| ᠵᠠᠷᠢᠮ ᠬᠦᠮᠦᠨ ᠠᠷᠢᠬᠢ ᠤᠤᠭᠤᠬᠰᠠ ᠤ ᠲᠠᠷᠠᠭ᠎ᠠ᠂ ᠤᠨᠳᠠᠵᠤ ᠤᠷᠤᠬᠤ ᠦᠭᠡᠢ ᠠᠷᠭ᠎ᠠ ᠪᠠᠨ ᠪᠠᠷᠠᠳᠠᠬ᠂ | ᠡᠨᠡ ᠦᠶᠡᠰ ᠲᠤ ᠤᠨᠳᠠᠭᠤᠯᠬᠤ ᠡᠮ ᠢ ᠶᠠᠭᠠᠬᠢᠬᠰᠠᠨ ᠴᠤ ᠤᠤᠭᠤᠵᠤ ᠪᠤᠯᠳᠠᠬ ᠦᠭᠡᠢ ᠶᠤᠮ᠃ ᠤᠨᠳᠠᠬᠤ ᠡᠮ ᠢ | ᠪᠠᠰᠠ ᠰᠡᠳᠬᠢᠯ ᠢ ᠲᠤᠬᠳᠠᠭᠤᠨ ᠨᠦᠢᠷ ᠬᠦᠷᠦᠬᠦᠯᠬᠦ ᠡᠮ ᠭᠡᠳᠡᠭ᠃ ᠲᠦᠪ ᠮᠡᠳᠡᠷᠡᠯ ᠢ ᠠᠮᠠᠷᠠᠭᠤᠯᠤᠨ ᠦᠢᠯᠡᠳᠦᠯ | ᠭᠠᠷᠭᠠᠳᠠᠬ᠃ ᠠᠷᠢᠬᠢᠨ ᠤ ᠲᠠᠷᠠᠭ᠎ᠠ ᠡᠩ ᠤᠨ ᠦᠶ᠎ᠠ ᠯᠦᠭᠡ ᠠᠳᠠᠯᠢᠬᠠᠨ ᠭᠡᠮᠵᠢᠶ᠎ᠠ ᠪᠠᠷ ᠲᠤᠰ ᠡᠮ ᠢ ᠤᠤᠭᠤᠬᠰᠠᠨ | ᠴᠤ ᠪᠠᠰᠠ ᠠᠶᠤᠯ ᠲᠦᠭᠰᠢᠬᠦᠷᠢ ᠪᠠᠶᠢᠳᠠᠬ ᠶᠤᠮᠰᠠᠨ᠃ | ᠰᠤᠳᠤᠯᠭᠠᠨ ᠬᠠᠷᠠᠭᠤᠯᠤᠬᠰᠠᠨ ᠨᠢ᠂ ᠠᠷᠢᠬᠢ ᠤᠤᠭᠤᠬᠰᠠ ᠤ ᠲᠠᠷᠠᠭ᠎ᠠ ᠰᠫᠢᠷᠲ ᠶᠢᠨ ᠴᠢᠰᠣ᠂ ᠡᠮ | ᠦᠬᠦᠬᠦᠯᠬᠦ ᠦᠳᠭᠡᠴᠡ ᠶᠢᠨ ᠭᠡᠮᠵᠢᠶ᠎ᠠ 500 — 800 ᠮᠢᠯᠢᠭᠷᠡᠮ ᠳᠤ ᠬᠦᠷᠴᠤ᠂ ᠰᠡᠳᠬᠢᠯ ᠢ ᠲᠤᠬᠳᠠᠭᠠᠨ ᠨᠦᠢᠷ | ᠬᠦᠷᠦᠬᠦᠯᠬᠦ ᠲᠦᠷᠦᠯ ᠤᠨ ᠡᠮ ᠢ ᠤᠤᠭᠤᠪᠠᠯ ᠴᠢᠰᠤ ᠡᠮ ᠤᠨ ᠦᠬᠦᠬᠦᠯᠬᠦ ᠦᠳᠭᠡᠴᠡ ᠶᠢᠨ ᠭᠡᠮᠵᠢᠶ᠎ᠠ ᠨᠢ 10 — | 25 ᠮᠢᠯᠢᠭᠷᠡᠮ ᠳᠤ ᠬᠦᠷᠴᠤ᠂ ᠭᠡᠷᠪᠡ ᠬᠤᠶᠠᠭᠤᠯᠠ ᠶᠢ ᠬᠠᠮᠳᠤ ᠳᠤᠨᠢ ᠭᠡᠷᠡᠭᠯᠡᠬᠦ ᠦᠶ᠎ᠠ ᠶᠢᠨ ᠴᠢᠰᠤ᠂ ᠡᠮ ᠤᠨ | ᠦᠬᠦᠬᠦᠯᠬᠦ ᠦᠳᠭᠡᠴᠡ ᠨᠢ ᠲᠤᠰ ᠲᠤᠰ 100 ᠮᠢᠯᠢᠭᠷᠡᠮ ᠵᠢᠴᠢ 0.5 ᠮᠢᠯᠢᠭᠷᠡᠮ ᠳᠤ ᠬᠦᠷᠳᠡᠭ ᠪᠠᠶᠢᠨ᠎ᠠ᠃ | ᠡᠬᠦᠨ ᠠᠴᠠ ᠪᠢᠳᠡ ᠠᠷᠢᠬᠢ ᠤᠤᠭᠤᠬᠰᠠᠨ ᠠᠴᠠ ᠬᠤᠶᠢᠨ᠎ᠠ ᠰᠡᠳᠬᠢᠯ ᠢ ᠲᠤᠬᠳᠠᠭᠠᠨ ᠨᠦᠢᠷ ᠬᠦᠷᠦᠬᠦᠯᠬᠦ | ᠲᠦᠷᠦᠯ ᠤᠨ ᠡᠮ ᠢ ᠤᠤᠭᠤᠪᠠᠰᠤ ᠲᠠᠷᠤᠢ ᠭᠡᠳᠦᠨ ᠠᠷᠪᠠ ᠲᠠᠬᠢᠨ ᠡᠮ ᠤᠤᠭᠤᠬᠰᠠᠨ ᠲᠠᠢ ᠲᠡᠩᠴᠡᠬᠦ ᠪᠤᠯᠤᠨ᠎ᠠ᠃ | ᠠᠮᠧᠷᠢᠺᠠ ᠶᠢᠨ ᠰᠤᠳᠤᠯᠭᠠᠳᠠᠨ ᠨᠡᠷ ᠤᠨ ᠵᠠᠳᠠᠯᠤᠬᠰᠠᠠ ᠢᠶᠠᠷ ᠲᠡᠯᠡᠭᠡᠢ ᠶᠢᠨ ᠨᠡᠷᠡᠳᠦ ᠵᠦᠴᠦᠭᠡ ᠶᠢᠨ ᠶᠡᠭᠡ ᠪᠠᠭᠰᠢ | ᠴᠠᠫᠠᠯᠢᠨ · ᠴᠠᠯᠽ ᠰᠫᠧᠨ᠋ᠰᠧᠷ ᠠᠷᠢᠬᠢᠨ ᠤ ᠲᠠᠷᠠᠭᠠᠬᠢ ᠤᠨᠳᠠᠭᠤᠯᠬᠤ ᠡᠮ ᠠᠴᠠ ᠪᠤᠯᠵᠤ ᠨᠠᠰᠤ ᠪᠠᠷᠠᠬᠰᠠᠨ ᠪᠠᠶᠢᠵᠠᠢ᠃ | 1977 ᠤᠨ ᠤ ᠠᠮᠤᠷ ᠲᠠᠶᠢᠪᠤᠡᠭ ᠰᠦᠨᠢ ︵ᠦᠳᠡᠰᠢ︶ ᠠᠷᠢᠬᠢᠨ ᠲᠠᠶᠢᠯᠠᠯᠭ᠎ᠠ ᠶᠢᠨ ᠲᠠᠷᠠᠭ᠎ᠠ ᠤᠨᠳᠠᠵᠤ ᠤᠷᠤᠬᠤ | ᠦᠭᠡᠢ ᠪᠤᠯᠬᠤ ᠳᠠᠭᠠᠨ ᠡᠩ ᠤᠨ ᠦᠶ᠎ᠠ ᠳᠤ ᠤᠤᠭᠤᠳᠠᠬ ᠭᠡᠮᠵᠢᠶ᠎ᠠ ᠪᠦᠬᠦᠢ ᠤᠨᠳᠠᠭᠤᠯᠬᠤ ᠡᠮ ᠢ ᠤᠤᠭᠤᠭᠠᠳ | ᠲᠠᠷᠠᠭ᠎ᠠ ᠦᠷᠯᠦᠭᠡ ᠨᠢ ᠲᠠᠬᠢᠵᠤ ᠰᠡᠷᠢᠭᠰᠡᠨ ᠦᠭᠡᠢ᠃ | ᠢᠳᠡᠷ ᠦᠳᠡᠯᠦᠭᠡ ᠨᠠᠰᠤᠨ ᠤ ᠨᠠᠶᠢᠵᠠ ᠨᠠᠷ ᠮᠢᠨᠢ᠂ ᠠᠷᠢᠬᠢᠨ ᠤ ᠲᠠᠷᠠᠭ᠎ᠠ ᠨᠦᠢᠷ ᠬᠤᠯᠵᠢᠳᠠᠬ ᠳᠤ ᠬᠦᠷᠪᠡᠯ | ᠂ ᠬᠠᠮᠤᠬ ᠤᠨ ᠰᠠᠶᠢᠨ ᠨᠢ ᠠᠷᠢᠬᠢ ᠤᠤᠭᠤᠬᠤ ᠦᠭᠡᠢ ᠪᠠᠶᠢᠪᠠᠯ ᠵᠤᠬᠢᠨ᠎ᠠ᠃ | ᠭᠡᠷᠪᠡ ᠠᠷᠢᠬᠢ ᠤᠤᠭᠤᠬᠰᠠᠨ ᠤ ᠲᠠᠷᠠᠭ᠎ᠠ᠂ ᠨᠦᠢᠷ ᠠᠯᠳᠠᠪᠠᠯ 1 — 2 ᠬᠠᠪᠳᠠᠭᠠᠢ ᠬᠦ᠋ ᠸᠧᠢ ᠰᠤ᠋ ︵谷 | 维素︶ ᠤᠤᠭᠤᠵᠤ ᠨᠦᠢᠷ ᠬᠦᠷᠦᠬᠦᠯᠬᠦ ᠠᠴᠠ ᠪᠢᠰᠢ ᠬᠠᠷᠢᠨ ᠠᠨ ᠳ᠋ᠢᠩ ︵安定 ᠠᠮᠤᠷᠵᠢᠭᠤᠯᠬᠤ ᠡᠮ︶ | ᠂ ᠠᠨ ᠮᠢᠶᠠᠨ ᠯᠢᠩ ︵安眠 灵︶᠂ ᠰᠤ᠋ ᠺᠧ ᠮᠢᠶᠠᠨ ︵速可眠 — 司可巴比妥 | ︶ ᠵᠡᠷᠭᠡ ᠤᠨᠳᠠᠭᠤᠯᠬᠤ ᠲᠦᠷᠦᠯ ᠤᠨ ᠡᠮ ᠢ ᠭᠡᠷᠬᠢᠭᠰᠡᠨ ᠴᠤ ᠤᠤᠭᠤᠵᠤ ᠪᠤᠯᠬᠤ ᠦᠭᠡᠢ᠃ | |