᠪᠡᠷᠢ ᠳᠦᠷᠰᠦ ᠪᠠᠨ ᠠᠯᠳᠠᠪᠠᠯ ᠰᠥᠨᠢ ᠳᠡᠭᠡᠨ | ᠪᠣᠷᠤᠭ᠎ᠠ ᠣᠷᠣᠨ᠎ᠠ᠃ | — — ᠨᠠᠷᠠ ᠰᠠᠷ᠎ᠠ ᠬᠦᠷᠢᠶᠡᠯᠡᠬᠦ ᠪᠤᠶᠤ ᠭᠤᠷᠪᠠᠨ ᠨᠠᠷᠠ ᠭᠠᠷᠪᠠᠯ ᠰᠠᠯᠬᠢ ᠰᠢᠷᠦᠭᠦᠰᠴᠦ ᠲᠩᠷᠢ ᠪᠦᠷᠬᠦᠨ | ᠬᠤᠷ᠎ᠠ ᠲᠤᠨᠤᠳᠠᠰᠤ ᠤᠨᠠᠵᠣ ᠬᠦᠢᠲᠡᠷᠡᠨ᠎ᠡ᠃ ᠬᠦᠷᠢᠶᠡᠨ ᠤ ᠬᠡᠮᠵᠢᠶ᠎ᠡ ᠵᠢᠵᠢᠭᠷᠡᠪᠡᠯ ᠤᠳᠠᠯ ᠦᠭᠡᠢ ᠬᠤᠷ᠎ᠠ ᠲᠤᠨᠤᠳᠠᠰᠤ | ᠣᠷᠣᠨ᠎ᠠ᠃ ᠲᠣᠮᠣᠷᠠᠪᠠᠯ ᠬᠤᠷ᠎ᠠ ᠲᠤᠨᠤᠳᠠᠰᠤ ᠬᠤᠯᠠᠳᠣᠨᠠ᠃ | — — ᠰᠠᠷ᠎ᠠ ᠰᠢᠨ᠎ᠡ ᠶᠢᠨ ᠭᠤᠷᠪᠠᠨ ᠤ ᠣᠷᠴᠢᠮ ᠮᠢᠬᠠᠯᠢᠭᠳᠠᠭᠤ ᠥᠩᠭᠡ ᠨᠢ ᠤᠯᠠᠪᠣᠷ ᠴᠠᠭᠠᠨ ᠬᠤᠶᠠᠷ | ᠦᠵᠦᠭᠦᠷ ᠨᠢ ᠮᠣᠬᠤᠭᠤ ᠬᠢᠷᠢᠨ ᠢᠶᠠᠨ ᠪᠣᠰᠤᠭ᠎ᠠ ᠦᠵᠡᠭᠳᠡᠪᠡᠯ ᠲᠡᠷᠡ ᠰᠠᠷ᠎ᠠ ᠳᠠᠭᠠᠨ ᠬᠤᠷ᠎ᠠ ᠲᠤᠨᠤᠳᠠᠰᠤ ᠤᠨᠠᠵᠣ | ᠰᠠᠯᠬᠢ ᠰᠢᠭᠤᠷᠭ᠎ᠠ ᠪᠣᠯᠬᠤ ᠨᠢ ᠬᠤᠪᠣᠷ᠃ | — — ᠰᠠᠷ᠎ᠠ ᠶᠡᠷᠦᠳᠡ ᠶᠢᠨ ᠬᠢ ᠠᠴᠠ ᠲᠣᠮᠣ ᠶᠤᠮ ᠰᠢᠭ᠋ ᠮᠥᠷᠲᠡᠯ᠎ᠡ ᠪᠠᠨ ᠤᠯᠠᠭᠠᠨ ᠲᠤᠶᠠᠭ᠎ᠠ ᠲᠠᠢ ᠪᠠᠶᠢᠪᠠᠯ | ᠬᠤᠷ᠎ᠠ ᠪᠠᠭᠤᠬᠤ ᠶᠢᠨ ᠲᠡᠮᠳᠡᠭ᠃ | — — ᠠᠷᠪᠠᠨ ᠲᠠᠪᠤᠨ ᠤ ᠰᠠᠷ᠎ᠠ ᠲᠣᠳᠣ ᠮᠠᠨᠳᠣᠪᠠᠯ ᠡᠳᠦᠷ ᠰᠠᠶᠢᠬᠠᠨ ᠪᠣᠯᠬᠤ ᠶᠢᠨ ᠰᠢᠨᠵᠢ᠃ ᠰᠠᠷ᠎ᠠ | ᠮᠡᠴᠢᠳ ᠤᠨ ᠳᠣᠬᠢᠶ᠎ᠠ ᠪᠠᠷ ᠶᠡᠭᠡ ᠶᠢ ᠰᠢᠨᠵᠢᠳᠡᠭ᠃ ᠰᠠᠷᠠᠨ ᠤ ᠵᠡᠷᠭᠡᠯᠳᠡᠭᠡ ᠪᠠᠶᠢᠷᠢᠯᠠᠬᠤ ᠮᠡᠴᠢᠳ ︵ᠣᠳᠣ︶ | ᠲᠡᠭᠦᠨ ᠤ ᠳᠡᠭᠡᠭᠦᠷ ᠪᠤᠶᠤ ᠳᠣᠣᠭᠤᠷ ᠦᠩᠭᠡᠷᠡᠬᠦ ᠶᠢ ᠡᠶᠢᠨ ᠬᠦ ᠨᠡᠷᠡᠯᠡᠳᠡᠭ᠃ ᠰᠠᠷ᠎ᠠ ᠳᠤ 4 ᠤᠳᠠᠭ᠎ᠠ | ᠲᠣᠬᠢᠶᠠᠯᠳᠤᠨ᠎ᠠ᠃ ᠮᠡᠴᠢᠳ ᠳᠣᠬᠢᠶᠠᠯᠠᠭᠠ ᠪᠣᠯᠬᠤ ᠠᠴᠠ 2-3 ᠬᠤᠨᠤᠭ ᠤᠨ ᠡᠮᠦᠨ᠎ᠡ ᠰᠠᠷᠠᠨ ᠤ ᠬᠠᠵᠠᠭᠤᠬᠠᠨ ᠳᠤ | ᠪᠠᠶᠢᠭ᠎ᠠ ᠨᠢ ᠡᠩ ᠤᠨ ᠨᠢᠳᠦᠨ ᠳᠤ ᠦᠵᠡᠭᠳᠡᠳᠡᠭ᠃ ᠮᠡᠴᠢᠳ ᠰᠠᠷᠠᠨ ᠤ ᠳᠡᠭᠡᠭᠦᠷ ᠣᠶᠢᠷᠠᠬᠠᠨ ᠥᠩᠭᠡᠷᠡᠪᠡᠯ ᠲᠡᠷᠡ | ᠰᠠᠷ᠎ᠠ ᠳᠠᠭᠠᠨ ᠬᠤᠷ᠎ᠠ ᠲᠤᠨᠤᠳᠠᠰᠤ᠂ ᠰᠠᠯᠬᠢ ᠰᠢᠭᠤᠷᠭ᠎ᠠ ᠶᠡᠬᠡᠰᠦᠨ᠎ᠡ᠃ ᠡᠭᠦᠨ ᠢ ᠮᠡᠴᠢᠳ ᠰᠠᠷᠠᠨ ᠳᠡᠭᠡᠷ᠎ᠡ ︽ | ᠰᠢᠭᠡᠭᠡᠯᠡ︾ ᠭᠡᠵᠦ ᠨᠡᠷᠡᠯᠡᠬᠦ ᠴᠦ ᠪᠤᠢ᠃ ᠬᠠᠷᠢᠨ ᠣᠳᠣ ᠰᠠᠷᠠᠨ ᠤ ᠳᠣᠣᠭᠤᠷ᠂ ᠬᠤᠯᠠᠭᠤᠷ ᠥᠩᠭᠡᠷᠡᠪᠡᠯ | ᠰᠠᠷ᠎ᠠ ᠳᠠᠭᠠᠨ ᠬᠤᠷ᠎ᠠ ᠲᠤᠨᠤᠳᠠᠰᠤ ᠪᠠᠭ᠎ᠠ᠂ ᠰᠠᠯᠬᠢ ᠰᠢᠭᠤᠷᠭ᠎ᠠ ᠪᠣᠯᠬᠤ ᠨᠢ ᠬᠤᠪᠣᠷ᠂ ᠨᠠᠮᠳᠠᠭᠤ ᠪᠠᠶᠢᠨ᠎ᠠ᠃ | — — ᠡᠪᠦᠯ ᠤᠨ ᠲᠡᠷᠢᠭᠦᠨ ᠰᠠᠷ᠎ᠠ ᠳᠤ ᠰᠠᠷ᠎ᠠ᠂ ᠮᠡᠴᠢᠳ ᠤᠨ ᠳᠣᠬᠢᠶᠠᠯᠠᠭᠠ ᠶᠢᠨ ᠡᠮᠦᠨ᠎ᠡ ᠲᠩᠷᠢ ᠮᠠᠭᠤᠲᠠᠪᠠᠯ | ᠴᠠᠭ ᠬᠠᠲᠠᠭᠤᠷᠠᠨ᠎ᠠ᠃ | — — ᠶᠢᠰᠦᠨ ᠶᠢᠰᠦ᠂ ᠳ᠋ᠦᠩ ᠣᠷᠣᠬᠤ᠂ ᠢᠴᠢᠭᠰᠡᠳ ᠬᠥᠳᠡᠯᠬᠦ᠂ ᠬᠠᠩᠰᠢ ᠨᠡᠭᠡᠭᠡᠬᠦ᠂ ᠨᠠᠷᠠ ᠭᠤᠣᠯᠯᠠᠬᠤ᠂ | ᠪᠤᠴᠠᠬᠤ ᠦᠶ᠎ᠡ ᠳᠤ ᠲᠩᠷᠢ ᠮᠠᠭᠤᠳᠠᠵᠤ ᠬᠦᠢᠲᠡᠷᠡᠬᠦ ᠪᠤᠶᠤ ᠴᠠᠰᠤ ᠪᠣᠷᠤᠭ᠎ᠠ ᠵᠠᠪᠠᠯ ᠣᠷᠣᠳᠠᠭ ᠭᠡᠯᠴᠡᠨ᠎ᠡ᠃ | — — ᠬᠠᠪᠤᠷ ᠨᠠᠮᠤᠷ ᠤᠨ ᠡᠳᠦᠷ ᠰᠦᠨᠢ ᠶᠢᠨ ᠲᠡᠩᠴᠡᠯ ᠤᠨ ᠦᠶ᠎ᠡ ᠳᠤ ᠲᠩᠷᠢ ᠮᠠᠭᠤᠬᠠᠶᠢᠷᠠᠵᠤ ᠴᠠᠰᠤ | ᠪᠣᠷᠤᠭ᠎ᠠ ᠣᠷᠣᠵᠤ᠂ ᠰᠠᠯᠬᠢᠯᠠᠬᠤ ᠨᠢ ᠣᠯᠠᠨ ᠲᠠᠢ᠃ | — — ᠲᠡᠭᠷᠢ ᠶᠢᠨ ᠵᠠᠭᠠᠳᠠᠰᠤ ᠨᠠᠮᠤᠷ ᠤᠨ ᠠᠳᠠᠭ ᠰᠠᠷ᠎ᠠ ᠶᠢᠨ ᠰᠢᠨ᠎ᠡ ᠶᠢᠨ ᠶᠢᠰᠦᠨ ᠳᠤ ᠠᠯᠠᠭ᠎ᠠ ᠪᠣᠯᠵᠤ᠂ 7 | ᠬᠤᠨᠤᠭ ᠤᠨ ᠳᠣᠲᠣᠷ᠎ᠠ ᠭᠠᠷᠴᠤ ᠢᠷᠠᠪᠠᠯ ᠦᠩ ᠪᠣᠯᠣᠨ᠎ᠠ᠃ ᠡᠭᠦᠯᠡ | — — ᠦᠳᠡᠰᠢ ᠶᠢᠨ ᠡᠭᠦᠯᠡ ᠵᠢᠪᠡᠬᠡᠢ ᠰᠠᠭᠠᠷᠠᠯ ᠥᠩᠭᠡ ᠲᠠᠢ ᠪᠠᠶᠢᠪᠠᠯ ᠢᠷᠡᠬᠦ ᠡᠳᠦᠷ ᠲᠩᠷᠢ ᠮᠠᠭᠤᠳᠠᠨ᠎ᠠ᠃ | — — ᠵᠤᠨ ᠤ ᠴᠠᠭ ᠲᠤ ᠵᠢᠷᠭᠠᠬᠤ ᠨᠠᠷᠠᠨ ᠤ ᠵᠦᠭ ᠤᠨ ᠡᠭᠦᠯᠡᠰ ᠬᠤᠶᠢᠲᠤ ᠲᠠᠯ᠎ᠠ ᠪᠠᠷ ᠢᠶᠠᠨ ᠣᠯᠠᠶᠢᠷᠠᠪᠠᠯ | ᠬᠢᠷᠠᠭᠤ ᠤᠨᠠᠵᠣ ᠬᠦᠢᠲᠡᠷᠡᠬᠦ ᠶᠢᠨ ᠰᠢᠨᠵᠢ᠃ | — — ᠦᠳᠡᠰᠢ ᠶᠢᠨ ᠪᠦᠷᠦᠢ ᠪᠠᠷ ᠡᠭᠦᠯᠡ ᠵᠡᠭᠦᠨ ᠠᠴᠠ ᠬᠤᠶᠢᠰᠢ ᠨᠡᠭᠦᠪᠡᠯ ᠬᠦᠴᠦᠲᠡᠢ ᠰᠠᠯᠬᠢᠯᠠᠨ᠎ᠠ᠃ | — — ᠥᠷᠯᠥᠭᠡᠨ ᠤ ᠮᠠᠨᠠᠨ ᠳᠡᠭᠡᠭᠰᠢ ᠬᠦᠭᠡᠷᠦᠯ ᠦᠭᠡᠢ ᠭᠠᠵᠠᠷ ᠳᠡᠭᠡᠷ᠎ᠡ ᠪᠠᠨ ᠵᠠᠮᠬᠠᠷᠠᠪᠠᠯ ᠲᠩᠷᠢ ᠴᠡᠯᠮᠡᠨ᠎ᠡ᠃ | ᠳᠡᠭᠡᠭᠰᠢ ᠬᠥᠭᠡᠷᠴᠦ ᠡᠭᠦᠯᠡ ᠪᠣᠯᠪᠠᠯ ᠪᠣᠷᠣᠭᠠᠰᠢᠨᠠ᠃ | — — ᠡᠭᠦᠯᠡᠨ ᠤ ᠲᠣᠯᠣᠭᠠᠢ ᠬᠤᠶᠢᠰᠢ ᠪᠠᠨ ᠪᠦᠬᠦᠶᠢᠭᠰᠡᠨ ᠶᠠᠩᠵᠤ ᠲᠠᠢ ᠥᠳᠬᠡᠨ ᠬᠠᠷ᠎ᠠ ᠪᠠᠶᠢᠪᠠᠯ ᠬᠤᠷ᠎ᠠ | ᠲᠤᠨᠤᠳᠠᠰᠤ ᠣᠷᠣᠬᠤ ᠶᠢᠨ ᠰᠢᠨᠵᠢ᠃ | — — ᠬᠤᠶᠢᠨ᠎ᠠ ᠠᠴᠠ ᠪᠠᠨ ᠰᠠᠯᠬᠢ ᠲᠠᠢ ᠡᠭᠦᠯᠡ ᠦᠭᠡᠢ ᠪᠣᠯ ᠬᠦᠢᠲᠡᠨ ᠤ ᠡᠷᠴᠢ ᠴᠢᠩᠭᠠᠷᠠᠨ᠎ᠠ᠃ | — — ᠡᠭᠦᠯᠡ ᠰᠠᠯᠬᠢᠨ ᠤ ᠡᠰᠡᠷᠭᠦ ᠨᠡᠭᠦᠵᠦ ᠪᠠᠶᠢᠪᠠᠯ ᠬᠤᠷ᠎ᠠ ᠣᠷᠣᠬᠤ ᠶᠢᠨ ᠳᠣᠬᠢᠶ᠎ᠠ᠃ | — — ᠡᠭᠦᠯᠡ ᠥᠭᠡᠳᠡ ᠥᠭᠡᠳᠡ ᠠᠴᠠ ᠨᠡᠭᠦᠵᠦ ᠪᠠᠶᠢᠪᠠᠯ ᠲᠩᠷᠢ ᠤᠷᠲᠤ ᠬᠤᠭᠤᠴᠠᠭ᠎ᠠ ᠪᠠᠷ ᠲᠠᠪᠠ | ᠦᠭᠡᠶᠢᠲᠡᠨᠡ᠃ | — — ᠡᠭᠦᠯᠡ ᠵᠤᠷᠪᠤᠰ ᠪᠠᠶᠢᠳᠠᠯ ᠲᠠᠢ ᠪᠠᠶᠢᠪᠠᠯ ᠵᠤᠨ ᠪᠣᠷᠣᠭᠠᠨ ᠲᠠᠢ ᠡᠪᠦᠯ ᠳᠤᠯᠠᠭᠠᠪᠲᠤᠷ ᠡᠳᠦᠷ ᠪᠣᠯᠣᠨ᠎ᠠ᠃ | | — — ᠥᠷᠯᠥᠭᠡᠭᠦᠷ ᠲᠩᠷᠢ ᠴᠡᠯᠮᠡᠭ ᠪᠠᠶᠢᠭᠰᠠᠨ ᠢᠶᠠᠨ ᠤᠳᠠᠵᠤ ᠲᠦᠳᠡᠯ ᠦᠭᠡᠢ ᠡᠨᠡ ᠲᠡᠨᠳᠡ ᠬᠡᠰᠡᠭ ᠪᠥᠭᠡᠨ | ᠴᠠᠭᠠᠨ ᠡᠭᠦᠯᠡ ᠭᠠᠷᠤᠭᠰᠠᠨ ᠢᠶᠠᠨ ᠦᠳᠡ ᠠᠴᠠ ᠬᠤᠶᠢᠰᠢ ᠵᠠᠮᠬᠠᠷᠠᠪᠠᠯ ᠣᠶᠢᠷ᠎ᠠ ᠶᠢᠨ ᠨᠢᠭᠡ᠂ ᠬᠤᠶᠠᠷ | ᠬᠤᠨᠤᠭ ᠲᠠᠭᠠᠨ ᠲᠩᠷᠢ ᠰᠠᠶᠢᠬᠠᠨ ᠪᠠᠶᠢᠨ᠎ᠠ᠃ | — — ᠥᠷᠯᠥᠭᠡ ᠠᠴᠠ ᠡᠬᠢᠯᠡᠨ ᠪᠤᠬ᠎ᠠ ᠮᠠᠨᠳᠠᠯ ᠤᠨ ᠡᠭᠦᠯᠡ ᠭᠠᠷᠴᠤ ᠤᠯᠠᠮ ᠥᠰᠦᠨ ᠨᠢᠭᠲᠠᠷᠠᠵᠤ ᠡᠬᠢᠯᠡᠪᠡᠯ | ᠲᠩᠷᠢ ᠡᠪ ᠦᠭᠡᠶᠢᠲᠡᠬᠦ ᠶᠢᠨ ᠰᠢᠨᠵᠢ᠃ | — — ᠵᠤᠨ ᠨᠠᠷᠠ ᠮᠠᠨᠳᠣᠭᠰᠠᠨ ᠤ ᠳᠠᠷᠠᠭ᠎ᠠ ᠬᠡᠰᠡᠭ ᠬᠡᠰᠡᠭ ᠪᠥᠭᠡᠨ ᠴᠠᠭᠠᠨ ᠡᠭᠦᠯᠡ ᠭᠠᠷᠴᠤ᠂ ᠤᠯᠠᠮ ᠢᠶᠠᠷ | ᠳᠡᠭᠡᠭᠰᠢ ᠣᠭᠰᠢᠭᠰᠠᠭᠠᠷ ᠪᠣᠷᠣᠭᠠᠨ ᠤ ᠪᠥᠭᠡᠨ ᠡᠭᠦᠯᠡᠨ ᠳᠤ ᠰᠢᠯᠵᠢᠵᠦ ᠲᠩᠷᠢ ᠪᠦᠷᠬᠦᠪᠡᠯ ᠠᠭᠠᠳᠠᠷ ᠪᠣᠷᠤᠭ᠎ᠠ᠂ | ᠮᠥᠨᠳᠥᠷ ᠣᠷᠣᠬᠤ ᠶᠢᠨ ᠰᠢᠨᠵᠢ᠃ — — ᠡᠳᠦᠷ ᠳᠠᠪᠬᠤᠷᠭᠠᠲᠤ ᠡᠭᠦᠯᠡ ᠭᠠᠷᠴᠤ᠂ ᠠᠭᠠᠵᠢᠮ ᠢᠶᠠᠷ ᠲᠡᠭᠷᠢ ᠶᠢ | ᠪᠦᠷᠬᠦᠨ ᠤᠯᠠᠮ ᠢᠶᠠᠷ ᠨᠢᠭᠲᠠᠷᠠᠨ ᠵᠤᠵᠠᠭᠠᠷᠠᠵᠤ᠂ ᠤᠯᠠᠮ ᠢᠶᠠᠷ ᠳᠣᠭᠤᠭᠰᠢᠯᠠᠨ ᠪᠣᠷᠣᠭᠠᠨ ᠤ ᠳᠠᠪᠬᠤᠷᠭᠠᠲᠤ ᠡᠭᠦᠯᠡ | ᠪᠣᠯᠪᠠᠯ ᠵᠤᠨ ᠵᠦᠰᠡ ᠪᠣᠷᠤᠭ᠎ᠠ᠂ ᠡᠪᠦᠯ ᠴᠠᠰᠤ ᠣᠷᠣᠬᠤ ᠶᠢᠨ ᠰᠢᠨᠵᠢ ᠮᠥᠨ᠃ | — — ᠡᠭᠦᠯᠡ ᠲᠦᠷᠭᠡᠨ ᠨᠡᠬᠦᠵᠦ ᠪᠠᠶᠢᠪᠠᠯ ᠰᠠᠯᠬᠢᠯᠠᠬᠤ ᠶᠢᠨ᠂ ᠵᠤᠨ ᠡᠭᠦᠯᠡ ᠳᠣᠷᠣᠭᠰᠢᠯᠠᠪᠠᠯ ᠪᠣᠷᠤᠭ᠎ᠠ | ᠣᠷᠣᠬᠤ ᠶᠢᠨ᠂ ᠡᠪᠦᠯ ᠪᠣᠯ ᠬᠦᠢᠲᠡᠷᠡᠵᠦ ᠴᠠᠰᠤ ᠣᠷᠣᠬᠤ ᠶᠢᠨ᠂ ᠡᠭᠦᠯᠡ ᠥᠨᠳᠥᠷ ᠲᠤ ᠪᠠᠶᠢᠪᠠᠯ ᠲᠩᠷᠢ ᠰᠠᠶᠢᠬᠠᠨ | ᠪᠣᠯᠬᠤ ᠶᠢᠨ ᠰᠢᠨᠵᠢ᠃ | — — ᠨᠠᠷᠠ ᠵᠢᠷᠭᠠᠬᠤ ᠶᠢᠨ ᠡᠮᠦᠨ᠎ᠡ ᠵᠤᠨ ᠡᠭᠦᠯᠡ ᠣᠯᠠᠶᠢᠪᠠᠯ ᠮᠠᠷᠭᠠᠰᠢ ᠨᠢ ᠪᠣᠷᠤᠭ᠎ᠠ ᠲᠠᠢ ᠶᠢᠨ᠂ ᠬᠡᠷᠪᠡ | ᠨᠠᠷᠠ ᠵᠢᠷᠭᠠᠭᠰᠠᠨ ᠤ ᠳᠠᠷᠠᠭ᠎ᠠ ᠡᠭᠦᠯᠡ ᠣᠯᠠᠶᠢᠪᠠᠯ ᠬᠡᠳᠦ ᠬᠤᠨᠣᠭᠠᠳ ᠲᠩᠷᠢ ᠮᠠᠭᠤᠳᠠᠬᠤ ᠶᠢᠨ ᠰᠢᠨᠵᠢ᠃ | — — ᠲᠡᠭᠷᠢ ᠳᠤ ᠪᠥᠭᠡᠨ᠂ ᠳᠣᠯᠭᠢᠶᠠᠯᠢᠭ᠂ ᠰᠡᠮᠡᠵᠢᠨ ᠮᠡᠲᠦ ᠣᠯᠠᠨ ᠶᠠᠩᠵᠤ ᠶᠢᠨ ᠡᠭᠦᠯᠡ ᠬᠠᠮᠲᠤ | ᠠᠵᠢᠭᠯᠠᠭᠳᠠᠪᠠᠯ ᠴᠠᠭ ᠠᠭᠠᠷ ᠮᠠᠭᠤᠳᠠᠬᠤ ᠶᠢᠨ ᠰᠢᠨᠵᠢ᠃ | — — ᠪᠥᠭᠡᠨ ᠡᠭᠦᠯᠡᠨ ᠤ ᠬᠠᠶᠠᠭ᠎ᠠ ᠬᠤᠷᠣᠮᠬᠠᠨ ᠵᠠᠭᠤᠷ᠎ᠠ ᠬᠠᠷᠠᠯᠠᠪᠠᠯ ᠪᠣᠷᠤᠭ᠎ᠠ ᠣᠷᠣᠬᠤ ᠶᠢᠨ᠂ ᠬᠡᠷᠪᠡ | ᠵᠠᠬ᠎ᠠ ᠠᠴᠠ ᠪᠠᠨ ᠴᠠᠭᠠᠷᠠᠵᠣ ᠠᠶᠠᠳᠠᠪᠠᠯ ᠪᠣᠷᠤᠭ᠎ᠠ ᠣᠷᠣᠬᠤ ᠦᠭᠡᠢ ᠶᠢᠨ ᠳᠣᠬᠢᠶ᠎ᠠ᠃ | — — ᠡᠭᠦᠯᠡ ᠬᠤᠶᠢᠯᠠᠷᠠᠨ ᠪᠠᠶᠢᠪᠠᠯ ᠰᠢᠷᠦᠭᠦᠨ ᠪᠣᠷᠤᠭ᠎ᠠ ᠣᠷᠣᠬᠤ ᠪᠤᠶᠤ ᠰᠠᠯᠬᠢᠯᠠᠬᠤ ᠶᠢᠨ ᠲᠡᠮᠳᠡᠭ᠃ | — — ᠡᠭᠦᠯᠡ ᠪᠦᠷᠬᠦᠭᠰᠡᠨ ᠲᠡᠭᠷᠢ ᠶᠢᠨ ᠣᠷᠣᠢ ᠡᠭᠦᠯᠡ ᠦᠭᠡᠢ ᠴᠣᠭᠤᠷᠬᠠᠢ ᠪᠠᠶᠢᠪᠠᠯ ᠬᠤᠷᠠᠰᠢᠬᠤ ᠶᠢᠨ | ᠲᠡᠮᠳᠡᠭ᠃ ᠡᠶᠢᠮᠦ ᠴᠦ ᠤᠴᠢᠷ ᠠᠴᠠ ︽ᠣᠷᠣᠬᠤ ᠲᠡᠭᠷᠢ ᠶᠢᠨ ᠣᠷᠣᠢ ᠴᠣᠭᠤᠷᠬᠠᠢ᠂ ᠣᠷᠣᠭᠰᠠᠨ ᠪᠤᠤᠷ᠎ᠠ ᠶᠢᠨ | ᠰᠢᠯᠢ ᠴᠣᠭᠤᠷᠬᠠᠢ︾ ᠬᠡᠮᠡᠨ ᠶᠠᠷᠢᠯᠴᠠᠳᠠᠭ ᠠᠵᠢ᠃ | — — ᠴᠠᠰᠤ ᠪᠣᠷᠤᠭ᠎ᠠ ᠣᠷᠣᠵᠤ ᠪᠠᠶᠢᠬᠤ ᠦᠶ᠎ᠡ ᠳᠤ ᠡᠭᠦᠯᠡ ᠰᠠᠯᠬᠢᠨ ᠤ ᠬᠢ ᠪᠠᠨ ᠵᠦᠭ ᠲᠤ | ᠬᠦᠨᠳᠡᠯᠢᠳᠴᠦ ᠢᠷᠠᠪᠠᠯ ᠪᠣᠷᠤᠭ᠎ᠠ ᠠᠷᠢᠯᠬᠤ ᠶᠢᠨ ᠰᠢᠨᠵᠢ᠃ (ᠬᠠᠰᠪᠢᠯᠢᠭ᠌ ) | |