ᠪᠡᠶ᠎ᠠ ᠶᠢᠨ ᠡᠷᠡᠭᠦᠯ ᠳᠤ ᠬᠠᠮᠤᠬ ᠤᠨ ᠬᠤᠤᠷᠳᠠᠢ ᠲᠠᠪᠤᠨ ᠵᠦᠢᠯ ᠤᠨ ᠡᠷᠳᠡ ᠶᠢᠨ ᠬᠤᠭᠤᠯᠠ
ᠨᠡᠶᠢᠲᠡᠯᠡᠭᠰᠡᠨ ᠴᠠᠭ᠄
2016-12-28
       ᠡᠷᠳᠡ ᠶᠢᠨ ᠬᠤᠭᠤᠯᠠ ᠨᠢ ᠬᠦᠮᠦᠨ ᠪᠦᠬᠦᠨ ᠳᠤ ᠠᠪᠴᠤ ᠭᠡᠯᠡᠪᠡᠯ ᠲᠤᠩ ᠴᠢᠬᠤᠯᠠ ᠪᠠᠶᠢᠳᠠᠬ ᠶᠤᠮ᠂ ᠤᠴᠢᠷ ᠨᠢ ᠡᠷᠳᠡ ᠶᠢᠨ ᠬᠤᠭᠤᠯᠠ ᠪᠤᠯ ᠬᠦᠮᠦᠨ ᠤ ᠪᠡᠶ᠎ᠠ ᠶᠢᠨ ᠨᠢᠭᠡ ᠡᠳᠦᠷ ᠤᠨ ᠲᠤᠳᠤᠷ᠎ᠠ ᠬᠠᠨᠭ᠍ᠭᠠᠬᠤ ᠬᠠᠮᠤᠬ ᠤᠨ ᠴᠢᠬᠤᠯᠠ ᠰᠢᠮ᠎ᠠ ᠲᠡᠵᠢᠭᠡᠯ ᠪᠤᠯᠬᠤ ᠲᠤᠯᠠ ᠡᠷᠳᠡ ᠶᠢᠨ ᠬᠤᠭᠤᠯᠠ ᠶᠢ ᠡᠷᠭᠡᠪᠰᠢ ᠢᠳᠡᠬᠦ ᠴᠢᠬᠤᠯᠠ ᠲᠠᠢ ᠶᠤᠮ᠃ ᠭᠡᠪᠡᠴᠤ ᠡᠷᠳᠡ ᠶᠢᠨ ᠬᠤᠭᠤᠯᠠ ᠨᠢ ᠠᠷᠢᠭᠤᠨ ᠴᠡᠪᠡᠷ᠂ ᠰᠢᠮ᠎ᠠ ᠲᠡᠵᠢᠭᠡᠯ ᠲᠠᠢ ᠪᠠᠶᠢᠬᠤ ᠶᠢ ᠠᠩᠬᠠᠷᠬᠤ ᠠᠴᠠ ᠭᠠᠳᠠᠨ᠎ᠠ ᠬᠦᠮᠦᠨ ᠤ ᠪᠡᠶ᠎ᠠ ᠶᠢᠨ ᠡᠷᠡᠭᠦᠯ ᠮᠡᠨᠳᠦ ᠳᠤ ᠶᠠᠮᠠᠷᠬᠠᠨ ᠨᠦᠯᠦᠭᠡ ᠲᠠᠢ ᠪᠠᠶᠢᠬᠤ ᠶᠢ ᠠᠩᠬᠠᠷᠬᠤ ᠴᠢᠬᠤᠯᠡ ᠲᠠᠢ ᠪᠠᠶᠢᠳᠠᠬ᠂ ᠡᠶᠢᠮᠦ ᠠᠴᠠ ᠡᠷᠳᠡ ᠶᠢᠨ ᠬᠤᠭᠤᠯᠠ ᠶᠢ ᠵᠦᠢ ᠵᠤᠬᠢᠰᠳᠠᠢ ᠰᠤᠩᠭᠤᠬᠤ ᠨᠢ ᠴᠤ ᠪᠠᠰᠠ ᠨᠢᠭᠡᠨ ᠴᠢᠬᠤᠯᠠ ᠠᠰᠠᠭᠤᠳᠠᠯ ᠪᠤᠯᠬᠤ ᠶᠤᠮ᠃ ᠡᠷᠳᠡ ᠶᠢᠨ ᠬᠤᠭᠤᠯᠠ ᠶᠢ ᠰᠤᠩᠭᠤᠬᠤ ᠳᠠᠭᠠᠨ ᠲᠤᠤᠷᠠᠬᠢ ᠲᠠᠪᠤᠨ ᠵᠦᠢᠯ ᠤᠨ ᠢᠳᠡᠭᠡᠨ ᠢ ᠰᠤᠩᠭᠤᠬᠤ ᠦᠭᠡᠢ ᠪᠤᠯ ᠵᠤᠬᠢᠨ᠎ᠠ᠃        1᠂ ᠭᠡᠳᠦ ᠰᠡᠷᠢᠬᠦᠨ ᠬᠦᠢᠳᠡᠨ ᠵᠢᠮᠢᠰ ᠨᠤᠭᠤᠭ᠎ᠠ ᠶᠢᠨ ᠰᠢᠬᠦᠰᠦ᠄ ᠡᠷᠳᠡ ᠶᠢᠨ ᠬᠤᠭᠤᠯᠠ ᠶᠢ ᠬᠠᠯᠠᠭᠤᠨ ᠢᠶᠠᠷ ᠢᠳᠡᠪᠡᠯ ᠰᠠᠶ᠋ᠢ ᠬᠤᠳᠤᠭᠤᠳᠤ ᠶᠢ ᠬᠠᠮᠠᠭᠠᠯᠠᠳᠠᠬ᠂ ᠭᠡᠷᠪᠡ ᠡᠨᠡ ᠦᠶ᠎ᠠ ᠳᠤ ᠬᠦᠢᠳᠡᠨ ᠢᠳᠡᠭᠡᠨ ᠤᠮᠳᠠᠭᠠᠨ ᠢᠳᠡᠵᠤ ᠤᠤᠭᠤᠪᠠᠯ ᠡᠳᠡᠭᠡᠷ ᠨᠢ ᠬᠤᠳᠤᠭᠤᠳᠤ ᠭᠡᠳᠡᠰᠦᠨ ᠳᠤ ᠤᠷᠤᠬᠰᠠᠨ ᠤ ᠲᠠᠷᠠᠭ᠎ᠠ ᠪᠡᠶ᠎ᠠ ᠶᠢᠨ ᠡᠷᠭᠡᠳᠡᠨ ᠲᠡᠷᠡ ᠲᠠᠷᠤᠢ ᠠᠪᠴᠢᠨ ᠴᠢᠰᠤᠨ ᠰᠢᠩᠭᠡᠨ ᠴᠤ ᠠᠬᠰᠢᠵᠤ ᠬᠢᠯᠭᠠᠰᠤᠨ ᠰᠤᠳᠠᠯ ᠬᠢᠯᠪᠠᠷᠬᠠᠨ ᠪᠦᠭᠯᠡᠷᠡᠨ᠂ ᠠᠭᠠᠵᠢᠮ ᠳᠠᠭᠠᠨ ᠦᠷᠬᠦᠯᠵᠢ ᠪᠠᠭ᠎ᠠ ᠰᠠᠭ᠎ᠠ ᠡᠪᠡᠳᠴᠢᠨ ᠲᠠᠰᠤᠷᠠᠬᠤ ᠦᠭᠡᠢ᠂ ᠵᠠᠯᠭ᠎ᠠ ᠳᠠᠭᠠᠨ ᠲᠠᠬᠰᠢᠭᠤᠷ ᠲᠤ ᠨᠡᠷᠪᠡᠭᠳᠡᠳᠡᠭ ᠪᠤᠯᠵᠤ ᠡᠬᠦᠨ ᠤ ᠤᠯᠠᠮ ᠠᠴᠠ ᠪᠡᠶ᠎ᠠ ᠶᠢᠨ ᠦᠯᠤ ᠬᠠᠯᠳᠠᠭᠠᠬᠤ ᠴᠢᠳᠠᠪᠤᠷᠢ ᠲᠤᠷᠤᠬᠰᠢᠯᠠᠬᠤ ᠪᠠᠷ ᠪᠠᠷᠠᠬᠤ ᠦᠭᠡᠢ ᠬᠤᠳᠤᠭᠤᠳᠤ ᠭᠡᠳᠡᠰᠦ ᠶᠢ ᠴᠤ ᠶᠡᠭᠡᠪᠡᠷ ᠭᠡᠮᠳᠦᠭᠡᠳᠡᠭ ᠪᠠᠶᠢᠨ᠎ᠠ᠃ ᠢᠳᠡᠭᠡᠨ ᠤᠮᠳᠠᠭᠠᠨ ᠤ ᠲᠤᠰᠬᠠᠢ ᠮᠡᠷᠭᠡᠵᠢᠯᠳᠡᠨ ᠰᠠᠨᠠᠭᠤᠯᠵᠤ ᠭᠡᠯᠡᠬᠦ ᠳᠡᠭᠡᠨ᠂ ᠦᠷᠯᠦᠭᠡ ᠡᠷᠳᠡ ᠬᠠᠮᠤᠬ ᠲᠦᠷᠦᠬᠦᠨ ᠳᠤ ᠬᠠᠯᠠᠭᠤᠨ ᠴᠠᠢ ᠤᠤᠭᠤᠬᠤ ᠪᠤᠶᠤ ᠡᠰᠡᠬᠦᠯ᠎ᠠ ᠬᠠᠯᠠᠭᠤᠨ ᠰᠢᠩᠭᠡᠨ ᠪᠤᠳᠠᠭ᠎ᠠ᠂ ᠪᠤᠴᠠᠯᠭᠠᠬᠰᠠᠨ ᠬᠠᠯᠠᠭᠤᠨ ᠰᠦ᠂ ᠡᠰᠡᠬᠦᠯ᠎ᠠ ᠪᠤᠴᠠᠯᠭᠠᠬᠰᠠᠨ ᠬᠠᠯᠠᠭᠤᠨ ᠪᠤᠷᠴᠠᠬ ᠤᠨ ᠵᠤᠳᠠᠩ᠂ ᠮᠠᠭᠠᠵᠢ ᠶᠢᠨ ᠵᠤᠳᠠᠩ ᠮᠡᠳᠦ ᠶᠢᠨ ᠵᠦᠢᠯ ᠢ ᠨᠢᠭᠡᠳᠦᠭᠡᠷ ᠲᠤ ᠢᠳᠡᠵᠤ ᠲᠠᠷᠠᠭ᠎ᠠ ᠨᠢ ᠵᠠᠭᠤᠰᠢ ᠨᠤᠭᠤᠭ᠎ᠠ᠂ ᠮᠢᠶ᠋ᠬᠠᠪᠤᠤ᠂ ᠮᠠᠨᠳᠠᠤ᠂ ᠪᠤᠤᠵᠠ᠂ ᠪᠤᠭᠤᠷᠰᠤᠬ ᠮᠡᠳᠦ ᠶᠢᠨ ᠢᠳᠡᠭᠡᠨ ᠢ ᠢᠳᠡᠪᠡᠯ ᠵᠤᠬᠢᠨ᠎ᠠ ᠭᠡᠰᠡᠨ ᠪᠠᠶᠢᠨ᠎ᠠ᠃        2᠂ ᠭᠡᠳᠦ ᠭᠤᠱᠤᠭᠤᠨ ᠢᠳᠡᠭᠡᠨ᠄ ᠡᠷᠳᠡ ᠶᠢᠨ ᠬᠤᠭᠤᠯᠠ ᠨᠢ ᠬᠤᠳᠤᠭᠤᠳᠤ ᠭᠡᠳᠡᠰᠦᠨ ᠳᠤ ᠰᠡᠳᠡᠯᠳᠡ ᠦᠭᠡᠢ ᠪᠠᠶᠢᠬᠤ ᠶᠢ ᠪᠠᠷᠢᠮᠳᠠᠯᠠᠪᠠᠯ ᠰᠠᠶ᠋ᠢ ᠬᠤᠳᠤᠭᠤᠳᠤ ᠭᠡᠳᠡᠰᠦ ᠶᠢ ᠬᠠᠮᠠᠭᠠᠯᠠᠳᠠᠬ᠂ ᠡᠶᠢᠮᠦ ᠠᠴᠠ ᠡᠷᠳᠡ ᠶᠢᠨ ᠬᠤᠭᠤᠯᠠ ᠶᠢ ᠭᠤᠱᠤᠭᠤᠨ᠂ ᠡᠭᠡᠳᠦᠨ᠂ ᠭᠠᠰᠢᠭᠤᠨ ᠮᠡᠳᠦ ᠶᠢᠨ ᠰᠡᠳᠡᠯᠳᠡ ᠲᠠᠢ ᠢᠳᠡᠭᠡᠨ ᠢᠳᠡᠬᠦ ᠠᠴᠠ ᠵᠠᠶᠢᠯᠠᠰᠬᠢᠵᠤ ᠪᠠᠶᠢᠪᠠᠯ ᠵᠤᠬᠢᠨ᠎ᠠ᠃       3᠂ ᠲᠤᠳᠤᠷ ᠬᠠᠯᠠᠭᠤᠨ ᠶᠡᠭᠡ ᠬᠦᠮᠦᠨ ᠦᠨᠢᠶᠡᠨ ᠰᠦ ᠤᠤᠭᠤᠬᠤ ᠳᠤ ᠲᠤᠬᠢᠷᠠᠮᠵᠢ ᠦᠭᠡᠢ᠄ ᠤᠴᠢᠷ ᠨᠢ ᠦᠨᠢᠶᠡᠨ ᠰᠦ ᠬᠢᠯᠪᠠᠷᠬᠠᠨ ᠴᠡᠷ ᠡᠬᠦᠰᠳᠡᠭ ᠲᠤᠯᠠ ᠲᠤᠳᠤᠷ᠎ᠠ ᠬᠠᠯᠠᠭᠤᠨ ᠬᠦᠮᠦᠨ᠂ ᠬᠠᠷᠰᠢᠮᠠᠳᠠᠭᠠᠢ ᠭᠡᠮ ᠡᠬᠦᠰᠬᠦ ᠬᠦᠮᠦᠨ᠂ ᠬᠤᠳᠤᠭᠤᠳᠤ ᠭᠡᠳᠡᠰᠦ ᠮᠠᠭᠤ ᠬᠦᠮᠦᠨ᠂ ᠠᠷᠠᠰᠤᠨ ᠭᠡᠮ ᠲᠠᠢ ᠬᠦᠮᠦᠨ᠂ ᠤᠷᠳᠤ ᠬᠤᠭᠤᠴᠠᠭ᠎ᠠ ᠴᠢᠬᠢᠭ ᠨᠦᠢᠳᠠᠨ ᠭᠠᠵᠠᠷ ᠠᠮᠢᠳᠤᠷᠠᠵᠤ ᠪᠠᠶᠢᠬᠤ ᠬᠦᠮᠦᠨ ᠡᠷᠳᠡ ᠶᠢᠨ ᠬᠤᠭᠤᠯᠠᠨ ᠳᠤ ᠦᠨᠢᠶᠡᠨ ᠰᠦ ᠤᠤᠭᠤᠬᠤ ᠦᠭᠡᠢ ᠪᠤᠯ ᠵᠤᠬᠢᠨ᠎ᠠ᠃       4᠂ ᠬᠤᠨᠤᠬ ᠦᠨᠵᠢᠭᠰᠡᠨ ᠦᠯᠡᠳᠡᠪᠦᠷᠢ ᠵᠠᠭᠤᠰᠢ ᠪᠤᠳᠠᠭ᠎ᠠ᠄ ᠵᠠᠷᠢᠮ ᠬᠦᠮᠦᠰ ᠦᠷᠯᠦᠭᠡ ᠡᠷᠳᠡ ᠡᠯ᠎ᠠ ᠵᠦᠢᠯ ᠤᠨ ᠰᠢᠯᠳᠠᠭᠠᠨ ᠠᠴᠠ ᠪᠤᠯᠵᠤ ᠴᠠᠬ ᠢᠶᠠᠨ ᠠᠷᠪᠢᠯᠠᠬᠤ ᠶᠢᠨ ᠲᠦᠯᠦᠭᠡ ᠦᠴᠦᠭᠡᠳᠦᠷ ᠤᠷᠤᠢ ᠶᠢᠨ ᠦᠯᠡᠳᠡᠭᠰᠡᠨ ᠪᠤᠳᠠᠭ᠎ᠠ ᠵᠠᠭᠤᠰᠢ ᠪᠠᠨ ᠬᠠᠯᠠᠭᠤᠯᠤᠯ ᠦᠭᠡᠢ ᠪᠠᠷ ᠬᠦᠢᠳᠡᠨ ᠢᠶᠠᠷ ᠨᠢ ᠶᠠᠭᠠᠷᠠᠤ ᠰᠠᠨᠳᠤᠷᠤᠤ ᠢᠳᠡᠭᠡᠳ ᠪᠤᠯᠭᠠᠴᠢᠬᠠᠳᠠᠬ ᠂ ᠡᠨᠡ ᠨᠢ ᠬᠦᠮᠦᠨ ᠤ ᠪᠡᠶ᠎ᠠ ᠳᠤ ᠬᠠᠮᠤᠬ ᠬᠤᠤᠷᠳᠠᠢ ᠵᠦᠢᠯ ᠪᠤᠯᠬᠤ ᠶᠤᠮ᠂ ᠬᠦᠢᠳᠡᠨ ᠢᠳᠡᠭᠡᠨ ᠨᠢ ᠬᠤᠳᠤᠭᠤᠳᠤ ᠭᠡᠳᠡᠰᠦ ᠶᠢ ᠭᠡᠮᠳᠦᠭᠡᠬᠦ ᠪᠠᠷ ᠪᠠᠷᠠᠬᠤ ᠦᠭᠡᠢ᠂ ᠬᠤᠨᠤᠬ ᠦᠨᠵᠢᠭᠰᠡᠨ ᠬᠤᠭᠤᠯᠠ ᠵᠠᠭᠤᠰᠢ ᠨᠢ ᠪᠠᠺᠲᠧᠷᠢ ᠡᠬᠦᠰᠦᠨ ᠵᠠᠷᠢᠮ ᠵᠦᠢᠯ ᠳᠤᠨᠢ ᠬᠢᠮᠢ ᠶᠢᠨ ᠬᠤᠪᠢᠷᠠᠯᠳᠠ ᠭᠠᠷᠤᠬᠰᠠᠨ ᠠᠴᠠ ᠬᠦᠮᠦᠨ ᠤ ᠡᠷᠡᠭᠦᠯ ᠮᠡᠨᠳᠦ ᠳᠤ ᠲᠦᠢᠯ ᠤᠨ ᠠᠰᠢᠬ ᠦᠭᠡᠢ ᠪᠠᠶᠢᠳᠠᠬ᠂ ᠡᠶᠢᠮᠦ ᠠᠴᠠ ᠬᠤᠨᠤᠬ ᠦᠨᠵᠢᠭᠰᠡᠨ ᠦᠯᠡᠳᠡᠪᠦᠷᠢ ᠬᠤᠭᠤᠯᠠ ᠵᠠᠭᠤᠰᠢ ᠶᠢ ᠢᠳᠡᠬᠦ ᠦᠭᠡᠢ ᠪᠤᠯ ᠰᠠᠶᠢᠨ᠃       5᠂ ᠪᠤᠯᠪᠠᠰᠤᠷᠠᠭᠤᠯᠵᠤ ᠪᠤᠯᠭᠤᠬᠰᠠᠨ ᠮᠢᠬᠠᠨ ᠢᠳᠡᠭᠡᠨ ᠢ ᠬᠦᠢᠳᠡᠨ ᠢᠶᠠᠷ ᠨᠢ ᠢᠳᠡᠬᠦ᠄ ᠡᠷᠳᠡ ᠶᠢᠨ ᠬᠤᠭᠤᠯᠠᠨ ᠳᠠᠭᠠᠨ ᠪᠤᠯᠪᠠᠰᠤᠷᠠᠭᠤᠯᠵᠤ ᠪᠤᠯᠭᠤᠬᠰᠠᠨ ᠮᠢᠬᠠᠨ ᠢᠳᠡᠭᠡᠨ ᠪᠤᠶᠤ ᠪᠤᠬᠢᠷᠳᠤᠭᠤᠯᠤᠬᠰᠠᠨ ᠵᠠᠭᠤᠰᠢ ᠵᠡᠷᠭᠡ ᠶᠢ ᠬᠠᠯᠠᠭᠤᠯᠬᠤ ᠦᠭᠡᠢ ᠢᠳᠡᠬᠦ ᠳᠤ ᠬᠦᠷᠪᠡᠯ ᠡᠳᠡᠭᠡᠷ ᠢᠳᠡᠭᠡᠨ ᠤ ᠲᠠᠭᠡᠷ᠎ᠠ ᠨᠠᠭᠠᠯᠳᠤᠬᠰᠠᠨ ᠪᠠᠺᠲ᠋ᠧᠷᠢ ᠨᠢ ᠭᠡᠳᠡᠰᠦ ᠬᠤᠳᠤᠭᠤᠳᠤᠨ ᠳᠤ ᠤᠷᠤᠵᠤ ᠡᠪᠡᠳᠴᠢᠨ ᠬᠠᠯᠳᠠᠪᠤᠷᠢᠯᠠᠬᠤ ᠠᠶᠤᠯ ᠲᠠᠢ ᠪᠦᠭᠡᠳ ᠡᠳᠡᠭᠡᠷ ᠢᠳᠡᠭᠡᠨ ᠢ ᠪᠤᠯᠪᠠᠰᠤᠷᠠᠭᠤᠯᠬᠤ ᠶᠠᠪᠤᠴᠠ ᠳᠤ ᠢᠯᠵᠢᠷᠡᠬᠦ ᠶᠢ ᠰᠡᠷᠭᠡᠶᠢᠯᠡᠬᠦ ᠡᠳ᠋ ᠨᠡᠮᠡᠭᠰᠡᠨ ᠪᠤᠯᠬᠤᠷ ᠭᠡᠳᠦ ᠢᠳᠡᠪᠡᠯ ᠮᠦᠨ ᠡᠷᠡᠭᠦᠯ ᠮᠡᠨᠳᠦ ᠳᠤ ᠬᠤᠤᠷ ᠪᠤᠯᠳᠠᠬ ᠶᠤᠮ᠂ ᠡᠶᠢᠮᠦ ᠠᠴᠠ ᠪᠤᠯᠪᠠᠰᠤᠷᠠᠭᠤᠯᠵᠤ ᠪᠤᠯᠭᠤᠬᠰᠠᠨ ᠮᠢᠬᠠᠨ ᠢᠳᠡᠭᠡᠨ ᠮᠡᠳᠦ ᠶᠢᠨ ᠪᠡᠯᠡᠨ ᠢᠳᠡᠭᠡᠨ ᠢ ᠢᠳᠡᠬᠦ ᠳᠡᠭᠡᠨ ᠬᠠᠯᠠᠭᠤᠯᠵᠤ ᠢᠳᠡᠬᠦ ᠪᠤᠶᠤ ᠢᠳᠡᠬᠦ ᠦᠭᠡᠢ ᠪᠤᠯ ᠨᠡᠩ ᠰᠠᠶᠢᠨ ᠪᠠᠶᠢᠳᠠᠬ ᠶᠤᠮ᠃
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ ​
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号