ᠯᠢᠨᠰᠢ ᠰᠢᠶᠠᠨ ᠤ ᠬᠢᠵᠠᠭᠠᠷ ᠢᠶᠠᠷ ᠭᠤᠤᠯ ᠪᠤᠯᠭᠠᠨ ᠪᠠᠪᠤᠵᠠᠪ ᠤᠨ ᠲᠤᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2016-12-28
     ᠨᠢᠭᠡ᠂ ᠬᠤᠸᠠ ᠪᠤᠬ᠎ᠠ ᠶᠢᠨ ᠭᠤᠤ ᠶᠢᠨ ᠲᠤᠮᠤᠭ      ᠬᠤᠸᠠ ᠪᠤᠬ᠎ᠠ ᠶᠢᠨ ᠭᠤᠤ ᠨᠢ ᠯᠢᠨᠰᠢ ᠪᠠᠯᠭᠠᠰᠤᠨ ᠠᠴᠠ ᠵᠡᠭᠦᠨ ᠬᠤᠶᠢᠰᠢ 40 ᠺᠢᠯᠦᠮᠧᠲᠷ ᠵᠠᠶᠢᠳᠠᠢ ᠭᠤᠸᠠᠨᠳᠢ ᠪᠠᠯᠭᠠᠰᠤᠨ ᠤ ᠮᠠ ᠠᠨ ᠱᠠᠨ ᠲᠤᠰᠬᠤᠨ ᠤ ᠵᠡᠭᠦᠨ ᠬᠤᠶᠢᠨ᠎ᠠ ᠪᠠᠶᠢᠨ᠎ᠠ᠃ ᠶᠡᠭᠡ ᠲᠦᠯᠦᠪ ᠵᠡᠭᠦᠨ ᠬᠤᠶᠢᠳᠠᠢ — — ᠪᠠᠷᠠᠭᠤᠨ ᠡᠮᠦᠨᠡᠰᠢ ᠬᠠᠷᠠᠴᠨ ᠲᠠᠢ᠃ ᠬᠤᠶᠠᠷ ᠬᠠᠵᠠᠭᠤ ᠶᠢᠨ ᠠᠭᠤᠯᠠᠰ ᠢ ᠭᠠᠵᠠᠷ ᠰᠢᠨᠵᠢᠯᠡᠭᠡᠨ ᠤ ᠨᠡᠷ᠎ᠡ ᠨᠢ ᠬᠤᠸᠠ ᠮᠠᠩᠨᠠᠢ ᠠᠭᠤᠯᠠ ᠭᠡᠳᠡᠭ᠃ ᠬᠤᠸᠠ ᠪᠤᠬ᠎ᠠ ᠭᠡᠬᠦ ᠨᠡᠷ᠎ᠡ ᠨᠢ ᠠᠷᠠᠳ ᠤᠨ ᠤᠯᠠᠮᠵᠢᠯᠠᠯ ᠶᠠᠷᠢᠶᠠᠨ  ᠠᠴᠠ ᠢᠷᠡᠯᠳᠡᠳᠠᠢ᠃ ᠲᠤᠬᠠᠢ ᠶᠢᠨ ᠤᠷᠤᠨ ᠤ ᠲᠠᠷᠢᠶᠠᠴᠢᠳ ᠶᠠᠷᠢᠬᠤ ᠪᠠᠷ 1916 ᠤᠨ ᠤ 8 ᠰᠠᠷ᠎ᠠ ᠳᠤ ᠠᠷᠤ ᠮᠤᠩᠭᠤᠯ ᠤᠨ ᠪᠠᠪᠤᠵᠠᠪ ᠮᠦᠭᠳᠡᠨ ᠤ 28 ᠳ᠋ᠤᠭᠠᠷ ᠳ᠋ᠢᠸᠢᠽᠢ ᠳᠤ ᠶᠡᠭᠡ ᠢᠯᠠᠭᠳᠠᠨ ᠶᠠᠫᠤᠨ ᠲᠠᠩᠨᠠᠭᠤᠯ ᠤᠨ ᠬᠠᠮᠠᠭᠠᠯᠠᠯᠳᠠ ᠪᠠᠷ ᠨᠠᠨ ᠮᠠᠨ ᠲᠡᠮᠦᠷ ᠵᠠᠮ ᠢ ᠲᠠᠭᠠᠨ ᠭᠦᠸᠧ ᠵᠢᠶᠠ ᠳ᠋ᠢᠶᠠᠨ ᠵᠦᠭ ᠤᠬᠤᠷᠢᠨ ᠶᠢᠰᠦᠨ ᠰᠠᠷ᠎ᠠ ᠶᠢᠨ ᠦᠶ᠎ᠡ ᠪᠠᠷ ᠺᠠᠶᠢᠯᠦ ᠤᠶᠢᠷᠳᠤᠬᠤ ᠳᠤ ᠪᠠᠭᠠᠷᠢᠨ ᠠᠴᠠ ᠬᠦᠮᠦᠨ ᠢᠷᠡᠵᠦ ︽ᠯᠢᠨᠰᠢ ᠪᠠᠯᠭᠠᠰᠤᠨ ᠳᠤ ᠴᠡᠷᠢᠭ ᠴᠦᠭᠡᠨ︾ ᠭᠡᠵᠦ ᠮᠡᠳᠡᠭᠦᠯᠦᠭᠰᠡᠨ ᠳᠤ ᠲᠡᠳᠡᠨᠠᠷ ᠤᠷᠤᠭᠰᠢᠯᠠᠬᠤ ᠴᠢᠭᠯᠡᠯ ᠢᠶᠠᠨ ᠦᠭᠡᠷᠴᠢᠯᠡᠵᠦ ᠯᠢᠨᠰᠢ ᠪᠠᠯᠭᠠᠰᠤ ᠵᠦᠭ ᠴᠡᠷᠢᠭᠯᠡᠵᠠᠢ᠃ 10 ᠰᠠᠷ᠎ᠠ ᠶᠢᠨ 8 ᠤ ᠦᠷᠯᠦᠭᠡ ᠲᠠᠦᠯᠠᠢ ᠴᠠᠭ ᠲᠤ ᠬᠤᠸᠠ ᠪᠤᠬ᠎ᠠ ᠶᠢᠨ ᠭᠤᠤ ᠬᠦᠷᠬᠦ ᠦᠶᠡᠰ ᠴᠡᠷᠢᠭ ᠤᠨ ᠠᠷᠠᠳ ᠨᠢᠭᠡᠨ ᠬᠤᠸᠠ ᠪᠤᠬ᠎ᠠ ᠭᠤᠤ ᠶᠢᠨ ᠮᠤᠬᠤᠷ ᠵᠦᠭ ᠤᠷᠤᠬᠤ ᠶᠢ ᠬᠠᠷᠠᠭᠠᠳ ᠲᠡᠮᠡᠶᠢᠯᠡ ᠨᠡᠭᠡᠮᠵᠢᠯᠡᠵᠦ ᠭᠤᠤ ᠶᠢᠨ ᠠᠳᠠᠭ ᠬᠦᠷᠬᠦ ᠦᠶᠡᠰ ᠨᠢᠳᠦ ᠢᠷᠡᠮᠬᠦ ᠶᠢᠨ ᠵᠠᠭᠤᠷ᠎ᠠ ᠲᠡᠷᠡ ᠪᠤᠬ᠎ᠠ ᠭᠡᠨᠡᠳᠳᠡ ᠠᠯᠠᠭ᠎ᠠ ᠪᠤᠯᠵᠠᠢ᠃ ᠴᠡᠷᠢᠭ ᠤᠨ ᠠᠷᠠᠳ ︽ᠦᠭᠡᠷ ᠰᠢᠮᠨᠤ ᠯᠠᠩᠳᠠᠷᠠᠮ᠎ᠠ ᠢᠯᠡᠷᠡᠪᠡ︾ ᠬᠡᠮᠡᠨ ᠡᠮᠢᠶᠡᠨ ᠯᠢᠨᠰᠢ ᠶᠢ ᠲᠠᠭᠠᠷᠢᠬᠤ ᠢᠳᠡᠭᠡᠯ ᠠᠯᠳᠠᠷᠠᠨ ᠤᠷᠮ᠎ᠠ ᠵᠤᠷᠢᠭ ᠨᠢ ᠪᠠᠭᠤᠷᠠᠵᠤ ᠨᠠᠪᠳᠠᠷ ᠰᠠᠪᠳᠠᠷ ᠠᠯᠬᠤᠯᠠᠭᠰᠠᠭᠠᠷ ᠨᠠᠷᠠ ᠮᠠᠨᠳᠤᠬᠤ ᠦᠶᠡᠰ ᠯᠢᠨᠰᠢ ᠪᠠᠯᠭᠠᠰᠤᠨ ᠤ ᠵᠡᠭᠦᠨ ᠵᠠᠬ᠎ᠠ ᠳᠤ ᠬᠦᠷᠴᠠᠢ᠃ ᠲᠡᠷᠨ ᠲᠤᠬᠠᠢ ᠢᠵᠢᠶᠦ᠋ᠨ ᠴᠡᠷᠢᠭ ᠪᠠᠪᠤᠵᠠᠪ ᠤᠨ ᠴᠡᠷᠢᠭ ᠲᠤ ᠬᠡᠳᠦᠨᠳᠡ ᠢᠯᠠᠭᠳᠠᠨ ᠵᠤᠷᠢᠭ ᠠᠯᠳᠠᠷᠠᠨ ᠲᠦᠯᠭᠡ ᠦᠵᠡᠭᠦᠯᠦᠭᠰᠡᠨ ᠳᠤ᠄ ︽ᠴᠡᠷᠢᠭ ᠤᠨ ᠰᠠᠭᠤᠷᠢᠨ ᠨᠢ ᠶᠦᠭᠵᠢᠷ  ᠤᠨ ᠰᠦᠮ᠎ᠡ ᠳᠤ ᠪᠠᠶᠢᠷᠰᠢᠵᠤ 鸡 ᠦᠰᠦᠭ ᠲᠠᠢ ᠬᠤᠯᠪᠤᠭᠳᠠᠵᠤ ᠮᠢ ᠵᠧᠨ ᠪᠢᠶᠤᠤ ᠶᠢᠨ 米 ᠦᠰᠦᠭ ᠢ ᠲᠤᠶᠠᠵᠤ ᠪᠠᠶᠢᠬᠤ ᠲᠤᠯᠠ ᠲᠡᠶᠢᠯᠦᠭᠳᠡᠵᠦ ᠪᠠᠶᠢᠨ᠎ᠠ᠃ ᠬᠡᠷᠪᠡ ᠳ᠋ᠢᠶᠤᠤ ᠤᠪᠤᠭᠳᠠᠢ 雕 ᠬᠦᠮᠦᠨ ᠢᠶᠠᠷ ᠫᠤᠤ ᠠᠳᠬᠤᠭᠤᠯᠪᠠᠯ ᠲᠠᠶᠢᠯᠵᠤ ᠪᠤᠯᠤᠨ᠎ᠠ︾ ᠭᠡᠵᠠᠢ᠃ ᠢᠩᠬᠢᠭᠡᠳ ᠡᠷᠢᠭ᠍ᠰᠡᠭᠡᠷ ᠪᠠᠶᠢᠭᠠᠳ ᠡᠮᠦᠨ᠎ᠡ ᠴᠡᠷᠢᠭ ᠲᠤ ᠶᠠᠪᠤᠵᠤ ᠦᠩᠭᠡᠷᠡᠭᠰᠡᠨ ᠳ᠋ᠧᠦᠹᠦ᠋ ᠬᠤᠳᠠᠯᠳᠤᠭᠴᠢ ᠡᠷ᠎ᠡ ᠶᠢ ᠤᠯᠵᠤ ᠠᠪᠤᠭᠠᠳ ᠶᠡᠭᠡ ᠫᠤᠤ ᠠᠳᠬᠤᠭᠤᠯᠵᠠᠢ᠃ ᠤᠳᠠᠯ ᠦᠭᠡᠢ ᠬᠤᠶᠠᠷ ᠲᠠᠯ᠎ᠠ ᠶᠢᠨ ᠬᠢᠨᠢ ᠭᠠᠯ ᠵᠤᠯᠭᠠᠨ ᠢᠵᠢᠶᠦ᠋ᠨ ᠤ ᠲᠠᠯ᠎ᠠ ᠨᠢ ᠪᠠᠪᠤᠵᠠᠪ ᠤᠨ ᠴᠡᠷᠢᠭ ᠤᠨ ᠭᠠᠯ ᠳᠤ ᠲᠠᠷᠤᠭᠳᠠᠨ ᠲᠤᠯᠤᠭᠠᠢ ᠦᠨᠳᠡᠶᠢᠵᠤ ᠴᠢᠳᠠᠬᠤ ᠦᠭᠡᠢ ᠪᠤᠯᠵᠠᠢ᠃ ᠪᠠᠪᠤᠵᠠᠪ ᠴᠦ ᠲᠠᠶᠢᠨ ᠵᠢᠯᠤᠭᠤᠳᠬᠤ ᠪᠠᠨ ᠯᠡ ᠮᠡᠳᠡᠵᠦ ᠦᠪᠡᠷ  ᠤᠨ ᠭᠤᠴᠤᠭ ᠤᠨ ᠢᠶᠠᠨ ᠨᠢᠭᠦᠯᠳᠤ ᠭᠠᠷ ᠰᠤᠩᠭᠠᠬᠤ ᠶᠢ ᠠᠩᠬᠠᠷᠤᠭᠰᠠᠨ ᠦᠭᠡᠢ᠃ ᠲᠡᠭᠦᠨ ᠤ ᠰᠢᠳᠠᠷ ᠬᠢᠶ᠎ᠠ ᠪᠠᠳᠤᠮᠦ᠋ᠩᠭᠡ ᠨᠢ ᠪᠠᠪᠤᠵᠠᠪ ᠲᠤ ᠴᠠᠭᠠᠵᠠᠯᠠᠭᠳᠠᠭᠰᠠᠨ ᠠᠬ᠎ᠠ ᠶᠢᠨ ᠢᠶᠠᠨ ᠦᠰᠢᠶ᠎ᠡ ᠶᠢ ᠠᠪᠬᠤ ᠶᠢᠨ ᠲᠦᠯᠦᠭᠡ ᠠᠷᠦ  ᠠᠴᠠ ᠨᠢ ᠫᠤᠤ ᠲᠠᠯᠪᠢᠨ ᠠᠮᠢ ᠶᠢ ᠨᠢ ᠬᠤᠷᠤᠭᠠᠵᠠᠢ᠃ ᠪᠠᠪᠤᠵᠠᠪ ᠤᠨ ᠴᠡᠷᠢᠭ ᠠᠷᠠᠳ ᠡᠨᠡᠬᠦ ᠤᠴᠠᠷ ᠲᠤ ᠦᠭᠡᠷ ᠰᠢᠮᠨᠤ ᠯᠠᠩᠳᠠᠷᠠᠮ᠎ᠠ ᠢᠯᠡᠷᠡᠭᠰᠡᠨ ᠭᠡᠳᠡᠭ ᠨᠢ ᠨᠡᠩ ᠢᠳᠡᠭᠡᠵᠦ ᠤᠮᠠᠷᠠᠰᠢ ᠤᠬᠤᠷᠢᠵᠤ ᠰᠠᠷᠨᠢᠵᠠᠢ᠃ ᠬᠤᠶᠠᠷ᠂ ᠪᠠᠪᠤᠵᠠᠪ ᠬᠢᠭᠡᠳ ᠮᠢ ᠵᠧᠨ ᠪᠢᠶᠤᠤ ᠶᠢᠨ ᠲᠠᠶᠢᠨ      1913 ᠤᠨ ᠳᠤ ᠠᠷᠤ ᠮᠤᠩᠭᠤᠯ ᠤᠨ ᠲᠠᠪᠤᠨ ᠵᠠᠮ ᠤᠨ ᠴᠡᠷᠢᠭ ᠦᠪᠦᠷ ᠤᠮᠠᠷᠠᠳᠤ ᠶᠢᠨ ᠴᠡᠷᠢᠭ ᠤᠨ ᠡᠷᠭᠡᠳᠡᠨ ᠲᠠᠢ ᠲᠠᠶᠢᠳᠤᠵᠤ ᠡᠬᠢᠯᠡᠵᠠᠢ᠃ ᠡᠭᠦᠨ ᠳᠤ ᠯᠢᠨᠰᠢ ᠶᠢ ᠰᠠᠬᠢᠭᠰᠠᠨ ᠮᠢ ᠵᠧᠨ ᠪᠢᠶᠤᠤ᠄ ︽ᠲᠠᠪᠠᠭᠠᠨ ᠤ ᠠᠷᠤ  ᠳᠤ ᠴᠡᠷᠢᠭ ᠬᠡᠷᠡᠭᠯᠡᠬᠦ︾ ᠲᠠᠶᠢᠨ ᠤ ᠪᠤᠳᠤᠯᠭ᠎ᠠ ᠬᠡᠷᠡᠭᠯᠡᠵᠠᠢ᠃ ᠭᠡᠳᠡᠯ᠎ᠡ ᠬᠠᠢ ᠱᠠᠨ ᠬᠦᠩ ᠬᠢᠭᠡᠳ ᠪᠠᠪᠤᠵᠠᠪ ᠤᠨ ᠤᠳᠤᠷᠢᠳᠤᠭᠰᠠᠨ ᠬᠠᠯᠬ᠎ᠠ ᠮᠤᠩᠭᠤᠯ ᠤᠨ ᠬᠤᠶᠠᠳᠤᠭᠠᠷ ᠵᠠᠮ ᠤᠨ ᠴᠡᠷᠢᠭ ᠨᠢ ᠲᠤᠯᠤᠨ ᠨᠠᠭᠤᠷ᠂ ᠴᠢᠭᠤᠯᠠᠯᠳᠤ ᠬᠠᠭᠠᠯᠭ᠎ᠠ ᠵᠡᠷᠭᠡ ᠭᠠᠵᠠᠷ ᠢᠶᠠᠷ ᠤᠮᠠᠷᠠᠳᠤ ᠶᠢᠨ ᠵᠠᠰᠠᠭ ᠤᠨ ᠭᠠᠵᠠᠷ ᠤᠨ ᠴᠡᠷᠢᠭ ᠢ ᠪᠠᠶᠢᠯᠳᠤᠬᠤ ᠪᠤᠯᠭᠠᠨ ᠢᠯᠠᠵᠠᠢ᠃ ᠲᠡᠷᠡ ᠲᠤᠬᠠᠢ ᠰᠢᠯᠢᠨ ᠭᠤᠤᠯ ᠵᠡᠷᠭᠡ ᠤᠷᠤᠨ ᠢ ᠬᠠᠮᠠᠭᠠᠯᠠᠵᠤ ᠪᠠᠶᠢᠭᠰᠠᠨ ᠴᠡᠷᠢᠭ ᠠᠩᠬᠢ ᠨᠢ ︽ᠴᠡᠷᠢᠭ ᠲᠠᠶᠢᠨ ᠤ ᠠᠰᠢᠭ ᠦᠭᠡᠢ︾ ᠪᠠᠶᠢᠷᠢᠨ ᠳᠤ ᠪᠠᠶᠢᠵᠤ᠂ ᠪᠠᠪᠤᠵᠠᠪ ᠤᠨ ᠴᠡᠷᠢᠭ ᠬᠤᠭᠤᠰᠤᠨ ᠭᠠᠵᠠᠷ ᠶᠠᠪᠤᠬᠤ ᠮᠡᠳᠦ ᠪᠢᠷᠠᠭᠤ ᠶᠢ ᠡᠵᠡᠯᠡᠵᠦ ᠯᠢᠨᠰᠢ ᠶᠢ ᠰᠦᠷᠳᠡᠭᠦᠯᠵᠠᠢ᠃ ᠵᠢᠩ ᠫᠧᠩ ᠤᠨ ᠬᠤᠳᠠᠯᠳᠤᠭᠠᠨ ᠤ ᠡᠪᠯᠡᠯ ᠤᠨ ᠲᠠᠷᠤᠭ᠎ᠠ ᠯᠢᠦ ᠶᠢᠨ ᠰᠢᠦ ︵ᠱᠠᠨ ᠰᠢ ᠶᠢᠨ ᠬᠦᠮᠦᠨ︶ ᠬᠤᠳᠠᠯᠳᠤᠭᠠᠴᠢᠳ ᠢᠶᠠᠨ ᠲᠠᠭᠠᠭᠤᠯᠤᠨ ᠬᠤᠳᠠ ᠭᠠᠷᠴᠦ ᠬᠦᠵᠢ ᠰᠢᠳᠠᠭᠠᠨ ᠤᠭᠳᠤᠵᠠᠢ᠃ ᠪᠠᠪᠤᠵᠠᠪ ᠬᠤᠳᠠᠯᠳᠤᠭᠠᠴᠢᠨ ᠠᠷᠠᠳ ᠲᠠᠢ ᠭᠤᠷᠪᠠᠨ ᠰᠠᠬᠢᠯᠭ᠎ᠠ ᠲᠤᠭᠳᠠᠵᠤ ᠠᠷᠠᠳ ᠢ ᠦᠢᠮᠡᠭᠦᠯᠬᠦ ᠶᠢ ᠲᠡᠪᠴᠢᠵᠠᠢ᠃ 8 ᠰᠠᠷ᠎ᠠ ᠳᠤ ᠬᠠᠯᠬ᠎ᠠ ᠶᠢᠨ ᠨᠠᠶᠢᠳᠠᠨᠵᠠᠪ ᠬᠦᠩ ᠬᠤᠶᠠᠷ ᠵᠠᠮ ᠢᠶᠠᠷ ᠯᠢᠨᠰᠢ ᠶᠢ ᠲᠠᠭᠠᠷᠢᠵᠠᠢ᠃ ᠡᠭᠦᠨ ᠳᠤ ᠵᠡᠭᠦᠨ ᠵᠠᠮ  ᠨᠢ ᠦᠨᠢᠶ᠋ᠷᠡᠳᠠᠢ ᠭᠤᠤᠯ᠂ ᠪᠠᠷᠠᠭᠤᠨ ᠵᠠᠮ ᠨᠢ ᠰᠢᠪᠠᠷᠳᠠᠢ ᠭᠤᠤᠯ ᠪᠠᠷ ᠯᠢᠨᠰᠢ ᠶᠢ ᠲᠤᠪᠳᠤᠯᠠᠵᠤ ᠲᠠᠪᠢᠨᠭᠡᠷ᠂ ᠵᠤᠯᠠᠴᠢᠨ ᠰᠦᠮ᠎ᠡ ᠵᠡᠷᠭᠡ ᠭᠠᠵᠠᠷ ᠢ ᠡᠵᠡᠯᠡᠵᠠᠢ᠃ ᠨᠠᠶᠢᠳᠠᠨᠵᠠᠪ ᠬᠦᠩ ᠬᠢᠭᠡᠳ ᠪᠢᠷᠠᠭᠤ ᠶᠢ ᠡᠵᠡᠯᠡᠭᠰᠡᠨ ᠪᠠᠪᠤᠵᠠᠪ  ᠲᠠᠢ ᠲᠠᠭᠤᠨ ᠬᠤᠭᠤᠯᠠᠢ ᠠᠪᠤᠯᠴᠠᠨ ᠯᠢᠨᠰᠢ ᠪᠠᠯᠭᠠᠰᠤ ᠶᠢ ᠵᠡᠭᠦᠨ᠂ ᠬᠤᠶᠢᠳᠤ᠂ ᠪᠠᠷᠠᠭᠤᠨ ᠭᠤᠷᠪᠠᠨ ᠲᠠᠯ᠎ᠠ ᠠᠴᠠ ᠨᠢ ᠪᠦᠰᠡᠯᠡᠵᠦ ᠪᠠᠶᠢᠳᠠᠯ ᠲᠦᠭᠰᠢᠭᠦᠷᠢᠳᠠᠢ ᠪᠤᠯᠤᠭᠰᠠᠨ ᠳᠤ ᠤᠮᠠᠷᠠᠳᠤ ᠶᠢᠨ ᠴᠡᠷᠢᠭ ᠤᠨ ᠡᠷᠭᠡᠳᠡᠨ ᠤ ᠵᠠᠰᠠᠭ ᠤᠨ ᠭᠠᠵᠷ  ᠠᠴᠠ ᠮᠢ ᠵᠧᠨ ᠪᠢᠶᠤᠤ ᠶᠢ ︽ᠡᠮᠦᠨᠡᠰᠢ ᠠᠯᠬᠤᠮ ᠤᠬᠤᠷᠢᠵᠤ ᠪᠤᠯᠬᠤ ᠦᠭᠡᠢ︾ ᠭᠡᠵᠦ ᠵᠠᠷᠯᠢᠭᠳᠠᠵᠠᠢ᠃ ᠢᠵᠢᠶᠦ᠋ᠨ ᠴᠡᠷᠢᠭ ᠤᠨ ᠲᠦᠩᠯᠢᠩ ᠮᠢ ᠵᠧᠨ ᠪᠢᠶᠤᠤ ᠡᠷᠡᠰ ᠲᠠᠰᠤᠷᠬᠠᠢ ᠲᠠᠶᠢᠨ ᠤ ᠪᠤᠳᠤᠯᠭ᠎ᠠ ᠠᠪᠴᠦ ᠴᠡᠷᠢᠭ ᠤᠨ ᠲᠦᠪᠯᠡᠷᠡᠭᠦᠯᠦᠨ ᠪᠠᠷᠠᠭᠤᠨ ᠵᠠᠮ ᠢ ᠡᠪᠳᠡᠬᠦ ᠪᠠᠷ ᠪᠤᠯᠵᠤ᠂ ᠭᠡᠰᠢᠭᠳᠡᠨ ᠬᠤᠰᠢᠭᠤᠨ ᠤ ᠯᠢᠦ ᠵᠢᠶᠠ ᠢᠩᠽᠢ᠂ ᠷᠠᠰᠢᠶᠠᠨ  ᠳᠤ ᠪᠠᠪᠤᠵᠠᠪ ᠤᠨ ᠴᠡᠷᠢᠭ ᠲᠠᠢ ᠰᠢᠷᠦᠭᠦᠨ ᠲᠤᠯᠤᠯᠳᠤᠭᠠᠨ ᠪᠤᠯᠵᠤ 9 ᠰᠠᠷ᠎ᠠ ᠶᠢᠨ 2 ᠤᠨ ᠡᠳᠦᠷ ᠢᠵᠢᠶᠦ᠋ᠨ ᠴᠡᠷᠢᠭ  ᠨᠢ ᠭᠦ᠋ ᠱᠠᠨ ᠠᠭᠤᠯᠠᠨ ᠠᠴᠠ ᠬᠦᠩᠭᠡᠨ ᠮᠤᠷᠢᠳᠠᠨ ᠢᠶᠠᠷ ᠪᠠᠪᠤᠵᠠᠪ ᠤᠨ ᠴᠡᠷᠢᠭ ᠠᠷᠤ ᠲᠠᠯ᠎ᠠ ᠶᠢ ᠲᠠᠭᠠᠷᠢᠵᠤ ᠴᠡᠷᠢᠭ  ᠤᠨ ᠬᠤᠷᠢᠶ᠎ᠠ ᠶᠢ ᠨᠢ ᠡᠵᠡᠯᠡᠵᠦ ᠭᠤᠤᠯ ᠬᠦᠴᠦᠨ ᠢ ᠨᠢ ᠤᠰᠠᠳᠬᠠᠵᠠᠢ᠃ 10 ᠰᠠᠷ᠎ᠠ ᠳᠤ ᠢᠵᠢᠶᠦ᠋ᠨ ᠴᠡᠷᠢᠭ ᠬᠢᠭᠡᠳ ᠡᠦ ᠵᠢᠶᠦ᠋ᠨ ᠱᠧᠩ ᠤᠨ ᠴᠡᠷᠢᠭ ᠬᠤᠯᠪᠤᠭᠠᠯᠠᠨ ᠪᠢᠷᠠᠭᠤ᠂ ᠳ᠋ᠠ ᠸᠠᠩ ᠤᠨ ᠰᠦᠮ᠎ᠡ᠂ ᠲᠤᠯᠢ ᠶᠢᠨ ᠰᠦᠮ᠎ᠡ ᠵᠡᠷᠭᠡ ᠭᠠᠵᠷ ᠢ ᠡᠵᠡᠯᠡᠵᠦ᠂ ᠬᠤᠶᠢᠳᠤ ᠵᠠᠮ ᠤᠨ ᠢᠵᠢᠶᠦ᠋ᠨ ᠴᠡᠷᠢᠭ ᠨᠢ ᠵᠤᠯᠠᠴᠢᠨ ᠰᠦᠮ᠎ᠡ᠂ ᠰᠢᠪᠠᠷᠳᠠᠢ᠂ ᠲᠠᠪᠢᠨᠭᠡᠷ ᠵᠡᠷᠭᠡ ᠭᠠᠵᠠᠷ ᠢ ᠲᠠᠬᠢᠵᠤ ᠡᠵᠡᠯᠡᠵᠠᠢ᠃ ᠠᠷᠤ ᠮᠤᠩᠭᠤᠯ ᠤᠨ ᠨᠠᠶᠢᠳᠠᠨ ᠬᠦᠩ ᠲᠠᠪᠠᠭᠠᠨ ᠤ ᠠᠷᠤ ᠵᠦᠭ ᠤᠬᠤᠷᠢᠵᠤ᠂ ᠪᠠᠪᠤᠵᠠᠪ ᠤᠨ ᠴᠡᠷᠢᠭ ᠦᠵᠦᠮᠦᠴᠢᠨ ᠬᠤᠰᠢᠭᠤ ᠬᠢᠭᠡᠳ ᠬᠠᠭᠤᠴᠢᠳ ᠬᠤᠰᠢᠭᠤᠨ ᠤ ᠵᠠᠭᠠᠭ ᠲᠡᠭᠡᠷ᠎ᠡ ᠴᠡᠷᠢᠭ ᠰᠠᠭᠤᠵᠤ ᠴᠡᠷᠢᠭ ᠤᠨ ᠰᠠᠬᠢᠯᠭ᠎ᠠ ᠪᠠᠨ ᠴᠢᠩᠭᠠᠳᠬᠠᠨ ᠪᠠᠪᠤᠵᠠᠪ ᠶᠡᠭᠡ ᠵᠠᠩᠵᠤᠨ ᠪᠤᠯᠵᠤ᠂ ᠪᠠᠢ ᠤᠪᠤᠭᠳᠤ ︵ᠨᠡᠷ᠎ᠡ  ᠨᠢ ᠲᠤᠳᠤᠷᠬᠠᠢ ᠦᠭᠡᠢ︶ ᠲᠡᠳ᠋ ᠵᠠᠩᠵᠤᠨ ᠪᠤᠯᠵᠤ᠂ ᠪᠠᠨᠵᠤᠷ ᠭᠤᠷᠪᠠᠳᠤᠭᠠᠷ ᠵᠠᠩᠵᠤᠨ ᠪᠤᠯᠭᠠᠵᠦ ᠴᠡᠷᠢᠭ ᠢᠶᠠᠨ ᠴᠡᠭᠴᠡᠯᠡᠵᠠᠢ᠃ ᠲᠤᠰ ᠤᠨ ᠳᠤ ᠬᠦᠷᠵᠠᠪ ᠲᠠᠷᠠᠭᠠᠯᠠᠨ ᠪᠠᠶᠢᠯᠳᠤᠭᠠᠨ ᠤ ᠭᠠᠪᠢᠶ᠎ᠠ ᠪᠠᠶᠢᠭᠤᠯᠤᠭᠰᠠᠨ ᠠᠴᠠ ᠤᠯᠠᠭᠠᠨ ᠲᠤᠭᠳᠤ ᠬᠤᠰᠢᠭᠤᠴᠢ ᠰᠤᠮᠤᠨ ᠲᠠᠷᠤᠭ᠎ᠠ ᠪᠠᠷ ᠲᠡᠪᠰᠢᠵᠠᠢ᠃ ᠬᠡᠳᠦᠨ ᠵᠢᠯ ᠪᠡᠯᠡᠳᠭᠡᠭᠰᠡᠨ ᠤ ᠲᠠᠷᠠᠭ᠎ᠠ ᠢᠷᠭᠡᠨ ᠤᠯᠤᠰ ᠤᠨ ᠲᠠᠪᠤᠳᠤᠭᠠᠷ ᠤᠨ ᠳᠤ ︽ᠶᠤᠸᠠᠨ ᠱᠢ ᠺᠠᠢ ᠶᠢ ᠲᠠᠶᠢᠯᠠᠵᠤ ᠮᠠᠨᠵᠤ ᠴᠢᠩ ᠢ ᠰᠡᠷᠭᠦᠭᠡᠬᠦ︾ ᠶᠡᠭᠡ ᠲᠤᠭ ᠡᠷᠭᠦᠵᠦ ᠴᠡᠷᠢᠭ ᠭᠠᠷᠴᠠᠢ᠃ ᠨᠢᠭᠡᠳᠦᠭᠡᠷ ᠵᠠᠮ ᠢ ᠰᠡᠪᠴᠢᠩᠭ᠎ᠠ ᠵᠠᠬᠢᠷᠴᠦ᠂ ᠬᠤᠶᠠᠳᠤᠭᠠᠷ ᠵᠠᠮ ᠢ ᠬᠠᠳᠠ ᠤᠳᠤᠷᠢᠳᠴᠦ᠂ ᠭᠤᠷᠪᠠᠳᠤᠭᠠᠷ ᠠᠩᠬᠢ ᠶᠢ ᠪᠠᠪᠤᠵᠠᠪ ᠪᠡᠶᠡᠪᠡᠷ ᠢᠶᠠᠨ ᠲᠡᠳ᠋ ᠲᠦᠩᠯᠢᠩ ᠡᠧᠪᠠᠵᠠᠪ ᠨᠠᠷ ᠲᠠᠢ ᠬᠤᠶᠠᠭᠤᠯᠠ ᠲᠠᠭᠠᠭᠤᠯᠵᠤ ᠬᠢᠩᠭᠠᠨ ᠲᠠᠪᠠᠭ᠎ᠠ ᠪᠠᠷ ᠴᠡᠷᠢᠭ ᠤᠷᠤᠭᠠᠳ ᠢᠯᠠᠭᠳᠠᠵᠠᠢ᠃ ᠢᠯᠠᠭᠳᠠᠭᠰᠠᠨ ᠤ ᠲᠠᠷᠠᠭ᠎ᠠ ᠪᠠᠪᠤᠵᠠᠪ ᠤᠨ ᠴᠡᠷᠢᠭ ᠵᠠᠷᠤᠳ᠂ ᠠᠷᠤ ᠬᠤᠷᠴᠢᠨ᠂ ᠬᠤᠶᠠᠷ ᠪᠠᠭᠠᠷᠢᠨ ᠢᠶᠠᠷ ᠲᠠᠮᠵᠢᠨ ᠯᠢᠨᠰᠢ ᠵᠦᠭ ᠴᠡᠷᠢᠭᠯᠡᠵᠡᠢ᠃ ᠴᠡᠷᠢᠭ ᠦᠩᠭᠡᠷᠡᠬᠦ ᠵᠠᠮ ᠵᠠᠭᠤᠷ᠎ᠠ ᠡᠯ᠎ᠡ ᠬᠤᠰᠢᠭᠤᠨ ᠤ ᠰᠦᠷᠦᠭ ᠬᠠᠷᠠᠭᠤᠯᠤᠭᠰᠠᠨ ᠵᠠᠯᠠᠭᠤᠰ ᠴᠡᠷᠢᠭ ᠲᠤ ᠤᠷᠤᠭᠰᠠᠨ  ᠨᠢ ᠨᠡᠯᠢᠶᠡᠳ ᠤᠯᠠᠨ᠃ ᠪᠠᠭᠠᠷᠢᠨ ᠪᠠᠷᠠᠭᠤᠨ ᠬᠤᠰᠢᠭᠤᠨ ᠤ ᠰᠤᠪᠤᠷᠭ᠎ᠠ ᠪᠠᠷ ᠦᠩᠭᠡᠷᠡᠬᠦ ᠳᠡᠭᠡᠨ ᠴᠡᠷᠢᠭ ᠪᠠᠨ ᠲᠤᠭᠠᠯᠠᠭᠰᠠᠨ ᠳᠤ 8 ᠮᠢᠩᠭᠠᠨ ᠬᠦᠮᠦᠨ ᠪᠠᠶᠢᠭᠰᠠᠨ ᠢ ᠲᠦᠮᠡᠨ ᠬᠦᠮᠦᠨ ᠬᠡᠮᠡᠨ ᠠᠯᠳᠠᠷᠰᠢᠭᠤᠯᠤᠨ ᠯᠢᠨᠰᠢ ᠵᠦᠭ ᠴᠡᠷᠢᠭᠯᠡᠨ ᠠᠳᠠᠯ᠎ᠠ᠂ ᠵᠡᠭᠦᠨ ᠱᠢᠪᠠᠷᠳᠠᠢ ᠬᠦᠷᠬᠦ ᠦᠶᠡᠰ ᠮᠤᠩᠭᠤᠯ ᠬᠦᠮᠦᠨ ᠢᠷᠡᠵᠦ᠄ ︽ᠯᠢᠨᠰᠢ ᠪᠡᠯᠡᠳᠭᠡᠯᠳᠠᠢ︾ ᠭᠡᠰᠡᠨ ᠳᠤ ᠬᠤᠶᠠᠷ ᠰᠤᠮᠤᠨ ᠤ ᠬᠦᠮᠦᠨ ᠭᠠᠷᠭᠠᠨ ᠵᠠᠮ ᠬᠠᠶᠢᠯᠭᠠᠨ ᠤᠷᠤᠭᠰᠢᠯᠠᠭᠤᠯᠵᠤ᠂ ᠶᠠᠪᠠᠭᠠᠨ ᠴᠡᠷᠢᠭ ᠬᠤᠶᠠᠷ ᠪᠠᠲᠯᠢᠶᠦᠨ ᠭᠠᠷᠭᠠᠵᠤ ᠵᠡᠭᠦᠨ ᠭᠤᠤᠯ ︵ᠴᠠᠭᠠᠨᠮᠦ᠋ᠷᠡᠨ ᠪᠠᠶᠢᠭ᠎ᠠ︶ ᠤᠨ ᠬᠠᠪᠢ ᠪᠠᠷ ᠤᠷᠤᠵᠠᠢ᠃ 10 ᠰᠠᠷ᠎ᠠ ᠶᠢᠨ 7  ᠤ ᠡᠳᠦᠷ ᠯᠢᠨᠰᠢ ᠶᠢ ᠰᠠᠬᠢᠭᠰᠠᠨ ᠮᠢ ᠵᠧᠨ ᠪᠢᠶᠤᠤ ᠪᠠᠪᠤᠵᠠᠪ ᠤᠨ ᠴᠡᠷᠢᠭ ᠢᠷᠡᠬᠦ ᠶᠢ ᠮᠡᠳᠡᠵᠦ ᠿᠧ ᠾᠧ ᠮᠤᠵᠢ ᠶᠢᠨ ᠪᠦᠬᠦᠳᠡ ᠶᠢ ᠵᠠᠬᠢᠷᠤᠭᠴᠢ ᠵᠢᠶᠠᠩ ᠬᠦᠢ ᠲᠢ ᠠᠴᠠ ᠵᠠᠷᠯᠢᠭ ᠠᠪᠴᠠᠢ᠃ ᠵᠢᠶᠠᠩ ᠬᠦᠢ ᠲᠢ ᠬᠠᠷᠢᠭᠤ ᠴᠤᠬᠤᠯᠠᠪᠤᠷᠢᠯᠠᠨ ︽ᠭᠠᠵᠠᠷ ᠰᠠᠬᠢᠬᠤ ᠳᠤ ᠬᠠᠷᠢᠭᠤᠯᠴᠠᠭ᠎ᠠ ᠠᠮᠦᠢ᠂ ᠯᠢᠨᠰᠢ ᠶᠢ ᠪᠠᠳᠤ ᠰᠠᠬᠢᠭᠳᠤᠨ᠂ ᠬᠡᠷᠪᠡ ᠠᠳᠡᠭᠳᠡᠯ ᠭᠠᠷᠪᠠᠰᠤ ᠴᠡᠷᠢᠭ ᠤᠨ ᠴᠭᠠᠵᠠ ᠪᠠᠷ ᠠᠪᠠᠴᠢᠮᠦᠢ︾ ᠭᠡᠵᠠᠢ᠃ ᠮᠢ ᠵᠧᠨ ᠪᠢᠶᠤᠤ 10 ᠰᠠᠷ᠎ᠠ ᠶᠢᠨ 6 ᠤ ᠰᠦᠨᠢ ᠮᠤᠷᠢᠳᠤ ᠴᠡᠷᠢᠭ ᠤᠨ ᠬᠤᠶᠠᠷ ᠰᠤᠮᠤ ᠶᠢ ᠢᠯᠭᠡᠨ ᠵᠡᠭᠦᠨ ᠭᠤᠤᠯ ᠤᠷᠴᠢᠮ ᠶᠢᠨ ᠲᠠᠩᠨᠠᠨ ᠤᠷᠤᠭᠰᠢᠯᠠᠭᠤᠯᠵᠤ ᠂ ᠵᠡᠭᠦᠨ ᠠᠩᠬᠢ ᠢ ᠶᠠᠪᠠᠭᠠᠨ ᠴᠡᠷᠢᠭ ᠤᠨ ᠲᠦᠷᠪᠡᠳᠦᠭᠡᠷ ᠪᠠᠲᠯᠢᠶᠤᠨ ᠤ ᠱᠢ ᠴᠧᠩ ᠴᠢᠦᠸᠠᠨ ᠭᠤᠸᠠᠨᠳᠠᠢ ᠪᠠᠷ ᠴᠡᠷᠢᠭ ᠲᠠᠶᠢᠴᠢᠯᠠᠭᠤᠯᠤᠨ ᠡᠮᠦᠨ᠎ᠡ ᠬᠠᠷᠠᠭᠤᠯ ᠪᠤᠯᠭᠠᠵᠤ᠂ ᠶᠠᠪᠠᠭᠠᠨ ᠴᠡᠷᠢᠭ ᠤᠨ ᠬᠠᠪᠰᠤᠷᠤᠭᠴᠢ ᠭᠤᠸᠠᠨᠳᠠᠢ ᠮᠠ ᠤᠪᠤᠭᠳᠤ ︵ᠨᠡᠷ᠎ᠡ ᠶᠢ ᠮᠡᠳᠡᠬᠦ ᠦᠭᠡᠢ᠃ ᠲᠤᠰ ᠪᠲᠯᠢᠶᠦ᠋ᠨ ᠤ ᠵᠢᠩᠬᠢᠨᠠᠢ ᠭᠤᠸᠠᠨᠳᠠᠢ ᠨᠢ ᠮᠢ ᠵᠧᠨ ᠪᠢᠶᠤᠤ ᠶᠢᠨ ᠬᠦᠪᠡᠭᠦᠨ᠂ ᠦᠩᠭᠡᠷᠡᠬᠦ ᠪᠠᠭ᠎ᠠ ᠴᠡᠷᠢᠭ ᠵᠢᠯᠤᠭᠤᠳᠴᠦ ᠴᠢᠳᠠᠬᠤ ᠦᠭᠡᠢ︶ ᠪᠠᠷ ᠠᠷᠤ ᠬᠦᠴᠦᠨ ᠪᠤᠯᠭᠠᠵᠤ ᠵᠡᠭᠦᠨ ᠭᠤᠤᠯ ᠤᠨ ᠵᠦᠭ ᠤᠭᠳᠤᠨ ᠪᠠᠶᠢᠯᠳᠤᠬᠤ ᠪᠠᠷ ᠮᠤᠷᠳᠠᠭᠤᠯᠵᠤ᠂ 10 ᠰᠠᠷ᠎ᠠ ᠶᠢᠨ 7 ᠤ ᠡᠳᠦᠷ ᠤᠨ 7 ᠴᠠᠭ ᠲᠤ ᠵᠤᠷᠢᠭᠰᠠᠨ ᠭᠠᠵᠠᠷ ᠢᠶᠠᠨ ᠬᠦᠷᠴᠦ ᠰᠡᠷᠭᠡᠶᠢᠯᠡᠯᠳᠡ ᠶᠢᠨ ᠪᠠᠷᠢᠯᠭ᠎ᠠ ᠬᠢᠵᠤ ᠡᠬᠢᠯᠡᠵᠠᠢ᠃ ᠰᠢ ᠭᠤᠸᠠᠨᠳᠠᠢ ᠴᠡᠷᠢᠭ ᠠᠪᠴᠦ ᠤᠷᠢᠳᠠᠪᠠᠷ ᠭᠤᠤᠯ ᠭᠠᠷᠴᠦ᠂ ᠮᠠ ᠭᠤᠸᠠᠨᠳᠠᠢ ᠲᠠᠷᠠᠭᠠᠯᠠᠨ ᠴᠡᠷᠢᠭ ᠲᠠᠭᠠᠭᠤᠯᠤᠨ ᠭᠤᠤᠯ ᠭᠠᠷᠴᠦ ᠪᠠᠪᠤᠵᠠᠪ  ᠤᠨ ᠴᠡᠷᠢᠭ ᠢ ᠤᠭᠳᠤᠨ ᠪᠠᠶᠢᠯᠳᠤᠬᠤ ᠪᠤᠯᠵᠤ᠂ ᠨᠢᠭᠡᠳᠦᠭᠡᠷ ᠪᠠᠲᠯᠢᠶᠦᠨ ᠨᠢ ᠲᠤᠰᠠᠯᠠᠬᠤ ᠬᠦᠴᠦᠨ ᠪᠤᠯᠵᠤ ᠲᠠᠭᠠᠯᠳᠤᠪᠠᠷ ᠭᠠᠷᠬᠤ ᠪᠤᠯᠵᠠᠢ᠃ ᠰᠢ ᠭᠤᠸᠠᠨᠳᠠᠢ ᠶᠢᠨ ᠴᠡᠷᠢᠭ ᠬᠤᠸᠠ ᠱᠢ ᠱᠠᠨ ᠠᠭᠤᠯᠠᠨ ᠤ ᠬᠤᠶᠠᠷ ᠭᠡᠷ ᠤᠨ ᠬᠠᠪᠢ ᠪᠠᠷ ᠴᠡᠷᠢᠭ ᠠᠮᠠᠷᠠᠬᠤ ᠵᠠᠭᠤᠷ᠎ᠠ ᠲᠤᠷᠰᠢᠭᠤᠯ ᠠᠩᠬᠢ ᠨᠢ ᠲᠠᠶᠢᠰᠤᠨ ᠤ ᠪᠠᠷᠠᠭ᠎ᠠ ᠶᠢ ᠤᠯᠵᠤ ᠬᠠᠷᠠᠭᠰᠠᠨ ᠦᠭᠡᠢ ᠮᠦᠷᠳᠡᠭᠡᠨ ᠬᠠᠷᠠᠭᠤᠯ ᠭᠠᠷᠭᠠᠭᠰᠠᠨ ᠦᠭᠡᠢ᠃ ᠡᠨᠡ ᠦᠶᠡᠰ ᠪᠠᠪᠤᠵᠠᠪ ᠤᠨ ᠴᠡᠷᠢᠭ ᠠᠩᠬᠢ ᠭᠡᠨᠡᠳᠳᠡ ᠰᠢᠪᠠᠷᠳᠠᠢ ᠠᠴᠠ ᠭᠠᠷᠴᠦ ᠢᠷᠡᠨ ᠲᠤᠭᠰᠢᠨ ᠰᠠᠯᠬᠢᠨ ᠰᠢᠷᠦᠭᠦᠨ ᠪᠤᠷᠤᠭᠠᠨ ᠮᠡᠳᠦ ᠬᠤᠶᠠᠷ ᠵᠢᠭᠦᠷᠯᠡᠨ ᠪᠦᠰᠡᠯᠡᠵᠦ ᠠᠪᠴᠠᠢ᠃ ᠰᠢ ᠭᠤᠸᠠᠨᠳᠠᠢ ᠮᠡᠩᠳᠡ ᠰᠡᠩᠳᠡ ᠤᠭᠳᠤᠨ ᠪᠠᠶᠢᠯᠳᠤᠭᠠᠳ ᠲᠦᠳᠡᠭᠡᠨ᠎ᠡ ᠢᠯᠠᠭᠳᠠᠵᠤ ᠴᠡᠷᠢᠭ ᠠᠩᠬᠢ ᠨᠢ ᠲᠦᠷᠪᠡᠨ ᠵᠦᠭ ᠲᠤ ᠰᠠᠷᠨᠢᠵᠠᠢ᠃ ᠪᠠᠪᠤᠵᠠᠪ ᠤᠨ ᠴᠡᠷᠢᠭ ᠲᠦᠷᠭᠡᠨ ᠲᠤᠪᠳᠤᠯᠠᠬᠤ ᠳᠤ ᠢᠵᠢᠶᠦᠨ ᠴᠡᠷᠢᠭ ᠨᠢ ᠤᠷᠭ᠎ᠠ ᠳᠤ ᠴᠤᠬᠢᠭᠳᠠᠨ ᠦᠭᠦᠭᠰᠡᠨ ᠪᠠ ᠮᠤᠷᠢᠨ ᠳᠤ ᠬᠢᠰᠬᠢᠭᠳᠡᠨ ᠦᠭᠦᠭᠰᠡᠨ ᠨᠢ ᠨᠡᠯᠢᠶᠡᠳ ᠤᠯᠠᠨ ᠪᠤᠯᠵᠤ ᠱᠢ ᠭᠤᠸᠠᠨᠳᠠᠢ ᠴᠦ ᠲᠠᠶᠢᠨ ᠤ ᠲᠠᠯᠠᠪᠤᠷ ᠳᠤ ᠦᠷᠡᠭᠳᠡᠵᠦ᠂ 8 ᠴᠡᠷᠢᠭ ᠨᠢ ᠠᠷᠠᠳ ᠤᠨ ᠬᠤᠷᠢᠶᠠᠨ ᠳᠤ ᠨᠢᠭᠤᠭᠳᠠᠨ ᠠᠮᠢ ᠮᠤᠯᠳᠤᠷᠠᠵᠠᠢ᠃ ᠲᠤᠬᠠᠢ ᠶᠢᠨ ᠦᠶ᠎ᠡ ᠳᠤ ᠶᠠᠪᠠᠭᠠᠨ ᠴᠡᠷᠢᠭ ᠤᠨ ᠮᠠ ᠭᠤᠸᠠᠨᠳᠠᠢ ᠭᠤᠤᠯ ᠤᠨ ᠪᠠᠷᠠᠭᠤᠨ ᠳᠠᠬᠢ ᠲᠤᠰᠬᠤᠨ ᠳᠤ ᠪᠤᠳᠠᠭ᠎ᠠ ᠢᠳᠡᠵᠦ ᠪᠠᠶᠢᠭᠠᠳ ᠲᠠᠶᠢᠨ ᠤ ᠴᠢᠮᠡᠭᠡ ᠶᠢ ᠰᠤᠨᠤᠰᠴᠦ ᠶᠠᠭᠠᠷᠠᠤ ᠰᠠᠨᠳᠤᠷᠠᠦ ᠤᠭᠳᠤᠨ ᠪᠠᠶᠢᠯᠳᠤᠭᠠᠳ ᠠᠷᠠᠶᠢᠬᠠᠨ ᠭᠠᠯ ᠵᠤᠯᠭᠠᠮᠠᠭᠴᠠ ᠴᠡᠷᠢᠭ ᠠᠩᠬᠢ ᠨᠢ ᠰᠠᠷᠨᠢᠵᠤ ᠯᠢᠨᠰᠢ ᠪᠠᠯᠭᠠᠰᠤᠨ ᠳᠤ ᠪᠤᠷᠤᠭᠤᠯᠠᠨ ᠤᠷᠤᠵᠠᠢ᠃ ᠡᠨᠡᠬᠦ ᠲᠠᠶᠢᠨ ᠳᠤ ᠢᠵᠢᠶᠦ᠋ᠨ ᠤ ᠲᠤᠮᠢᠯᠠᠭᠰᠠᠨ ᠴᠡᠷᠢᠭ 100 ᠭᠠᠷᠦᠢ ᠬᠦᠮᠦᠨ ᠠᠮᠢᠳᠤ ᠦᠯᠡᠳᠡᠵᠦ᠂ 2 — 3 ᠵᠠᠭᠤᠨ ᠬᠦᠮᠦᠨ ᠬᠤᠬᠢᠷᠠᠵᠠᠢ᠃ ᠮᠢ ᠵᠧᠨ ᠪᠢᠶᠤᠤ ᠲᠡᠷᠡ ᠲᠠᠷᠦᠢ ᠰᠤᠪᠬᠠᠢ ᠲᠠᠷᠬᠠᠨ ᠤ ᠰᠦᠮ᠎ᠡ ᠳᠤ ᠪᠠᠶᠢᠷᠰᠢᠭᠰᠠᠨ ᠵᠢᠶᠠ ᠢᠩ ᠵᠢᠶᠦ᠋ᠨ ᠤ ᠴᠡᠷᠢᠭ ᠪᠠ ᠡᠮᠤᠨ᠎ᠡ ᠬᠠᠭᠠᠯᠭᠠᠨ ᠤ ᠭᠠᠳᠠᠨ᠎ᠠ ᠴᠡᠷᠢᠭ ᠪᠤᠯᠪᠠᠰᠤᠷᠠᠬᠤ ᠭᠠᠵᠠᠷ ᠪᠠᠶᠢᠭᠰᠠᠨ ᠢᠦᠢ ᠬᠡᠦ ᠴᠧᠨ ᠤ ᠴᠡᠷᠢᠭ ᠠᠩᠬᠢ ᠶᠢ ᠪᠦᠬᠦᠨ ᠢ ᠬᠤᠳᠠ ᠲᠤᠳᠤᠷ᠎ᠠ ᠲᠠᠳᠠᠵᠤ ᠤᠷᠤᠭᠤᠯᠤᠭᠠᠳ ᠦᠪᠡᠷ  ᠢᠶᠠᠨ 7 ᠪᠠᠲᠯᠢᠶᠦ᠋ᠨ ᠤ ᠬᠦᠴᠦᠨ ᠢ ᠵᠢᠯᠤᠭᠤᠭᠴᠦ ᠬᠤᠳᠠ ᠶᠢ ᠰᠠᠬᠢᠨ ᠺᠠᠶᠢᠯᠤ ᠳᠤ ᠪᠠᠶᠢᠭᠰᠠᠨ ᠴᠠᠩ ᠲᠦᠩᠯᠢᠩ  ᠤᠨ ᠴᠡᠷᠢᠭ ᠢ ᠲᠦᠷᠭᠡᠨ ᠪᠤᠴᠠᠵᠤ ᠢᠷᠡᠭᠳᠤᠨ ᠬᠡᠮᠡᠨ ᠵᠠᠷᠯᠢᠭᠳᠠᠵᠠᠢ᠃       10 ᠰᠠᠷ᠎ᠠ ᠶᠢᠨ 8 ᠤ ᠡᠳᠦᠷ ᠪᠠᠪᠤᠵᠠᠪ ᠤᠨ ᠴᠡᠷᠢᠭ ᠰᠢᠪᠠᠭᠳᠤ ᠭᠤᠤ ︵ᠤᠳᠤᠬᠠᠨ ᠤ ᠪᠦᠸᠧ ᠵᠢᠢ ᠭᠤᠤ ︶᠂ ᠵᠡᠭᠦᠨ ᠤᠯᠢᠶᠠᠰᠤᠳᠠᠢ ᠰᠦᠮ᠎ᠡ ᠪᠠᠷ ᠵᠠᠮ ᠬᠤᠪᠢᠶᠠᠨ ᠰᠦᠷᠦᠭᠯᠡᠨ ᠢᠷᠡᠵᠦ ᠵᠡᠭᠦᠨ ᠠᠭᠤᠯᠠᠨ ︵ᠪᠠᠶᠢᠬᠤᠳᠤ︶ ᠳᠤ ᠫᠤᠤᠳᠤ ᠠᠩᠬᠢ ᠪᠠᠨ ᠪᠠᠶᠢᠷᠰᠢᠭᠤᠯᠵᠤ ᠲᠠᠶᠢᠨ ᠡᠬᠢᠯᠡᠵᠦ ᠪᠠᠪᠤᠵᠠᠪ ᠤᠨ ᠴᠡᠷᠢᠭ ᠬᠡᠳᠦᠨᠳᠡ ᠲᠠᠭᠠᠷᠢᠭᠰᠠᠨ ᠪᠤᠯᠪᠠᠴᠦ ᠮᠢ ᠵᠧᠨ ᠪᠢᠶᠤᠤ ᠶᠢᠨ ᠴᠡᠷᠢᠭ ᠲᠤ ᠴᠤᠬᠢᠭᠳᠠᠨ ᠤᠬᠤᠷᠢᠵᠠᠢ᠃ ᠲᠡᠭᠡᠭᠡᠳ ᠬᠤᠶᠢᠳᠤ ᠡᠭᠦᠳᠡ ᠶᠢ ᠲᠠᠭᠠᠷᠢᠬᠤ ᠭᠤᠤᠯ ᠵᠤᠷᠢᠯᠭ᠎ᠠ ᠪᠤᠯᠭᠠᠨ ᠡᠪᠡᠰᠦᠨ ᠭᠡᠷ ᠢ ᠭᠠᠯᠳᠠᠵᠤ ᠰᠦᠷ ᠬᠦᠴᠦᠨ ᠨᠢ ᠪᠠᠳᠠᠷᠠᠵᠤ ᠤᠯᠠᠭᠠᠨ ᠲᠤᠭᠳᠤ ᠬᠤᠰᠢᠭᠤᠴᠢ ᠬᠦᠯᠦᠵᠠᠪ ︵ᠠᠤᠬᠠᠨ ᠬᠦᠮᠦᠨ︶ ᠡᠮᠦᠨ᠎ᠠ ᠬᠠᠭᠠᠯᠭᠠᠨ ᠤ ᠭᠠᠳᠠᠨ᠎ᠠ ᠲᠠᠭᠠᠷᠢᠨ ᠬᠦᠷᠴᠠᠢ᠃ ᠪᠠᠶᠢᠯᠳᠤᠭᠠᠨ ᠶᠡᠭᠡ ᠠᠶᠤᠮᠰᠢᠭᠳᠠᠢ ᠶᠠᠪᠤᠭᠳᠠᠵᠤ ᠪᠠᠶᠢᠳᠠᠯ᠎ᠠ ᠪᠠᠪᠤᠵᠠᠪ ᠭᠡᠨᠡᠳᠳᠡ ᠬᠠᠷ᠎ᠠ ᠰᠤᠮᠤᠨ ᠳᠤ ᠤᠨᠤᠭᠳᠠᠵᠤ ᠡᠷᠰᠡᠳᠡᠭᠡᠳ ︵ᠲᠡᠭᠦᠨ  ᠤ ᠭᠡᠨᠨᠡᠳᠡᠭᠰᠡᠨ ᠲᠤᠬᠠᠢ ᠭᠤᠷᠪᠠᠨ ᠵᠦᠢᠯᠤᠨ ᠬᠡᠯᠡᠯᠭᠡ ᠪᠤᠢ︶ ᠴᠡᠷᠢᠭ ᠤᠨ ᠠᠷᠠᠳ ᠨᠢ ᠶᠡᠭᠡᠯ᠎ᠡ ᠤᠬᠢᠯᠠᠯᠳᠤᠨ ᠲᠡᠭᠦᠨ  ᠤ ᠭᠡᠬᠦᠷ ᠢ ᠰᠢᠷ᠎ᠠ ᠲᠤᠷᠭ᠎ᠠ ᠪᠠᠷ ᠪᠤᠭᠤᠵᠤ᠂ ᠭᠡᠷ ᠨᠤᠷᠠᠭᠠᠨ ᠤᠨᠢᠨ ᠮᠤᠳᠤ ᠪᠠᠷ ᠨᠢ ᠬᠡᠭᠦᠷ ᠢ ᠨᠢ ᠬᠠᠶᠢᠯᠤᠭᠤᠯᠵᠤ᠂ ᠶᠠᠰᠤᠨ ᠦᠨᠡᠰᠦ ᠶᠢ ᠨᠢ ᠴᠠᠭᠠᠨ ᠤᠭᠤᠳᠠ ᠳᠤ ᠬᠢᠵᠤ ᠮᠤᠷᠢᠨ ᠳᠤ ᠠᠴᠢᠵᠤ ᠠᠪᠴᠦ ᠶᠠᠪᠤᠵᠠᠢ᠃ ᠪᠠᠰᠠ ᠭᠡᠬᠦᠷ ᠲᠡᠭᠳᠡᠭᠡᠭᠰᠡᠨ ᠭᠠᠵᠠᠷ ᠨᠢᠭᠡᠨ ᠰᠢᠷᠦᠢ ᠶᠢᠨ ᠪᠤᠩᠬᠤᠨ ᠪᠤᠰᠬᠠᠵᠤ ᠲᠡᠮᠳᠡᠭ ᠪᠤᠯᠭᠠᠵᠠᠢ᠃ ᠬᠤᠵᠢᠮ ᠲᠡᠭᠦᠨ ᠤ ᠬᠦᠪᠡᠭᠦᠨ ᠵᠢᠩᠵᠤᠷᠵᠠᠪ ︵ᠪᠢ ᠮᠠᠷᠳᠠᠵᠤ ᠪᠠᠶᠢᠨ᠎ᠠ᠂ ᠪᠠᠷᠤᠭ ᠵᠢᠩᠵᠤᠷᠵᠠᠪ ᠨᠢ ᠪᠠᠶᠢᠬᠤ᠂ ᠡᠰᠡᠭᠦᠯ᠎ᠡ ᠭᠠᠨᠵᠤᠷᠵᠠᠪ ᠨᠢ ︶ ᠯᠢᠨᠰᠢ ᠳᠤ ᠴᠡᠷᠢᠭ ᠲᠠᠭᠠᠭᠤᠯᠤᠨ ᠢᠷᠡᠵᠦ ᠲᠤᠰ ᠠᠭᠤᠯᠠᠨ ᠳᠤ ︽ᠪᠠᠪᠤᠵᠠᠨᠪ ᠵᠠᠩᠵᠤᠨ ᠤ ᠬᠦᠰᠢᠶ᠎ᠡ︾ ᠭᠡᠰᠡᠨ ᠬᠡᠷᠦᠭᠡ ᠪᠤᠰᠬᠠᠭᠰᠠᠨ ᠬᠡᠨᠡᠮ᠂ ᠲᠤᠰ ᠬᠡᠷᠦᠭᠡ ᠬᠡᠵᠢᠶ᠎ᠡ ᠬᠠᠮᠢᠭᠠᠰᠢ ᠤᠴᠢᠭᠰᠠᠨ ᠢ ᠦᠯᠦ ᠮᠡᠳᠡᠪᠡ᠃ ᠭᠤᠷᠪᠠ᠂ ᠪᠠᠪᠤᠵᠠᠪ ᠤᠨ ᠡᠷᠡᠰᠡᠳᠡᠭᠰᠡᠨ ᠤᠪᠤᠭ᠎ᠠ ᠶᠢᠨ ᠲᠤᠬᠠᠢ      ᠡᠨᠡ ᠤᠪᠤᠭ᠎ᠠ ᠪᠤᠯ ᠯᠢᠨᠰᠢ ᠪᠠᠯᠭᠠᠰᠤ ᠶᠢᠨ ᠵᠡᠭᠦᠨ ᠠᠭᠤᠯᠠ ᠪᠤᠯᠬᠤᠷ ᠯᠢᠨᠰᠢ ᠰᠢᠶᠠᠨ ᠤ ᠬᠦᠮᠦᠨ ᠤᠭ ᠤᠨ ᠮᠤᠩᠭᠤᠯ ᠨᠡᠷ᠎ᠡ ᠶᠢ ᠮᠡᠳᠡᠬᠦ ᠦᠭᠡᠢ ︽东山︾ ᠬᠡᠵᠦ ᠬᠢᠳᠠᠳ ᠢᠶᠠᠷ ᠲᠠᠭᠤᠳᠠᠵᠤ ᠪᠠᠶᠢᠨ᠎ᠠ᠃ ᠨᠤᠮ ᠰᠤᠳᠤᠷ ᠢ ᠦᠨᠳᠦᠰᠦᠯᠡᠪᠡᠯ ︽ᠪᠠᠶᠢᠬᠤᠳᠤ︾ ᠬᠡᠵᠦ ᠪᠢᠴᠢᠪᠡᠯ ᠵᠦᠪ ᠪᠤᠯᠤᠨ᠎ᠠ᠃ ︵ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠢᠭᠡ ᠡᠷᠳᠡᠮᠳᠡᠨ ᠢᠶᠠᠷ ᠯᠠᠪᠯᠠᠭᠤᠯᠤᠭᠰᠠᠨ ᠶᠤᠮ︶ ᠪᠠᠶᠢᠬᠤᠳᠤ ᠪᠤᠯ ᠬᠠᠷ᠎ᠠ ᠪᠤᠷᠤᠪᠳᠤᠷ ᠦᠩᠭᠡ ᠲᠠᠢ ᠴᠠᠢ ᠶᠢ ᠬᠡᠯᠡᠨ᠎ᠡ᠃ ᠡᠨᠡ ᠤᠪᠤᠭ᠎ᠠ ᠲᠡᠭᠡᠷ᠎ᠡ ᠠᠳᠠᠷ ᠬᠠᠭᠠᠯᠪᠤᠷᠢᠯᠠᠬᠤ ᠠᠴᠠ ᠡᠮᠦᠨ᠎ᠡ ᠯᠠᠪ ᠬᠠᠷ᠎ᠠ ᠪᠤᠷᠤᠪᠳᠤᠷ ᠦᠩᠭᠡ ᠲᠠᠢ ᠵᠡᠷᠯᠢᠭ ᠴᠠᠢ ᠪᠠᠭᠰᠢᠷᠠᠨ ᠤᠷᠭᠤᠵᠤ ᠪᠠᠶᠢᠵᠠᠢ᠃ ᠲᠤᠰ ᠤᠪᠤᠭ᠎ᠠ ᠨᠢ ᠲᠤᠮᠳᠠᠳᠤ ᠤᠯᠤᠰ ᠤᠨ ᠲᠡᠦᠭᠡ ᠵᠢᠴᠢ ᠲᠡᠯᠡᠭᠡᠢ ᠶᠢᠨ ᠲᠡᠦᠭᠡ ᠳᠤ ᠪᠦᠷ ᠪᠠᠶᠢᠷᠢ ᠰᠠᠭᠤᠷᠢ ᠲᠠᠢ᠃ 1916 ᠤᠨ ᠤ 10 ᠰᠠᠷ᠎ᠠ  ᠶᠢᠨ 8 ᠤ ᠡᠳᠦᠷ ᠲᠤᠰ ᠤᠪᠤᠭ᠎ᠠ ᠲᠡᠭᠡᠷ᠎ᠡ ᠪᠠᠪᠤᠵᠠᠪ ᠬᠡᠨᠡᠳᠳᠡ ᠰᠤᠮᠤᠨ ᠳᠤ ᠤᠨᠤᠭᠳᠠᠵᠤ ᠡᠷᠰᠡᠳᠡᠭᠰᠡᠨ ᠠᠴᠠ ᠲᠤᠰ ᠤᠪᠤᠭ᠎ᠠ ᠨᠢ ᠲᠡᠯᠡᠭᠡᠢ ᠲᠠᠬᠢᠨ ᠤ ᠲᠡᠦᠭᠡᠨ ᠳᠤ ᠪᠠᠶᠢᠷᠢ ᠰᠠᠭᠤᠷᠢ ᠲᠠᠢ ᠪᠤᠯᠵᠠᠢ᠃ ᠡᠭᠦᠨ ᠠᠴᠠ ᠴᠤᠤᠳᠤ ᠬᠦᠮᠦᠨ ᠪᠠᠶᠢᠨ ᠲᠠᠬᠢᠨ ᠢᠷᠡᠵᠦ ᠪᠠᠶᠢᠴᠠᠭᠠᠯᠳᠠ ᠬᠢᠨ᠎ᠡ᠃ 90 ᠤᠨ ᠤ ᠦᠶ᠎ᠡ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠲᠠᠷᠤᠭ᠎ᠠ ᠲᠠᠪᠰᠢᠨ ︵defsin ) ᠨᠦᠭᠦᠷ ᠢᠷᠡᠵᠦ᠂ ᠡᠨᠡ ᠤᠪᠤᠭ᠎ᠠ ᠶᠢ ᠰᠡᠭᠦᠳᠡᠷᠯᠡᠨ ᠪᠠᠶᠢᠴᠠᠭᠠᠵᠤ᠂ ᠮᠠᠨ ᠲᠠᠢ ᠰᠠᠨᠠᠯ ᠢᠶᠠᠨ ᠰᠤᠯᠢᠯᠴᠠᠵᠤ᠃ 2012 ᠤᠨ ᠤ ᠨᠠᠮᠦᠷ ᠶᠠᠫᠤᠨ ᠳᠤ ᠰᠤᠷᠤᠯᠴᠠᠵᠤ ᠪᠠᠶᠢᠭ᠎ᠠ ᠲᠡᠳ᠋ ᠳ᠋ᠤᠺᠲ᠋ᠤᠷ ᠦᠯᠵᠡᠶᠢᠳᠤᠩᠭᠠᠯᠠᠭ ᠡᠨᠡ ᠤᠪᠤᠭᠠᠨ ᠳᠤ ᠢᠷᠡᠵᠦ ᠰᠡᠭᠦᠳᠡᠷᠯᠡᠨ ᠪᠠᠶᠢᠴᠠᠭᠠᠪᠠ᠃ 2014 ᠤᠨ ᠤ 8 ᠰᠠᠷ᠎ᠠ ᠶᠢᠨ 27 ᠤ ᠡᠳᠦᠷ ᠶᠠᠫᠤᠨ ᠤ ᠨᠠᠺᠠᠮᠢ ᠲᠠᠼᠸᠤ᠋ ᠫᠷᠤᠹᠧᠰᠰᠤᠷ ᠡᠨᠡ ᠤᠪᠤᠭᠠᠨ ᠳᠤ ᠭᠠᠷᠴᠤ ᠰᠡᠭᠦᠳᠡᠷᠯᠡᠨ ᠪᠠᠶᠢᠴᠠᠭᠠᠪᠠ᠃ 2016 ᠤᠨ ᠤ 8 ᠰᠠᠷ᠎ᠠ 27 ᠤ ᠡᠳᠦᠷ ᠠᠩᠬᠢᠯᠢ ᠶᠢᠨ ᠵᠢᠶᠠᠨ ᠴᠢᠶᠤᠤ ᠶᠡᠭᠡ ᠰᠤᠷᠭᠠᠭᠤᠯᠢ ᠶᠢᠨ ᠨᠠᠶᠢᠭᠡᠮ ᠬᠢᠭᠡᠳ ᠬᠦᠮᠦᠨ ᠵᠦᠢ ᠶᠢᠨ ᠪᠠᠭᠰᠢ ᠪᠤᠯᠠᠭ ︵ᠤᠷᠳᠤᠰ︶ ᠶᠠᠫᠤᠨ ᠳᠤ ᠪᠠᠭᠰᠢᠯᠠᠵᠤ ᠪᠠᠶᠢᠭ᠎ᠠ ᠪᠦᠷᠢᠨᠰᠠᠶᠢᠨ ᠬᠤᠶᠠᠭᠤᠯᠠ ︵ᠬᠦᠷᠢᠶ᠎ᠡ ᠬᠤᠰᠢᠭᠤ︶ ᠬᠡᠰᠢᠭᠳᠡᠨ ᠪᠠᠷ ᠲᠠᠭᠠᠷᠢᠵᠤ ᠲᠤᠰ ᠠᠭᠤᠯᠠ ᠶᠢᠨ ᠲᠤᠬᠠᠢ ᠤᠶᠢᠯᠠᠭᠠᠪᠠ᠃             ᠲᠤᠰ ᠠᠭᠤᠯᠠᠨ ᠤ ᠤᠷᠦᠢ ᠲᠡᠭᠡᠷ᠎ᠡ ᠤᠳᠤᠬᠠᠨ ᠳᠤ ᠯᠢᠨᠰᠢ ᠪᠠᠯᠭᠠᠰᠤᠨ ᠤ ᠢᠯᠴᠢ ᠶᠢᠨ ᠺᠤᠮᠫᠠᠨᠢ ᠪᠠᠶᠢᠷᠢᠰᠢᠵᠤ ᠪᠠᠶᠢᠨ᠎ᠠ᠃ ᠲᠤᠳᠤᠷᠬᠠᠢ ᠪᠠᠶᠢᠴᠠ ᠨᠢ ᠤᠤᠯ ᠤᠨ 303 ᠱᠤᠭᠤᠮ ᠤᠨ ᠬᠤᠶᠢᠳᠤ ᠲᠠᠯ᠎ᠠ᠂ ᠯᠢᠨᠰᠢ ᠪᠠᠯᠭᠠᠰᠤᠨ ᠤ ᠶᠠᠭ ᠵᠡᠭᠦᠨ ᠲᠠᠯ᠎ᠠ ᠶᠢᠨ ᠤᠯᠢᠶᠠᠰᠤᠳᠠᠢ ᠭᠤᠤᠯ ᠤᠨ ᠵᠡᠭᠦᠨ ᠬᠦᠪᠡᠭᠡ ᠲᠡᠭᠡᠷ᠎ᠡ ᠪᠠᠶᠢᠷᠰᠢᠵᠤ ᠡᠮᠦᠨᠡᠰᠢ ᠭᠠᠯᠳᠠᠰᠤᠳᠠᠢ ᠭᠤᠤᠯ ᠢ ᠦᠩᠭᠡᠶᠢᠨ ᠬᠠᠷᠠᠵᠤ ᠪᠠᠷᠤᠭ ᠨᠢᠭᠡ ᠭᠠᠵᠠᠷ ᠵᠠᠶᠢᠳᠠᠢ᠃ ︵ᠡᠯᠡᠰᠦᠨ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号