ᠲᠦᠷᠪᠡᠨ ᠵᠦᠢᠯ ᠤᠨ ᠬᠦᠮᠦᠨ ᠯᠣᠬᠠᠱᠧᠩ ᠢᠳᠡᠵᠦ ᠪᠤᠯᠬᠤ ᠦᠭᠡᠢ
ᠨᠡᠶᠢᠲᠡᠯᠡᠭᠰᠡᠨ ᠴᠠᠭ᠄
2016-12-28
          ᠯᠣᠬᠠᠱᠧᠩ ᠰᠢᠮᠡᠵᠢᠭᠦᠯᠦᠨ ᠲᠠᠮᠢᠷᠵᠢᠭᠤᠯᠬᠤ ᠦᠢᠯᠡᠳᠦᠯ ᠲᠠᠢ ᠪᠤᠯᠬᠤᠷ ᠡᠷᠡᠭᠦᠯ ᠮᠡᠨᠳᠦ ᠶᠢ ᠪᠠᠲᠤᠯᠠᠨ ᠣᠷᠲᠣ ᠨᠠᠰᠣᠯᠠᠭᠤᠯᠬᠤ ᠴᠢᠳᠠᠯ ᠲᠠᠢ᠃ ᠠᠷᠠᠳ ᠤᠨ ᠳᠣᠮᠳᠠ ᠯᠤᠬᠠᠱᠧᠩ ᠨᠢ ᠣᠷᠲᠣ ᠨᠠᠰᠣᠯᠠᠭᠤᠯᠬᠤ ᠵᠢᠮᠢᠰ᠂ ᠪᠠᠴᠠᠭ ᠤᠨ ᠲᠣᠳᠣᠷᠠᠬᠢ ᠰᠢᠭᠦᠰᠦ ᠭᠡᠰᠡᠨ ᠠᠯᠳᠠᠷᠲᠠᠢ᠃ ᠦᠨᠦᠷ ᠰᠢᠬᠢᠷᠯᠢᠭ ᠴᠢᠨᠠᠷ ᠳᠡᠭᠰᠢ᠂ ᠰᠢᠮ᠎ᠡ ᠲᠡᠵᠢᠭᠡᠯ ᠡᠯᠪᠡᠭ ᠳᠡᠯᠪᠡᠭ᠂ ᠳᠡᠯᠢᠭᠦᠦ ᠶᠢ ᠰᠠᠶᠢᠵᠢᠷᠠᠭᠤᠯᠵᠣ ᠬᠤᠳᠤᠭᠤᠳᠤ ᠶᠢ ᠳᠡᠭᠰᠢᠷᠡᠬᠦᠯᠬᠦ᠂ ᠴᠢᠰᠣ ᠶᠢ ᠨᠦᠬᠦᠪᠦᠷᠢᠯᠡᠵᠦ ᠴᠢᠰᠣ ᠶᠢ ᠵᠣᠭᠰᠣᠭᠠᠬᠤ᠂ ᠠᠭᠤᠰᠬᠢ ᠶᠢ ᠠᠨᠠᠭᠠᠨ ᠴᠡᠷ ᠢ ᠠᠷᠢᠯᠭᠠᠬᠤ᠂ ᠰᠢᠭᠡᠰᠦ ᠶᠢ ᠰᠢᠯᠣᠭᠤᠳᠬᠠᠬᠤ᠂ ᠰᠦ᠋ ᠪᠠᠭᠤᠯᠭᠠᠬᠤ ᠵᠡᠷᠭᠡ ᠦᠢᠯᠡᠳᠦᠯ ᠲᠠᠢ᠃ ᠰᠦᠰᠦᠨ ᠤ ᠠᠯᠺᠦ᠋ᠯ ᠢ ᠪᠠᠭᠤᠷᠠᠭᠤᠯᠵᠣ᠂ ᠯᠣᠭᠰᠢᠭᠤᠨ ᠰᠣᠳᠠᠯ ᠤᠨ ᠬᠠᠲᠠᠭᠤᠷᠠᠯ᠂ ᠴᠢᠰᠦᠨ ᠳᠠᠷᠣᠯᠲᠠ ᠦᠨᠳᠦᠷ ᠡᠪᠡᠳᠴᠢᠨ᠂ ᠲᠢᠳᠢᠮ ᠵᠢᠷᠦᠬᠡᠨ ᠡᠪᠡᠳᠴᠢᠨ ᠵᠡᠷᠭᠡ ᠶᠢ ᠰᠡᠷᠭᠡᠶᠢᠯᠡᠵᠦ ᠴᠢᠳᠠᠨ᠎ᠠ᠃ ᠡᠭᠦᠨ ᠠᠴᠠ ᠭᠠᠳᠠᠨ᠎ᠠ ᠪᠠᠰᠠ ᠬᠠᠪᠣᠳᠠᠷ ᠤᠨ ᠲᠦᠷᠦᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠬᠡᠳᠦ᠋ᠢᠪᠡᠷ ᠡᠶᠢᠮᠦ ᠪᠤᠯᠪᠠᠴᠣ ᠪᠠᠰᠠ ᠴᠡᠭᠡᠷᠯᠡᠬᠦ ᠴᠢᠬᠤᠯᠠᠲᠠᠢ ᠵᠦᠢᠯ ᠣᠯᠠᠨ ᠪᠤᠢ᠃ 1. ᠯᠣᠬᠠᠱᠧᠩ ᠤᠨ ᠳᠣᠲᠣᠷ᠎ᠠ ᠦᠬᠡᠬᠦ ᠪᠠ ᠣᠭᠤᠷᠠᠭ ᠡᠯᠪᠡᠭ ᠠᠭᠤᠯᠤᠭᠳᠠᠵᠣ ᠪᠠᠶᠢᠭ᠎ᠠ ᠪᠤᠯᠬᠤᠷ ᠬᠤᠳᠣᠭᠤᠳᠣ ᠭᠡᠳᠡᠰᠦᠨ ᠡᠪᠡᠳᠴᠢᠨ ᠲᠠᠢ ᠬᠦᠮᠦᠨ ᠳᠤ ᠲᠤᠬᠢᠷᠠᠬᠤ ᠦᠭᠡᠢ᠂ ᠡᠰᠡᠪᠡᠯ ᠰᠠᠭᠤᠯᠭᠠᠨ᠎ᠠ᠃ 2. ᠡᠯᠢᠭᠡ ᠰᠦᠰᠦᠨ ᠤ ᠡᠪᠡᠳᠴᠢᠨ ᠲᠠᠢ ᠬᠦᠮᠦᠨ ᠢᠳᠡᠪᠡᠯ ᠡᠪᠡᠳᠴᠢᠨ ᠢ ᠨᠢ ᠬᠦᠨᠳᠦᠷᠡᠭᠦᠯᠦᠨ᠎ᠡ᠃ 3. ᠠᠷᠠᠰᠣᠨ ᠤ ᠳᠣᠰᠣ ᠪᠣᠷᠳᠠᠭ ᠤᠨ ᠱᠦᠭᠦᠷᠡᠯᠲᠡ ᠶᠢ ᠲᠦᠷᠭᠡᠳᠬᠡᠵᠦ᠂ ᠪᠠᠳᠬ᠎ᠠ ᠠᠮᠠᠷᠬᠠᠨ ᠭᠠᠷᠳᠠᠭ ᠬᠦᠮᠦᠨ ᠠᠷᠪᠢᠨ ᠢᠳᠡᠵᠦ ᠪᠤᠯᠬᠤ ᠦᠭᠡᠢ᠃ 4. ᠴᠢᠰᠣ ᠶᠢ ᠵᠤᠭᠰᠣᠭᠠᠬᠤ ᠦᠢᠯᠡᠳᠦᠯ ᠲᠠᠢ ᠪᠤᠯᠬᠤᠷ ᠴᠢᠰᠣ ᠶᠢ ᠠᠭᠰᠢᠷᠠᠭᠤᠯᠵᠣ᠂ ᠴᠢᠰᠣᠨ ᠤ ᠪᠦᠯᠦᠩᠨᠡᠯ ᠢ ᠪᠤᠢ ᠪᠤᠯᠭᠠᠨ᠎ᠠ᠃ ᠡᠶᠢᠮᠦ ᠠᠴᠠ ᠴᠢᠰᠦᠨ ᠴᠠᠪᠠᠣᠯᠢᠭ ᠦᠨᠳᠦᠷ ᠪᠤᠶᠤ ᠴᠢᠰᠣᠨ ᠪᠦᠯᠦᠩᠨᠡᠯ ᠲᠠᠢ ᠬᠦᠮᠦᠰ ᠢᠳᠡᠬᠦ ᠳᠤ ᠲᠤᠬᠢᠷᠠᠬᠤ ᠦᠭᠡᠢ ᠃ ᠡᠭᠦᠨ ᠠᠴᠠ ᠭᠠᠳᠠᠨ᠎ᠠ᠂ ᠪᠢᠳᠡᠨ ᠤ ᠡᠳᠦᠷ ᠲᠣᠳᠣᠮ ᠤᠨ ᠢᠳᠡᠳᠡᠭ ᠨᠢ ᠪᠦᠷ ᠲᠣᠰᠣᠨ ᠳᠤ ᠪᠣᠴᠠᠯᠭᠠᠭᠰᠠᠨ ᠯᠤᠬᠠᠱᠧᠩ ᠪᠤᠯᠬᠤᠷ ᠠᠮᠠᠷᠬᠠᠨ ᠬᠠᠯᠠᠭᠤᠷᠠᠭᠤᠯᠵᠣ᠂ ᠣᠨᠴᠠᠭᠠᠶᠢᠯᠠᠨ ᠡᠯᠢᠭᠡᠨ ᠬᠠᠯᠠᠭᠤᠨ ᠪᠤᠶᠤ ᠲᠤᠲᠤᠷ᠎ᠠ ᠬᠠᠯᠠᠭᠤᠨ ᠲᠠᠢ ᠬᠦᠮᠦᠰ ᠢᠳᠡᠪᠡᠯ ᠭᠠᠯ ᠳᠡᠭᠡᠷ᠎ᠡ ᠳᠣᠰᠣ ᠨᠡᠮᠡᠭᠰᠡᠨ ᠶᠠᠪᠣᠳᠠᠯ ᠪᠤᠯᠤᠨ᠎ᠠ᠃ ᠬᠠᠮᠤᠭ ᠤᠨ ᠰᠠᠶᠢᠨ ᠢᠳᠡᠬᠦ ᠠᠷᠭ᠎ᠠ ᠨᠢ ᠴᠢᠨᠠᠵᠤ ᠢᠳᠡᠨ᠎ᠡ᠂ ᠢᠩᠬᠢᠪᠡᠯ ᠬᠠᠯᠠᠭᠤᠷᠠᠭᠤᠯᠬᠤ ᠦᠭᠡᠢ᠂ ᠠᠮᠠᠷᠬᠠᠨ ᠰᠢᠩᠭᠡᠭᠡᠨ᠎ᠡ᠃ ︵ᠲ᠊ · ᠵᠢᠷᠭᠠᠯ︶
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号