| ᠡᠩᠭᠡ ᠠᠮᠤᠭᠤᠯᠠᠩ ᠤᠨ ᠬᠤᠷᠢᠨ ᠵᠢᠷᠭᠤᠳᠤᠭᠠᠷ ᠤᠨ ᠤ ︵ ᠤᠯᠠᠭᠠᠭᠴᠢᠨ ᠲᠠᠤᠯᠠᠢ ᠵᠢᠯ᠂1687 | ᠤᠨ︶ ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠬᠠᠷᠠᠭᠴᠢᠨ ᠮᠤᠭᠠᠢ︶ ᠤᠨ ᠦᠳᠡ ᠳᠤ | ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ ᠶᠡᠭᠡ | ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠲᠦᠷᠪᠡᠳᠦᠭᠡᠷ | ᠵᠡᠷᠭᠡ ᠶᠢᠨ ᠲᠠᠶᠢᠵᠢ ᠯᠤᠵᠠᠩ | ᠵᠢᠴᠢ ᠡᠯ᠎ᠡ ᠬᠤᠰᠢᠭᠤᠨ ᠤ ᠮᠤᠩᠭᠤᠯ ᠸᠠᠩ ᠭᠦᠩ᠂ ᠲᠠᠶᠢᠵᠢ ᠲᠠᠪᠤᠨᠠᠩ ᠨᠠᠷ ᠲᠠᠢ ᠠᠷᠬᠢᠳᠠᠨ | ᠴᠡᠩᠭᠡᠯᠳᠦᠪᠡ᠃ | ᠬᠤᠶᠠᠷ ᠰᠠᠷ᠎ᠠ ᠶᠢᠨ ᠠᠷᠪᠠᠨ ᠭᠤᠷᠪᠠᠨ ᠤ ᠡᠳᠦᠷ ︵ᠴᠠᠭᠠᠭᠴᠢᠨ ᠲᠠᠬᠢᠶ᠎ᠠ︶ ᠤᠨ ᠬᠤᠨᠢᠨ ᠴᠠᠭ | ᠲᠤ ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ ᠬᠡᠰᠢᠭ ᠢᠶᠠᠷ ︵ᠵᠢᠱᠢᠶ᠎ᠡ︶ ᠠᠯᠪᠠ ᠪᠠᠷᠢᠬᠤ | ᠪᠠᠷ ᠢᠷᠡᠭᠰᠡᠨ ᠪᠠᠭᠠᠷᠢᠨ ᠤ ᠲᠦᠷᠪᠡᠳᠦᠭᠡᠷ ᠵᠡᠷᠭᠡ ᠶᠢᠨ ᠲᠠᠶᠢᠵᠢ ᠨᠤᠷᠪᠤ ᠵᠡᠷᠭᠡ ᠬᠦᠮᠦᠨ ᠳᠤ ᠬᠤᠷᠢᠮ | ᠤᠨ ᠰᠢᠷᠡᠭᠡ ᠵᠠᠰᠠᠵᠤ ᠲᠠᠶᠢᠯᠠᠵᠠᠢ᠃ ᠠᠷᠪᠠᠨ ᠭᠤᠷᠪᠠᠨ ᠤ ᠡᠳᠦᠷ ︵ᠴᠠᠭᠠᠨ ᠬᠤᠯᠤᠭᠠᠨ᠎ᠠ︶ ᠤᠨ | ᠬᠤᠨᠢᠨ ᠴᠠᠭ ᠲᠤ ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ ᠬᠡᠰᠢᠭ ᠢᠶᠠᠷ ︵ᠵᠢᠱᠢᠶ᠎ᠡ︶ | ᠢᠷᠡᠭᠰᠡᠨ ᠪᠠᠭᠠᠷᠢᠨ ᠤ ᠲᠦᠷᠪᠡᠳᠦᠭᠡᠷ ᠵᠡᠷᠭᠡ ᠶᠢᠨ ᠲᠠᠶᠢᠵᠢ ᠨᠤᠷᠪᠤ ᠵᠡᠷᠭᠡ ᠬᠦᠮᠦᠨ ᠳᠤ ᠬᠤᠷᠢᠮ ᠤᠨ | ᠰᠢᠷᠡᠭᠡ ᠵᠠᠰᠠᠵᠤ ᠲᠠᠶᠢᠯᠠᠵᠠᠢ᠃ ᠲᠦᠷᠪᠡᠨ ᠰᠠᠷ᠎ᠠ ᠶᠢᠨ ᠲᠠᠪᠤᠨ ᠤ ᠡᠳᠦᠷ ᠬᠠᠭᠠᠨ ᠡᠵᠡᠨ ︵ ᠬᠠᠷ᠎ᠠ | ᠬᠤᠯᠤᠭᠠᠨ᠎ᠠ ︶ ᠵᠢᠩ ᠱᠠᠨ ᠤ ᠡᠮᠦᠨ᠎ᠡ ᠤᠷᠳᠤᠨ ᠳᠤ ᠬᠡᠰᠢᠭ ᠢᠶᠠᠷ ︵ᠵᠢᠱᠢᠶ᠎ᠡ︶ ᠲᠦᠷᠦ ᠳᠤ ᠠᠯᠪᠠ | ᠪᠠᠷᠢᠬᠤ ᠪᠠᠷ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠭᠤᠷᠪᠠᠳᠤᠭᠠᠷ ᠵᠡᠷᠭᠡ ᠶᠢᠨ ᠲᠠᠶᠢᠵᠢ | ᠠᠯᠠᠶᠢᠴᠦᠩ ᠂ ᠲᠦᠷᠪᠡᠳᠦᠭᠡᠷ ᠵᠡᠷᠭᠡ ᠶᠢᠨ ᠲᠠᠶᠢᠵᠢ ᠮᠡᠷᠭᠡᠨ ᠵᠡᠷᠭᠡ ᠬᠦᠮᠦᠨ ᠳᠤ ᠬᠤᠷᠢᠮ ᠤᠨ ᠰᠢᠷᠡᠭᠡ | ᠵᠠᠰᠠᠵᠤ ᠲᠠᠶᠢᠯᠠᠵᠠᠢ᠃ ᠲᠤᠯᠤᠭᠠᠨ ᠰᠠᠷ᠎ᠠ ᠶᠢᠨ ᠠᠷᠪᠠᠨ ᠨᠠᠢᠮᠠᠨ ᠤ ᠡᠳᠦᠷ ᠬᠠᠭᠠᠨ ᠡᠵᠡᠨ ︵ ᠬᠦᠭᠡ ᠯᠤᠤ | ︶ ᠶᠢᠩ ᠲᠠᠢ ᠶᠢᠨ ᠴᠢᠨ ᠵᠧᠩ ᠲᠢᠶᠠᠨ ᠤᠷᠳᠤᠨ ᠳᠤ ᠬᠡᠰᠢᠭ ᠢᠶᠠᠷ ︵ᠵᠢᠱᠢᠶ᠎ᠡ︶ ᠲᠦᠷᠦ ᠳᠤ ᠠᠯᠪᠠ | ᠪᠠᠷᠢᠬᠤ ᠪᠠᠷ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠨᠢᠭᠡᠳᠦᠭᠡᠷ ᠵᠡᠷᠭᠡ ᠶᠢᠨ ᠲᠠᠶᠢᠵᠢ | ᠭᠡᠷᠡᠯᠳᠦ ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ ᠲᠠᠶᠢᠯᠠᠵᠠᠢ᠃ ᠲᠤᠰ ᠰᠠᠷ᠎ᠠ ᠶᠢᠨ ᠬᠦᠭᠡ | ᠮᠤᠷᠢᠨ ᠡᠳᠦᠷ ᠬᠠᠭᠠᠨ ᠡᠵᠡᠨ ᠪᠠᠭᠠᠷᠢᠨ ᠤ ᠰᠡᠴᠡᠨ ᠲᠡᠭᠡᠳᠦ ᠬᠦᠷᠦᠨ ᠬᠦᠩᠵᠦ ᠶᠢᠨ ᠰᠠᠭᠤᠭ᠎ᠠ ᠭᠠᠵᠠᠷ | ᠬᠠᠯᠳᠠᠪᠤᠷᠢᠳᠤ ᠡᠪᠡᠳᠴᠢᠨ ᠲᠡᠯᠭᠡᠷᠡᠵᠦ ᠦᠭᠡᠷ ᠮᠤᠷᠢ ᠬᠤᠨᠢ ᠢᠮᠠᠭ᠎ᠠ ᠤᠯᠠᠨ ᠦᠬᠦᠵᠦ᠂ ᠠᠮᠤ ᠲᠠᠷᠢᠶ᠎ᠠ | ᠬᠤᠷᠢᠶᠠᠯᠳᠠ ᠤᠯᠤᠭᠰᠠᠨ ᠦᠭᠡᠢ ᠴᠢᠮᠡᠭᠡ ᠶᠢᠨ ᠦᠨᠡᠨ ᠢ ᠨᠤᠳᠠᠯᠠᠵᠤ ᠂ ᠴᠢᠶᠠᠨ ᠴᠢᠩ ᠮᠧᠨ ᠤ ᠬᠢᠶ᠎ᠡ | ᠡᠦ ᠵᠠᠩ ᠢ ᠵᠠᠷᠯᠢᠭᠳᠠᠨ ᠲᠦᠷᠭᠡᠨ ᠪᠠᠭᠠᠷᠢᠨ ᠤᠷᠤᠨ ᠳᠤ ᠤᠴᠢᠵᠦ ᠬᠦᠩᠵᠦ ᠶᠢ ᠪᠡᠭᠡᠵᠢᠩ ᠳᠤ ᠵᠠᠯᠠᠵᠤ | ᠠᠪᠴᠢᠷᠠᠬᠤ ᠶᠢᠨ ᠬᠠᠮᠳᠦ ᠪᠠᠭᠠᠷᠢᠨ ᠤ ᠭᠠᠮᠰᠢᠳᠠᠭᠰᠠᠨ ᠤᠷᠤᠨ ᠳᠤ ᠲᠡᠮᠡᠭᠡ ᠮᠤᠷᠢ ᠠᠮᠤ ᠪᠤᠳᠠᠭ᠎ᠠ | ᠲᠡᠭᠡᠭᠡᠪᠦᠷᠢᠯᠡᠵᠦ ᠲᠡᠳᠭᠦᠭᠳᠦᠨ ᠬᠡᠮᠡᠨ ᠵᠠᠷᠯᠢᠭᠳᠠᠵᠠᠢ᠃ ᠨᠠᠢᠮᠠᠨ ᠰᠠᠷ᠎ᠠ ᠶᠢᠨ ᠠᠷᠪᠠᠨ ᠲᠤᠯᠤᠭᠠᠨ ᠤ ᠡᠳᠦᠷ ︵ | ᠬᠠᠷᠠᠭᠴᠢᠨ ᠭᠠᠭ᠋ᠠᠢ ︶ ᠬᠠᠭᠠᠨ ᠡᠵᠡᠨ ᠬᠤᠸᠠ ᠯᠢᠦ ︵ᠤᠯᠢᠶᠠᠰᠤᠳᠠᠢ ᠲᠠᠯ᠎ᠠ︶ ᠳᠤ ᠪᠠᠭᠤᠳᠠᠯᠯᠠᠭᠰᠠ | ᠳᠤ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠨᠠᠮᠳᠠᠭ ᠢᠷᠡᠵᠦ ᠠᠮᠦᠷ ᠢ ᠡᠷᠢᠪᠡ᠃ ᠬᠤᠷᠢᠨ | ᠲᠦᠷᠪᠡᠨ ᠤ ᠡᠳᠦᠷ ︵ ᠴᠠᠭᠠᠨ ᠮᠤᠷᠢ ︶ ᠬᠠᠭᠠᠨ ᠡᠵᠡᠨ ᠰᠢᠷ᠎ᠠ ᠬᠦᠳᠦᠯ ᠳᠤ ᠪᠠᠭᠤᠳᠠᠯᠯᠠᠵᠤ ᠂ ᠲᠤᠰ | ᠡᠳᠦᠷ ᠪᠠᠭᠠᠷᠢᠨ ᠤ ᠨᠠᠮᠳᠠᠭ ᠸᠠᠩ ᠂ ᠠᠷᠪᠳᠠᠨ ᠲᠠᠪᠤᠨᠠᠩ᠂ ᠦᠷᠭᠦᠨ ᠲᠠᠪᠤᠨᠠᠩ ᠨᠠᠷ ᠲᠤᠬᠢᠷᠠᠭᠤᠯᠤᠯᠳᠠ | ᠶᠤᠰᠤᠭᠠᠷ ᠨᠢ ᠴᠠᠢ ᠪᠤᠳᠠᠭ᠎ᠠ ᠡᠷᠭᠦᠵᠠᠢ᠃ | ᠠᠷᠪᠠᠨ ᠰᠠᠷ᠎ᠠ ᠶᠢᠨ ᠭᠤᠷᠪᠠᠨ ᠤ ᠡᠳᠦᠷ ︵ᠰᠢᠷ᠎ᠠ ᠪᠡᠴᠢᠨ︶ ᠤᠨ ᠬᠤᠨᠢᠨ ᠴᠠᠭ ᠲᠤ ᠬᠠᠭᠠᠨ | ᠡᠵᠡᠨ ᠴᠢᠶᠠᠨ ᠴᠢᠩ ᠮᠧᠨ ᠳᠤ ᠬᠡᠰᠢᠭ ᠢᠶᠠᠷ ︵ᠵᠢᠱᠢᠶ᠎ᠡ︶ ᠠᠯᠪᠠ ᠪᠠᠷᠢᠬᠤ ᠪᠠᠷ ᠢᠷᠡᠭᠰᠡᠨ ᠪᠠᠭᠠᠷᠢᠨ ᠤ | ᠭᠤᠷᠪᠠᠳᠤᠭᠠᠷ ᠵᠡᠷᠭᠡ ᠶᠢᠨ ᠲᠠᠶᠢᠵᠢ ᠤᠮᠪᠤ᠂ ᠲᠦᠷᠪᠡᠳᠦᠭᠡᠷ ᠵᠡᠷᠭᠡ ᠶᠢᠨ ᠲᠠᠶᠢᠵᠢ ᠤᠯᠠᠭᠠᠨ ᠵᠡᠷᠭᠡ ᠬᠦᠮᠦᠨ | ᠳᠤ ᠬᠤᠷᠢᠮ ᠤᠨ ᠰᠢᠷᠡᠭᠡ ᠵᠠᠰᠠᠵᠤ ᠲᠠᠶᠢᠯᠠᠵᠠᠢ᠃ ᠠᠷᠪᠠᠨ ᠨᠢᠭᠡᠨ ᠰᠠᠷ᠎ᠠ ᠶᠢᠨ ᠠᠷᠪᠠᠨ ᠭᠤᠷᠪᠠᠨ ᠤ | ᠡᠳᠦᠷ ︵ ᠰᠢᠷ᠎ᠠ ᠬᠤᠯᠤᠭᠠᠨ᠎ᠠ︶ ᠤᠨ ᠬᠤᠨᠢᠨ ᠴᠠᠭ ᠲᠤ ᠬᠠᠭᠠᠨ ᠡᠵᠨᠨ ᠪᠤᠤ ᠾᠧ ᠳ᠋ᠢᠶᠠᠨ ᠤᠷᠳᠤᠨ | ᠳᠤ ᠬᠡᠰᠢᠭ ᠢᠶᠠᠷ ︵ᠵᠢᠱᠢᠶ᠎ᠡ︶ ᠢᠷᠡᠭᠰᠡᠨ ᠪᠠᠭᠠᠷᠢᠨ ᠤ ᠲᠦᠷᠪᠡᠳᠦᠭᠡᠷ ᠵᠡᠷᠭᠡ ᠶᠢᠨ ᠲᠠᠶᠢᠵᠢ ᠯᠤᠵᠠᠩ | ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ ᠲᠠᠶᠢᠯᠠᠵᠠᠢ᠃ | ᠡᠩᠭᠡ ᠠᠮᠤᠭᠤᠯᠠᠩ ᠤᠨ ᠬᠤᠷᠢᠨ ᠲᠤᠯᠤᠳᠤᠭᠠᠷ ᠤᠨ ᠤ ︵ ᠰᠢᠷ᠎ᠠ ᠯᠤᠤ ᠵᠢᠯ᠂1688 ᠤᠨ︶ | ᠬᠤᠶᠠᠷ ᠰᠠᠷ᠎ᠠ ᠶᠢᠨ ᠨᠢᠭᠡᠨ ᠤ ᠡᠳᠦᠷ ︵ ᠬᠦᠭᠡ ᠯᠤᠤ︶ ᠪᠠᠭᠠᠷᠢᠨ ᠬᠤᠰᠢᠭᠤᠨ ᠤ ᠸᠧᠨ ᠴᠦᠨ ᠪᠠᠶᠢᠰᠠ | ᠬᠠᠯᠢᠭᠰᠠᠨ ᠳᠤ ᠬᠠᠭᠠᠨ ᠡᠵᠡᠨ ᠬᠦᠮᠦᠨ ᠲᠤᠮᠢᠯᠠᠵᠤ ᠲᠠᠬᠢᠯ ᠲᠠᠯᠪᠢᠭᠤᠯᠵᠠᠢ᠃ ᠵᠢᠷᠭᠤᠭᠠᠠ ᠰᠠᠷ᠎ᠠ ᠶᠢᠨ ᠴᠠᠭᠠᠨ | ᠪᠡᠴᠢ ᠡᠳᠦᠷ ᠂ ᠪᠢᠴᠢᠭ ᠤᠨ ᠰᠠᠶᠢᠳ ᠠᠷᠨᠠᠢ ᠠᠴᠠ ᠬᠠᠭᠠᠨ ᠡᠵᠨᠨ ᠳᠤ ︽ ᠭᠠᠯᠳᠠᠨ ᠤ ᠴᠡᠷᠢᠭ ᠡᠷᠳᠡᠨᠢ | ᠵᠤᠤ ᠶᠢ ᠲᠡᠭᠡᠷᠡᠮᠳᠡᠵᠦ ᠬᠠᠷ᠎ᠠ ᠨᠠᠭᠤᠷ ᠤᠨ ᠭᠠᠵᠠᠷ ᠲᠤ ᠬᠦᠷᠴᠦ ᠵᠢᠪᠽᠦᠨᠳᠠᠮᠪᠠ ᠬᠤᠳᠤᠭᠳᠤ ᠶᠢᠨ | ᠰᠠᠭᠤᠭ᠎ᠠ ᠭᠠᠵᠠᠷ ᠠᠴᠠ ᠨᠢᠭᠡᠯᠭᠡᠨ ᠡᠳᠦᠷ ᠤᠨ ᠵᠠᠶᠢᠳᠠᠢ ᠪᠠᠶᠢᠨ᠎ᠠ ︾ ᠭᠡᠵᠦ ᠠᠶᠢᠯᠠᠳᠬᠠᠭᠰᠠᠨ ᠳᠤ ᠂ ᠬᠠᠭᠠᠨ | ᠵᠠᠷᠯᠢᠭ ᠪᠤᠯᠤᠷᠤᠨ ︽ ᠬᠠᠯᠬ᠎ᠠ ᠤᠶᠢᠷᠠᠳ ᠬᠤᠶᠠᠷ ᠠᠶᠢᠮᠠᠭ ᠬᠠᠷᠢᠯᠴᠠᠨ ᠲᠠᠶᠢᠰᠤᠩᠨᠠᠪᠠ᠂ ᠤᠯᠤᠰ ᠤᠨ ᠬᠢᠯᠢ | ᠪᠠᠨ ᠬᠠᠮᠠᠭᠠᠯᠠᠬᠤ ᠬᠡᠷᠡᠭᠳᠠᠢ ᠃ ᠪᠠᠭᠠᠷᠢᠨ ᠵᠡᠷᠭᠡ ᠲᠦᠷᠪᠡᠨ ᠠᠶᠢᠮᠠᠭ ᠤᠨ ᠬᠤᠶᠠᠷ ᠮᠢᠩᠭ᠎ᠠ ᠲᠠᠪᠤᠨ ᠵᠠᠭᠤᠨ | ᠴᠡᠷᠢᠭ ᠰᠦᠨᠢᠳ ᠠᠶᠢᠮᠠᠭ ᠲᠤ ᠰᠠᠭᠤᠨ ᠰᠡᠷᠭᠡᠶᠢᠯᠡᠬᠦ ᠬᠡᠷᠡᠭᠳᠠᠢ ︾ ᠭᠡᠮᠡᠵᠠᠢ᠃ ᠨᠠᠢᠮᠠᠨ ᠰᠠᠷ᠎ᠠ ᠶᠢᠨ ᠬᠤᠷᠢᠨ | ᠬᠤᠶᠠᠷ ᠤᠨ ᠡᠳᠦᠷ ᠴᠠᠭᠠᠨ ᠪᠡᠴᠢ ᠡᠳᠦᠷ ᠱᠢ ᠮᠤ᠋ ᠭᠠᠵᠠᠷ ᠪᠠᠭᠤᠳᠠᠯᠯᠠᠭᠰᠠᠨ ᠳᠤ ᠪᠠᠭᠠᠷᠢᠨ ᠠᠶᠢᠮᠠᠭ ᠤᠨ | ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ ᠂ ᠭᠤᠷᠪᠠᠳᠤᠭᠠᠷ ᠵᠡᠷᠭᠡ ᠶᠢᠨ ᠲᠠᠶᠢᠵᠢ ᠡᠷᠳᠡᠨᠢ᠂ ᠲᠠᠪᠤᠨᠠᠩ | ᠦᠷᠭᠦᠨ ᠵᠡᠷᠭᠡ ᠬᠦᠮᠦᠨ ᠶᠠᠪᠤᠭᠤᠯ ᠤᠷᠳᠤᠨ ᠳᠤ ᠢᠷᠡᠵᠦ ᠬᠠᠭᠠᠨ ᠤ ᠠᠮᠤᠷ ᠶᠢᠨ ᠡᠷᠢᠵᠠᠢ᠃ ᠬᠤᠷᠢᠨ | ᠭᠤᠷᠪᠠᠨ ᠤ ᠡᠳᠦᠷ ︵ ᠬᠠᠷᠠᠭᠴᠢᠨ ᠭᠠᠭ᠋ᠠᠢ ︶ ᠤᠨ ᠮᠤᠭᠠᠢ ᠴᠠᠭ ᠲᠤ ᠬᠠᠭᠠᠨ ᠡᠵᠡᠨ ᠪᠡᠶ᠎ᠡ ᠪᠠᠷ | ᠢᠶᠠᠨ ᠪᠠᠭᠠᠷᠢᠨ ᠤ ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ ᠳᠤ ᠴᠠᠢ ᠶᠢᠨ ᠬᠡᠰᠢᠭ ᠬᠦᠷᠳᠡᠭᠡᠵᠠᠢ᠃ | ᠶᠢᠰᠦᠨ ᠰᠠᠷ᠎ᠠ ᠶᠢᠨ ᠲᠤᠯᠤᠭᠠᠨ ︵ᠤᠯᠠᠭᠠᠨ ᠬᠤᠯᠤᠭᠠᠨ᠎ᠠ ︶ ᠤ ᠡᠳᠦᠷ ᠬᠠᠭᠠᠨ ᠡᠵᠡᠨ ᠶᠠᠪᠤᠭᠤᠯ ᠤᠷᠳᠤᠨ | ᠳᠤ ᠬᠤᠨᠤᠭᠰᠠᠨ ᠳᠤ ᠪᠠᠭᠠᠷᠢᠨ ᠤ ᠪᠠᠶᠢᠰᠠ ᠤᠷᠵᠢᠨ ᠢᠷᠡᠵᠦ ᠬᠠᠭᠠᠨ ᠤ ᠠᠮᠦᠷ ᠢ ᠡᠷᠢᠪᠡ᠃ ᠠᠷᠪᠠᠨ | ᠲᠠᠪᠤᠨ ᠤ ᠡᠳᠦᠷ ᠬᠠᠭᠠᠨ ᠡᠵᠡᠨ ᠴᠢᠩ ᠴᠧᠩ ᠤᠨ ᠡᠮᠦᠨ᠎ᠡ ᠤᠷᠳᠤᠨ ᠳᠤ ᠪᠠᠭᠤᠳᠠᠯᠯᠠᠵᠤ ᠂ ᠲᠤᠰ ᠡᠳᠦᠷ | ᠪᠠᠭᠠᠷᠢᠨ ᠠᠶᠢᠮᠠᠭ ᠤᠨ ᠨᠢᠭᠡᠳᠦᠭᠡᠷ ᠵᠡᠷᠭᠡ ᠶᠢᠨ ᠲᠠᠶᠢᠵᠢ ᠨᠠᠮᠵᠠ ᠢᠷᠡᠵᠦ ᠠᠮᠤᠷ ᠢ ᠠᠶᠢᠯᠠᠳᠬᠠᠬᠤ ᠶᠤᠰᠤ | ᠬᠢᠵᠠᠢ᠃ | ᠡᠩᠭᠡ ᠠᠮᠤᠭᠤᠯᠠᠩ ᠤᠨ ᠬᠤᠷᠢᠨ ᠨᠠᠢᠮᠠᠳᠤᠭᠠᠷ ᠤᠨ ᠤ ︵ ᠰᠢᠷᠠᠭᠴᠢᠨ ᠮᠤᠭᠠᠢ ᠵᠢᠯ᠂1689 ᠤᠨ︶ | ᠲᠦᠷᠪᠡᠨ ᠰᠠᠷ᠎ᠠ ᠶᠢᠨ ᠬᠦᠭᠡ ᠨᠤᠬᠠᠢ ᠡᠳᠦᠷ ᠬᠠᠭᠠᠨ ᠵᠠᠷᠯᠢᠭ ᠪᠠᠭᠤᠯᠭᠠᠵᠤ ᠪᠠᠭᠠᠷᠢᠨ ᠬᠤᠰᠢᠭᠤᠨ ᠤ | ᠬᠠᠯᠢᠭᠰᠠᠨ ᠪᠠᠶᠢᠰᠠ ᠸᠧᠨ ᠴᠦᠨ ᠤ ᠬᠦᠪᠡᠭᠦᠨ ᠡᠷᠳᠡᠨᠢ ᠪᠠᠷ ᠡᠴᠢᠭᠡ ᠶᠢᠨ ᠬᠢᠨᠢ ᠰᠠᠭᠤᠷᠢᠨ ᠢ ᠨᠢ | ᠵᠠᠯᠠᠭᠠᠮᠵᠢᠯᠠᠭᠤᠵᠠᠢ᠃ ᠨᠠᠢᠮᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ᠤᠯᠠᠭᠠᠭᠴᠢᠨ ᠦᠭᠡᠷ ︶ ᠬᠠᠭᠠᠨ | ᠰᠢᠯᠦᠭᠤᠨ ᠴᠠᠭᠠᠨ ᠬᠤᠰᠢᠭᠤᠨ ᠬᠤᠷᠢᠶᠠᠨ ᠳᠤ ᠪᠠᠭᠤᠳᠠᠯᠯᠠᠵᠤ᠂ ᠲᠤᠰ ᠡᠳᠦᠷ ᠲᠡᠭᠡᠨ ᠲᠤᠳᠤᠭᠠᠳᠤ ᠶᠡᠭᠡ | ᠰᠠᠶᠢᠳ ᠂ ᠮᠤᠩᠭᠤᠯ ᠵᠠᠬᠢᠷᠤᠭᠴᠢ᠂ ᠮᠠᠶᠢᠷᠡᠨ ᠤ ᠵᠠᠩᠬᠢ᠂ ᠡᠷᠬᠢᠮ ᠰᠠᠶᠢᠳ ᠵᠡᠷᠭᠡ ᠤᠷᠤᠯᠴᠠᠭᠰᠠᠨ ᠬᠤᠷᠠᠯ | ᠬᠢᠵᠦ᠄ ︽ᠮᠤᠩᠭᠤᠯ ᠤᠨ ᠡᠯ᠎ᠡ ᠠᠶᠢᠮᠠᠭ ᠶᠠᠳᠠᠭᠤᠷᠠᠵᠤ ᠠᠮᠢᠳᠦᠷᠠᠯ ᠬᠦᠴᠢᠷᠳᠡᠭᠰᠡᠨ ᠠᠴᠠ ᠡᠷᠭᠡᠪᠰᠢ ᠲᠡᠳᠬᠦᠬᠦ | ᠬᠡᠷᠡᠭᠳᠠᠢ ᠃ ᠮᠤᠩᠭᠤᠯ ᠤᠨ ᠡᠯ᠎ᠡ ᠠᠶᠢᠮᠠᠭ ᠤᠨ ᠸᠠᠩ᠂ ᠲᠠᠶᠢᠵᠢ ᠨᠠᠷ ᠦᠪᠡᠷ ᠢᠶᠠᠨ ᠢᠷᠡᠵᠦ ᠲᠡᠷᠭᠡ ᠂ | ᠲᠡᠮᠡᠭᠡ ᠪᠠᠷ ᠠᠮᠤ ᠪᠤᠳᠠᠭ᠎ᠠ ᠲᠡᠭᠡᠪᠦᠷᠢᠯᠡᠵᠦ ᠠᠷᠠᠳ ᠤᠯᠠᠨ ᠲᠠᠭᠠᠨ ᠲᠠᠷᠬᠠᠨ ᠦᠭᠬᠦ ᠬᠡᠷᠡᠭᠳᠠᠢ ︾᠃ | ᠡᠩᠭᠡ ᠠᠮᠤᠭᠤᠯᠠᠩ ᠤᠨ ᠬᠤᠷᠢᠨ ᠶᠢᠰᠦᠳᠤᠭᠡᠷ ᠤᠨ ᠤ ︵ ᠴᠠᠭᠠᠨ ᠮᠤᠷᠢᠨ ᠵᠢᠯ᠂1690ᠤᠨ︶ | ᠲᠤᠯᠤᠭᠠᠨ ᠰᠠᠷ᠎ᠠ ᠶᠢᠨ ᠤᠯᠠᠭᠠᠨ ᠪᠡᠴᠢᠨ ᠡᠳᠦᠷ ᠵᠠᠷᠯᠢᠭ ᠢᠶᠠᠷ ᠠᠤᠬᠠᠨ ᠂ ᠨᠠᠢᠮᠠᠨ ᠂ ᠬᠠᠷᠠᠴᠢᠨ ᠂ | ᠪᠠᠭᠠᠷᠢᠨ ᠵᠡᠷᠭᠡ ᠠᠶᠢᠮᠠᠭ ᠤᠨ ᠴᠡᠷᠢᠭ ᠲᠠᠢ ᠬᠦᠷᠠ ᠭᠠᠵᠠᠷ ᠬᠤᠷᠠᠭᠤᠯᠵᠤ ᠂ ᠲᠤᠳᠤᠭᠠᠳᠤ ᠶᠡᠭᠡ ᠰᠠᠶᠢᠳ | ᠠᠮᠢᠳᠠ ᠪᠠᠷ ᠶᠡᠷᠦᠩᠬᠡᠶᠢᠯᠡᠭᠦᠯᠦᠨ ᠵᠠᠬᠢᠷᠴᠦ ᠂ ᠬᠤᠯᠠ ᠶᠢ ᠠᠰᠠᠷᠠᠬᠤ ᠶᠡᠭᠡ ᠵᠠᠩᠵᠤᠨ ᠹᠦ᠋ ᠴᠢᠦᠸᠠᠨ ᠤ | ᠤᠳᠤᠷᠢᠳᠤᠭᠰᠠᠨ ᠶᠡᠭᠡ ᠴᠢᠷᠡᠭ ᠢ ᠬᠦᠯᠢᠶ᠋ᠨᠨ ᠂ ᠨᠠᠢᠮᠠᠨ ᠰᠠᠷ᠎ᠠ ᠶᠢᠨ ᠨᠢᠭᠡᠨ ᠤ ᠡᠳᠦᠷ ᠴᠢᠷᠡᠭ | ᠨᠡᠶᠢᠯᠡᠵᠦ ᠬᠡᠰᠢᠭᠳᠡᠨ ᠬᠤᠰᠢᠭᠤᠨ ᠤ ᠡᠮᠦᠨᠡᠳᠦ ᠬᠡᠰᠡᠩ ᠤᠨ ᠤᠯᠠᠭᠠᠨ ᠪᠤᠳᠤᠩ ᠳᠤ ᠭᠠᠯᠳᠠᠨ ᠤ ᠴᠡᠷᠢᠭ ᠲᠠᠢ | ᠰᠢᠷᠦᠭᠦᠨ ᠪᠠᠶᠢᠯᠳᠤᠵᠤ ᠂ ᠭᠠᠯᠳᠠᠨ ᠤ ᠴᠡᠷᠢᠭ ᠢ ᠶᠡᠭᠡᠳᠡ ᠢᠯᠠᠵᠠᠢ᠃ ᠭᠠᠯᠳᠠᠨ ᠤ ᠴᠢᠷᠡᠭ ᠰᠢᠷᠠᠮᠦᠷᠡᠨ | ᠢ ᠬᠡᠳᠦᠯᠵᠦ ᠭᠠᠩᠭ᠎ᠠ ᠨᠠᠭᠤᠷ ᠵᠦᠭ ᠪᠤᠷᠤᠭᠤᠯᠵᠠᠢ᠃ | ᠡᠩᠭᠡ ᠠᠮᠤᠭᠤᠯᠠᠩ ᠤᠨ ᠭᠤᠴᠢᠳᠤᠭᠠᠷ ᠤᠨ ᠤ ︵ ᠴᠠᠭᠠᠭᠴᠢᠨ ᠬᠤᠨᠢ ᠵᠢᠯ᠂1691 ᠤᠨ︶ | ᠵᠢᠷᠭᠤᠭᠠᠨ ᠰᠠᠷ᠎ᠠ ᠶᠢᠨ ᠬᠠᠷ᠎ᠠ ᠨᠤᠬᠠᠢ ᠡᠳᠦᠷ ᠬᠠᠭᠠᠨ ᠤ ᠭᠤᠷᠪᠠᠳᠤᠭᠠᠷ ᠦᠬᠢᠨ ᠢ ᠬᠤᠱᠦᠢ ᠦᠯᠡᠮᠵᠢ | ᠬᠡᠮᠵᠢᠶᠡᠳᠦ ᠭᠦᠩᠵᠦ ᠬᠡᠮᠡᠨ ᠡᠷᠭᠦᠮᠵᠢᠯᠡᠵᠦ ᠪᠠᠭᠠᠷᠢᠨ ᠤ ᠸᠠᠴᠢᠷ ᠸᠠᠩ ᠤᠨ ᠬᠦᠪᠡᠭᠦᠨ ᠦᠷᠭᠦᠨ ᠲᠠᠢ | ᠬᠤᠷᠢᠮᠯᠠᠭᠤᠯᠠᠨ᠂ ᠦᠷᠭᠦᠨ ᠢ ᠬᠤᠱᠦᠢ ᠲᠠᠪᠤᠨᠠᠩ ᠢᠶᠠᠷ ᠡᠷᠭᠦᠮᠵᠢᠯᠡᠪᠡ᠃ ᠢᠯᠡᠭᠦᠦ ᠲᠤᠯᠤᠭᠠᠨ ᠰᠠᠷ᠎ᠠ ᠶᠢᠨ | ᠴᠠᠭᠠᠭᠴᠢᠨ ᠲᠠᠬᠢᠶ᠎ᠠ ᠡᠳᠦᠷ ᠭᠠᠯᠳᠠᠨ ᠲᠠᠢ ᠪᠠᠶᠢᠯᠳᠤᠭᠰᠠᠨ ᠭᠠᠪᠢᠶ᠎ᠡ ᠶᠢ ᠲᠤᠭᠠᠴᠢᠨ ᠠᠤᠬᠠᠨ ᠂ ᠨᠠᠢᠮᠠᠨ ᠂ | ᠬᠠᠷᠠᠴᠢᠨ ᠂ ᠪᠠᠭᠠᠷᠢᠨ ᠵᠡᠷᠭᠡ ᠠᠶᠢᠮᠠᠭ ᠤᠨ ᠴᠡᠷᠢᠭ ᠨᠤᠶᠠᠨ ᠢ ᠠᠮᠤ ᠂ ᠮᠦᠩᠬᠦ ᠪᠠᠷ ᠱᠠᠩᠨᠠᠵᠠᠢ᠃ | ᠡᠩᠭᠡ ᠠᠮᠤᠭᠤᠯᠠᠩ ᠤᠨ ᠭᠤᠴᠢᠨ ᠨᠠᠢᠮᠠᠳᠤᠭᠠᠷ ᠤᠨ ᠤ ︵ ᠰᠢᠷᠠᠭᠴᠢᠨ ᠲᠠᠤᠯᠠᠢ ᠵᠢᠯ᠂1699 | ᠤᠨ︶ ᠨᠠᠢᠮᠠᠨ ᠰᠠᠷ᠎ᠠ ᠶᠢᠨ ᠰᠢᠷ᠎ᠠ ᠯᠤᠤ ᠡᠳᠦᠷ ᠬᠠᠭᠠᠨ ᠡᠵᠡᠨ ᠤᠯᠠᠳᠠᠢ ᠠᠩᠭ᠎ᠠ ᠳᠤ ᠪᠠᠭᠤᠳᠠᠯᠠᠵᠤ ᠂ | ᠰᠡᠴᠡᠨ ᠲᠡᠭᠡᠳᠦ ᠬᠦᠷᠦᠨ ᠬᠦᠩᠵᠦ ᠂ ᠦᠯᠡᠮᠵᠢ ᠬᠡᠮᠵᠢᠶᠡᠳᠦ ᠬᠤᠱᠤᠢ ᠬᠦᠩᠵᠦ ᠢᠷᠡᠵᠦ ᠠᠮᠤᠷ | ᠠᠰᠠᠭᠤᠬᠤ ᠶᠤᠰᠤᠯᠠᠯ ᠬᠦᠢᠴᠡᠳᠭᠡᠪᠡ᠃ ᠪᠠᠭᠠᠷᠢᠨ ᠤ ᠬᠤᠱᠦᠢ ᠲᠠᠪᠤᠨᠠᠩ ᠦᠷᠭᠦᠨ ᠪᠠᠰᠠ ᠢᠷᠡᠵᠦ ᠬᠠᠭᠠᠨ | ᠡᠵᠡᠨ ᠳᠤ ᠶᠤᠰᠤᠯᠠᠯ ᠬᠢᠪᠡ᠃ ᠰᠢᠷᠠᠭᠴᠢᠨ ᠮᠤᠭᠠᠢ ᠡᠳᠦᠷ ᠬᠠᠭᠠᠨ ᠡᠵᠡᠨ ᠠᠴᠠ ᠶᠡᠭᠡ ᠰᠠᠶᠢᠳ ᠨᠠᠷ ᠲᠠᠭᠠᠨ | ︽ ᠮᠡᠬᠦᠰ ᠪᠢ ᠮᠤᠩᠭᠤᠯ ᠤᠨ ᠠᠮᠢᠳᠦᠷᠠᠯ ᠢ ᠡᠳᠦᠷ ᠰᠦᠨᠢ ᠦᠭᠡᠢ ᠪᠤᠳᠤᠯᠬᠢᠯᠠᠳᠠᠭ᠃ ᠤᠷᠴᠢᠮ ᠰᠤᠨᠤᠰᠬᠤ | ᠳᠤ ᠪᠠᠭᠠᠷᠢᠨ ᠮᠤᠩᠭᠤᠯᠴᠤᠳ ᠤᠨ ᠠᠮᠢᠳᠦᠷᠠᠯ ᠬᠦᠴᠢᠷᠳᠡᠵᠦ ᠨᠤᠳᠤᠭ ᠠᠴᠠ ᠪᠠᠨ ᠰᠠᠯᠵᠤ ᠶᠠᠪᠤᠭᠰᠠᠳ | ᠨᠡᠯᠢᠶᠡᠳ ᠪᠠᠶᠢᠨ᠎ᠠ ᠂ ᠮᠡᠭᠦᠰ ᠪᠢ ᠬᠦᠭᠡᠷᠦᠬᠡᠶᠢᠯᠡᠵᠦ ᠪᠠᠶᠢᠨ᠎ᠠ᠃ ᠪᠠᠭᠠᠷᠢᠨ ᠪᠤᠯᠪᠠᠯ ᠬᠦᠩᠵᠦ ᠶᠢᠨ | ᠰᠠᠭᠤᠭᠰᠠᠨ ᠭᠠᠵᠠᠷ ᠤᠳᠤ ᠬᠦᠮᠦᠨ ᠲᠤᠮᠢᠯᠠᠵᠤ ᠲᠡᠳᠬᠦᠬᠦ ᠬᠡᠷᠡᠭᠳᠠᠢ ᠡᠭᠦᠨ ᠳᠤ ᠲᠤᠭ ᠤᠨ ᠵᠠᠩᠬᠢ | ᠡᠭᠡᠴᠢᠬᠠ ᠂ ᠰᠤᠷᠤᠭᠴᠢ ᠲᠦᠰᠢᠮᠡᠯ ᠰᠦᠭᠡ ᠶᠢ ᠲᠤᠮᠢᠯᠠᠵᠤ ᠪᠠᠭᠠᠷᠢᠨ ᠳᠤ ᠬᠠᠳᠠᠭᠠᠯᠠᠵᠤ ᠪᠠᠶᠢᠭ᠎ᠠ ᠨᠢᠭᠡ | ᠮᠢᠩᠭᠠᠨ ᠳ᠋ᠠᠨ ᠠᠮᠦ ᠶᠢ ᠶᠠᠳᠠᠭᠤ ᠡᠷᠦᠭᠡ ᠳᠤ ᠬᠤᠪᠢᠶᠠᠨ ᠲᠡᠳᠬᠦᠭᠳᠦᠨ᠃ ᠬᠦᠷᠬᠦ ᠦᠭᠡᠢ ᠪᠤᠯᠪᠠᠯ ᠪᠦ᠋ ᠯᠠᠢ | ᠲᠤᠰᠠᠬᠤᠨ ᠠᠴᠠ ᠠᠮᠤ ᠭᠠᠷᠭᠠᠨ ᠲᠡᠳᠬᠦ ︾ ᠬᠡᠮᠡᠨ ᠵᠢᠭᠠᠪᠤᠷᠢᠯᠠᠪᠠ᠃ ᠬᠦᠭᠡ ᠪᠡᠴᠢᠨ ᠡᠳᠦᠷ ᠬᠠᠭᠠᠨ ᠡᠵᠡᠨ | ᠴᠢᠯᠭᠤᠳᠤ ᠠᠩᠭ᠎ᠠ ᠳᠤ ᠪᠠᠭᠤᠳᠠᠯᠯᠠᠵᠤ ᠬᠡᠰᠢᠭ ᠢᠶᠠᠷ ᠵᠤᠤ ᠤᠳᠠ ᠶᠢᠨ ᠠᠷᠪᠠᠨ ᠨᠢᠭᠡᠨ ᠬᠤᠰᠢᠭᠤᠨ ᠤ ᠸᠠᠩ᠂ | ᠪᠠᠶᠢᠯ᠎ᠠ ᠂ ᠪᠠᠶᠢᠰᠠ᠂ ᠬᠦᠩ᠂ ᠲᠠᠶᠢᠵᠢ ᠨᠠᠷ ᠲᠤ ᠮᠦᠩᠬᠦ ᠂ ᠮᠠᠯᠠᠭᠠᠢ᠂ ᠡᠮᠡᠭᠡᠯ ᠵᠡᠷᠭᠡ ᠶᠢ ᠬᠡᠰᠢᠭ | ᠬᠦᠷᠳᠡᠭᠡᠨ ᠱᠠᠩᠨᠠᠵᠠᠢ᠃ | ᠡᠩᠭᠡ ᠠᠮᠤᠭᠤᠯᠠᠩ ᠤᠨ ᠭᠤᠴᠢᠨ ᠶᠢᠰᠦᠳᠦᠭᠡᠷ ᠤᠨ ᠤ ︵ ᠴᠠᠭᠠᠨ ᠯᠤᠤ ᠵᠢᠯ᠂1700 ᠤᠨ︶ | ᠴᠠᠭᠠᠨ ᠰᠠᠷ᠎ᠠ ᠶᠢᠨ ᠬᠠᠷᠠᠭᠴᠢᠨ ᠲᠠᠤᠯᠠᠢ ᠡᠳᠦᠷ ᠬᠠᠭᠠᠨ ᠪᠠᠭᠠᠷᠢᠨ ᠤ ᠰᠡᠴᠡᠨ ᠲᠡᠭᠡᠳᠦ ᠬᠦᠷᠦᠨ | ᠬᠦᠩᠵᠦ ᠶᠢᠨ ᠰᠠᠭᠤᠭ᠎ᠠ ᠤᠷᠳᠤᠨ ᠳᠤ ᠬᠦᠷᠴᠦ ᠡᠪᠡᠳᠴᠢᠨ ᠤ ᠪᠠᠶᠢᠳᠠᠯ ᠢ ᠰᠤᠷᠠᠭᠯᠠᠨ ᠠᠰᠠᠭᠤᠪᠠ᠃ | ᠤᠯᠠᠭᠠᠴᠢᠨ ᠮᠤᠭᠠᠢ ᠡᠳᠦᠷ ᠬᠠᠭᠠᠨ ᠡᠵᠡᠨ ᠰᠡᠴᠡᠨ ᠲᠡᠭᠡᠳᠦ ᠬᠦᠷᠦᠨ ᠬᠦᠩᠵᠦ ᠬᠠᠯᠢᠭᠰᠠᠨ ᠢ ᠰᠤᠨᠤᠰᠴᠦ | ᠦᠭᠦᠯᠡᠷᠦᠨ ︽ᠬᠦᠩᠵᠦ ᠠᠨᠤ ᠮᠡᠬᠦᠰ ᠮᠢᠨᠦ ᠠᠪᠠᠭ᠎ᠠ ᠡᠵᠢ ︵ᠬᠦ᠋ ᠬᠦ᠋︶ ᠂ ᠲᠠᠢ ᠬᠤᠸᠠᠩ ᠲᠠᠶᠢᠬᠡᠦ | ᠶᠢᠨ ᠬᠠᠶᠢᠷ᠎ᠠ ᠶᠢ ᠬᠦᠨ ᠤᠯᠵᠠᠢ ᠃ ᠲᠠᠢ ᠬᠤᠸᠠᠩ ᠲᠠᠶᠢᠬᠡᠦ ᠮᠡᠬᠦᠰ ᠨᠠᠳᠠᠳᠤ ᠠᠪᠠᠭ᠎ᠠ ᠡᠵᠢ ᠪᠠᠨ | ᠰᠠᠶᠢᠬᠠᠨ ᠠᠰᠠᠷᠠᠨ ᠬᠠᠷᠠᠭᠠᠯᠵᠠᠬᠤ ᠬᠡᠷᠡᠭᠳᠠᠢ ᠭᠡᠵᠦ ᠲᠤᠰᠬᠠᠢ ᠨᠠᠶᠢᠳᠠᠭᠰᠠᠨ ᠃ ᠡᠭᠦᠨ ᠳᠤ ᠪᠢ ᠡᠮᠡᠭᠡ ᠶᠢᠨ | ᠬᠦᠰᠡᠯ ᠢ ᠵᠦᠷᠢᠯ ᠦᠭᠡᠢ ᠲᠠᠭᠠᠵᠤ ᠠᠪᠠᠭ᠎ᠠ ᠡᠵᠢ ᠨᠠᠰᠤᠨ ᠠᠭᠰᠢᠷᠠᠭᠰᠠᠨ ᠤ ᠲᠠᠷᠠᠭ᠎ᠠ ᠬᠦᠮᠦᠨ ᠲᠤᠮᠢᠯᠠᠵᠤ | ᠪᠡᠭᠡᠵᠢᠩ ᠳᠤ ᠵᠠᠯᠠᠵᠤ ᠠᠪᠴᠢᠷᠠᠨ ᠠᠯᠢᠪᠠ ᠠᠮᠢᠳᠦᠷᠠᠯ ᠤᠨ ᠭᠡᠷᠡᠭᠰᠡᠯ ᠢ ᠦᠪᠡᠷ ᠢᠶᠠᠨ ᠲᠠᠭᠠᠭᠠᠨ ᠬᠠᠩᠭᠠᠵᠤ | ᠨᠠᠰᠤᠨ ᠡᠴᠦᠰᠯᠡᠬᠦ ᠪᠤᠯᠳᠠᠯ᠎ᠠ ᠶᠤᠰᠤᠨ ᠢ ᠬᠦᠢᠴᠡᠳᠬᠡᠪᠡ᠃ ᠬᠦᠩᠵᠦ ᠬᠦ᠋ ᠬᠦ᠋ ᠬᠦᠨᠳᠦ ᠡᠪᠡᠳᠴᠢᠯᠡᠭᠰᠡᠨ ᠳᠤ | ᠮᠡᠭᠦᠰ ᠪᠢ ᠪᠡᠶ᠎ᠡ ᠪᠠᠷ ᠢᠶᠠᠨ ᠪᠤᠯᠭᠤᠭᠠᠨ ᠦᠵᠡᠪᠡ ᠂ ᠬᠦᠩᠵᠦ ᠨᠠᠳᠠ ᠶᠢ ᠬᠠᠷᠠᠭᠠᠳ ᠢᠨᠢᠶᠡᠭᠰᠡᠭᠡᠷ ᠬᠠᠯᠢᠪᠠ | ᠃ ᠬᠦᠨᠳᠦ ᠡᠪᠡᠳᠴᠢᠨ ᠲᠠᠢ ᠬᠦᠮᠦᠨ ᠢᠨᠢᠶᠡᠨ ᠬᠠᠯᠢᠬᠤ ᠠᠨᠤ ᠲᠤᠩ ᠴᠦᠭᠡᠨ ᠪᠤᠯᠠᠢ ᠃ ᠬᠦ᠋ ᠬᠦ᠋ ᠡᠨᠡ | ᠮᠡᠳᠦ ᠢᠨᠢᠶᠡᠨ ᠬᠠᠯᠢᠬᠤ ᠶᠢ ᠮᠡᠬᠦᠰ ᠪᠢ ᠨᠢᠳᠦ ᠪᠠᠷ ᠦᠵᠡᠭᠰᠡᠨ ᠴᠦ ᠭᠠᠶᠢᠬᠠᠨᠠ᠃ ᠬᠦᠩᠵᠦ ᠬᠦ᠋ ᠬᠦ᠋ | ᠨᠢᠭᠡ ᠨᠠᠰᠤ ᠠᠮᠤᠷ ᠲᠠᠶᠢᠪᠤᠩ ᠴᠠᠭ ᠲᠤ ᠲᠤᠬᠢᠶᠠᠯᠳᠤᠵᠤ ᠮᠤᠩᠭᠤᠯ ᠤᠷᠤᠨ ᠳᠤ ᠲᠠᠪᠢᠭᠠᠳ ᠤᠨ | ᠠᠮᠢᠳᠤᠷᠠᠵᠤ ᠮᠤᠩᠭᠤᠯ ᠦᠨᠳᠤᠰᠤᠳᠡᠨ ᠤ ᠦᠨᠢᠳᠡ ᠶᠢᠨ ᠬᠠᠶᠢᠷ᠎ᠠ ᠨᠠᠶᠢᠷ ᠢ ᠡᠷᠬᠢᠮᠯᠡᠨ ᠦᠨᠳᠦᠷ ᠬᠤᠳᠤᠭ ᠢ | ᠤᠯᠵᠤ ᠂ ᠬᠡᠦᠭᠡᠳ ᠠᠴᠢ ᠨᠠᠷ ᠨᠢ ᠪᠠᠳᠠᠷᠠᠩᠭᠤᠢ ᠂ ᠬᠦᠭᠵᠢᠯᠳᠠᠢ ᠂ ᠡᠳᠦᠭᠡ ᠢᠨᠢᠶᠡᠨ ᠬᠠᠯᠢᠭᠰᠠᠨ ᠨᠢ | ᠲᠦᠮᠡᠨ ᠪᠤᠶᠠᠨ ᠪᠦᠷᠢᠳᠤᠵᠠᠢ᠃ ᠮᠡᠭᠦᠰ ᠪᠢ ᠰᠡᠭᠦᠷᠡᠰᠦ ᠠᠯᠳᠠᠨ ᠭᠠᠰᠢᠭᠤᠳᠠᠨ ᠲᠤᠷᠠᠳᠴᠦ ᠲᠤᠩ ᠤᠶᠠᠷᠠᠨᠠᠮ | ᠃ ᠲᠤᠰ ᠤᠨ ᠤ ᠬᠤᠶᠠᠷ ᠰᠠᠷ᠎ᠠ ᠶᠢᠨ ᠨᠠᠢᠮᠠᠨ ᠤ ᠡᠳᠦᠷ ︵ ᠴᠠᠭᠠᠨ ᠪᠡᠴᠢᠨ︶ ᠬᠠᠭᠠᠨ ᠡᠵᠡᠨ ᠬᠠᠭᠠᠨ ᠤ | ᠬᠦᠪᠡᠭᠦᠳ ᠂ ᠸᠠᠩ᠂ ᠪᠠᠶᠢᠯ᠎ᠠ ᠂ ᠬᠦᠩ ᠂ ᠪᠠᠶᠢᠰᠠ᠂ ᠡᠷᠬᠢᠮ ᠰᠠᠶᠢᠳ᠂ ᠪᠢᠴᠢᠭ ᠤᠨ ᠳ᠋ᠠ ᠂ ᠬᠢᠶ᠎ᠠ | ᠵᠡᠷᠭᠡ ᠬᠦᠮᠦᠨ ᠢ ᠲᠠᠭᠠᠭᠤᠯᠤᠨ ᠢᠦᠢ ᠴᠧᠩ ᠸᠠᠩ ᠤᠨ ᠬᠦᠷᠢᠶᠠᠯᠡᠩ ᠳᠤ ᠬᠦᠷᠴᠦ ᠪᠠᠭᠠᠷᠢᠨ ᠤ ᠰᠡᠴᠡᠨ | ᠲᠡᠭᠡᠳᠦ ᠬᠦᠷᠦᠨ ᠬᠦᠩᠵᠦ ᠶᠢᠨ ᠱᠠᠷᠢᠯ ᠢ ᠠᠪᠰᠠᠯᠠᠪᠠ ᠃ ᠬᠠᠭᠠᠨ ᠡᠵᠡᠨ ᠠᠪᠰᠠᠨ ᠤ ᠬᠠᠵᠠᠭᠤ ᠳᠤ | ᠭᠠᠰᠢᠭᠤᠳᠠᠨ ᠤᠬᠢᠯᠠᠬᠤ ᠳᠤ ᠲᠦᠰᠢᠮᠡᠯ ᠨᠠᠷ ᠨᠢ ᠭᠤᠷᠪᠠᠨᠳᠠ ᠢᠳᠬᠠᠨ ᠲᠠᠶᠢᠳᠬᠠᠷᠠᠭᠤᠯᠬᠤ ᠳᠤ ᠰᠠᠶ᠋ᠢ | ᠤᠷᠳᠤᠨ ᠳᠠᠭᠠᠨ ᠪᠤᠴᠠᠪᠠ᠃ ᠠᠷᠪᠠᠨ ᠨᠢᠭᠡᠨ ᠤ ᠡᠳᠦᠷ ︵ᠬᠠᠷᠠᠭᠴᠢᠨ ᠭᠠᠭ᠋ᠠᠢ ︶ ᠭᠠᠳᠠᠭᠠᠳᠤ ᠮᠤᠩᠭᠤᠯ ᠤᠨ | ᠲᠦᠷᠦ ᠶᠢ ᠵᠠᠰᠠᠬᠤ ᠶᠠᠮᠤᠨ ᠤ ᠰᠠᠶᠢᠳ ᠠᠴᠠ ︽ ᠪᠠᠭᠠᠷᠢᠨ ᠤ ᠰᠡᠴᠡᠨ ᠲᠡᠭᠡᠳᠦ ᠬᠦᠷᠦᠨ ᠬᠦᠩᠵᠦ | ᠴᠠᠭᠠᠨ ᠰᠠᠷ᠎ᠠ ᠶᠢᠨ ᠠᠷᠪᠠᠨ ᠤ ᠡᠳᠦᠷ ᠪᠡᠭᠡᠵᠢᠩ ᠳᠤ ᠲᠡᠭᠷᠢ ᠳᠤ ᠬᠠᠯᠢᠭᠰᠠᠨ ᠂ ᠤᠳᠤ ᠪᠠᠰᠠ ᠨᠢᠭᠡ | ᠤᠳᠠᠭ᠎ᠠ ᠲᠠᠬᠢᠯ ᠲᠠᠯᠪᠢᠬᠤ ᠶᠤᠰᠤ ᠲᠠᠢ᠃ ᠬᠦᠩᠵᠦ ᠶᠢᠨ ᠭᠡᠭᠡᠨ ᠢ ᠪᠠᠭᠠᠷᠢᠨ ᠵᠦᠭ ᠬᠦᠷᠬᠡᠬᠦ ᠲᠤᠬᠠᠢ | ᠡᠷᠭᠡᠪᠰᠢ ᠲᠤᠳᠤᠭᠠᠳᠤ ᠶᠡᠭᠡ ᠰᠠᠶᠢᠳ ᠬᠢᠶ᠎ᠡ ᠵᠡᠷᠭᠡ ᠬᠦᠮᠦᠨ ᠬᠠᠮᠠᠭᠠᠯᠠᠨ ᠬᠦᠷᠭᠡᠬᠦ ᠬᠡᠷᠡᠭᠳᠠᠢ ︾ ᠭᠡᠵᠦ | ᠠᠶᠢᠯᠠᠳᠬᠠᠭᠰᠠᠨ ᠳᠤ ᠬᠠᠭᠠᠨ ᠡᠵᠡᠨ ︽ ᠬᠠᠭᠠᠨ ᠤ ᠬᠦᠪᠡᠭᠦᠳ ᠬᠦᠩᠵᠦ ᠶᠢᠨ ᠭᠡᠭᠡᠨ ᠢ ᠬᠠᠮᠠᠭᠠᠯᠠᠨ | ᠬᠦᠷᠭᠡᠬᠦ ᠬᠡᠷᠡᠭᠳᠠᠢ ᠂ ᠠᠯᠢᠪᠠ ᠲᠠᠬᠢᠯ ᠤᠨ ᠭᠡᠷᠡᠭᠰᠡᠯ ᠢ ᠪᠦᠬᠦᠨ ᠢ ᠪᠡᠭᠡᠵᠢᠩ ᠠᠴᠠ ᠪᠡᠯᠡᠳᠭᠡᠨ ᠬᠦᠷᠭᠡᠬᠦ | ᠬᠡᠷᠡᠭᠳᠠᠢ ︾ ᠭᠡᠵᠦ ᠵᠠᠷᠯᠢᠭ ᠪᠤᠯᠪᠠ᠃ | ᠲᠤᠰ ᠤᠨ ᠤ ᠠᠷᠪᠠᠨ ᠨᠢᠭᠡᠨ ᠰᠠᠷ᠎ᠠ ᠶᠢᠨ ᠠᠷᠪᠠᠨ ᠲᠠᠪᠤᠨ ᠤ ︵ᠬᠦᠭᠡᠭᠴᠢᠨ ᠮᠤᠭᠠᠢ︶ ᠡᠳᠦᠷ | ᠬᠠᠭᠠᠨ ᠡᠵᠡᠨ ᠵᠠᠷᠯᠢᠭ ᠪᠤᠯᠵᠤ ᠪᠦ᠋ ᠯᠠᠢ ᠲᠤᠰᠬᠤᠨ ᠤ ᠠᠮᠤ ᠶᠢ ᠭᠠᠷᠭᠠᠨ ᠬᠤᠶᠠᠷ ᠪᠠᠭᠠᠷᠢᠨ ᠤ ᠦᠭᠡᠶᠢᠭᠦᠦ | ᠶᠠᠳᠠᠭᠤ ᠠᠷᠠᠳ ᠢ ᠲᠤᠰᠠᠯᠠᠪᠠ᠃ | ᠡᠩᠭᠡ ᠠᠮᠤᠭᠤᠯᠠᠩ ᠤᠨ ᠲᠦᠴᠢᠨ ᠲᠦᠷᠪᠡᠳᠦᠭᠡᠷ ᠤᠨ ᠤ ︵ ᠬᠦᠭᠡᠭᠴᠢᠨ ᠲᠠᠬᠢᠶ᠎ᠠ ᠵᠢᠯ᠂ | 1705ᠤᠨ︶ ᠠᠷᠪᠠᠨ ᠬᠤᠶᠠᠷ ᠰᠠᠷ᠎ᠠ ᠶᠢᠨ ᠬᠦᠭᠡ ᠯᠤᠤ ᠡᠳᠦᠷ ᠪᠠᠭᠠᠷᠢᠨ ᠬᠤᠰᠢᠭᠤᠨ ᠪᠠᠶᠢᠰᠠ | ᠤᠷᠴᠠ ᠬᠠᠯᠢᠭᠰᠠᠨ ᠳᠤ ᠬᠠᠭᠠᠨ ᠡᠵᠡᠨ ᠬᠦᠮᠦᠨ ᠲᠤᠮᠢᠯᠠᠵᠤ ᠲᠠᠬᠢᠯ ᠲᠠᠯᠪᠢᠭᠤᠯᠪᠠ᠃ | ᠡᠩᠭᠡ ᠠᠮᠤᠭᠤᠯᠠᠩ ᠤᠨ ᠲᠦᠴᠢᠨ ᠲᠠᠪᠤᠳᠤᠭᠠᠷ ᠤᠨ ᠤ ︵ ᠤᠯᠠᠭᠠᠨ ᠨᠤᠬᠠᠢ ᠵᠢᠯ᠂1706ᠤᠨ︶ | ᠴᠠᠭᠠᠨ ᠰᠠᠷ᠎ᠠ ᠶᠢᠨ ᠠᠷᠪᠠᠨ ᠲᠦᠷᠪᠡᠨ ᠡᠳᠦᠷ ︵ᠬᠠᠷᠠᠭᠴᠢᠨ ᠲᠠᠬᠢᠶ᠎ᠠ ︶ ᠤᠨ ᠦᠳᠡ ᠳᠤ ᠬᠠᠭᠠᠨ ᠡᠵᠡᠨ | ᠴᠠᠩ ᠴᠦᠨ ᠶᠤᠸᠠᠨ ᠤᠷᠳᠤᠨ ᠤ ᠲᠤᠳᠤᠷᠠᠬᠢ ᠸᠠᠨ ᠱᠤ᠋ ᠾᠦᠩ ᠰᠢᠶᠠ ᠤᠷᠳᠤᠨ ᠳᠤ ᠲᠦᠷᠦ ᠳᠤ | ᠢᠷᠡᠭᠰᠡᠨ ᠭᠠᠳᠠᠭᠠᠳᠤ ᠮᠤᠩᠭᠤᠯ ᠤᠨ ᠸᠠᠩ ᠬᠦᠩ ᠨᠠᠷ ᠢ ᠵᠤᠴᠢᠯᠠᠵᠤ ᠂ ᠪᠠᠭᠠᠷᠢᠨ ᠤ ᠵᠠᠰᠠᠭ ᠲᠦᠷᠦ ᠶᠢᠨ | ᠵᠢᠶᠦ᠋ᠨ ᠸᠠᠩ ᠦᠷᠭᠦᠨ ᠂ ᠂ ᠬᠤᠰᠢᠭᠤ ᠶᠢᠨ ᠪᠠᠶᠢᠰᠠ ᠡᠷᠳᠡᠨᠢ᠂ ᠤᠯᠤᠰ ᠲᠤᠷ ᠲᠤᠰᠠᠬᠠᠯᠠᠬᠤ ᠬᠦᠩ | ᠭᠡᠷᠡᠯᠳᠦ ᠵᠡᠷᠭᠡ ᠡᠯ᠎ᠡ ᠬᠤᠰᠢᠭᠤᠳ ᠤᠨ ᠸᠠᠩ ᠬᠦᠩ ᠨᠠᠷ ᠤᠷᠤᠯᠴᠠᠵᠤ ᠬᠠᠭᠠᠨ ᠡᠵᠡᠨ ᠭᠠᠷ ᠡᠷᠭᠦᠵᠦ | ᠤᠯᠠᠨ ᠲᠠᠢ ᠨᠠᠶᠢᠷᠠᠯᠳᠤᠪᠠ᠃ ᠲᠤᠯᠤᠭᠠᠨ ᠰᠠᠷ᠎ᠠ ᠶᠢᠨ ᠬᠤᠷᠢᠨ ᠲᠤᠯᠤᠭᠠᠨ ᠤ ᠡᠳᠦᠷ ᠬᠠᠭᠠᠨ ᠡᠵᠡᠨ | ᠰᠢᠯᠦᠭᠤᠨ ᠬᠦᠭᠡ ᠬᠤᠰᠢᠭᠤᠨ ᠤ ᠶᠤᠯᠤ ᠠᠶᠢᠯ ᠳᠤ ᠪᠠᠭᠤᠳᠠᠯᠯᠠᠭᠰᠠ ᠳᠤ ᠪᠠᠭᠠᠷᠢᠨ ᠤ ᠦᠯᠡᠮᠵᠢ ᠬᠡᠮᠵᠢᠶᠡᠳᠦ | ᠬᠤᠱᠦᠢ ᠬᠦᠩᠵᠦ ᠢᠷᠡᠵᠦ ᠠᠮᠤᠷ ᠢ ᠠᠰᠠᠭᠤᠬᠤ ᠶᠤᠰᠤᠨ ᠢ ᠬᠢᠵᠠᠢ᠃ ᠶᠢᠰᠦᠨ ᠰᠠᠷ᠎ᠠ ᠶᠢᠨ ᠰᠢᠷ᠎ᠠ | ᠯᠤᠤ ᠡᠳᠦᠷ ᠬᠠᠭᠠᠨ ᠡᠵᠡᠨ ᠨᠤᠮᠤᠬᠠ ᠠᠭᠤᠯᠠᠨ ᠳᠤ ᠪᠠᠭᠤᠳᠠᠯᠯᠠᠵᠤ ᠬᠡᠰᠢᠭ ᠢᠶᠠᠷ ᠪᠠᠭᠠᠷᠢᠨ ᠵᠡᠷᠭᠡ | ᠠᠷᠪᠠᠨ ᠠᠶᠢᠮᠠᠭ ᠤᠨ ᠸᠠᠩ ᠬᠦᠩ ᠂ ᠲᠠᠶᠢᠵᠢ᠂ ᠲᠠᠪᠤᠨᠠᠩ ᠂ ᠨᠠᠷ ᠲᠤ ᠲᠡᠷᠯᠢᠭ᠂ ᠲᠤᠷᠭ᠎ᠠ ᠱᠠᠩᠨᠠᠵᠠᠢ᠃ | ᠠᠷᠪᠠᠨ ᠬᠤᠶᠠᠷ ᠰᠠᠷ᠎ᠠ ᠶᠢᠨ ᠭᠤᠴᠢᠨ ᠤ ᠡᠳᠦᠷ ︵ᠬᠦᠭᠡ ᠪᠠᠷᠰ︶ ᠦᠳᠡ ᠳᠤ ᠬᠠᠭᠠᠨ ᠡᠵᠡᠨ ᠪᠤᠤ ᠾᠧ | ᠳ᠋ᠢᠶᠠᠨ ᠤᠷᠳᠤᠨ ᠳᠤ ᠶᠡᠭᠡ ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ | ᠬᠤᠰᠢᠭᠤ ᠶᠢᠨ ᠪᠠᠶᠢᠰᠠ ᠸᠠᠴᠢᠷᠰᠡᠷᠡᠭ᠂ ᠬᠤᠱᠤᠢ ᠲᠠᠪᠤᠨᠠᠩ ᠰᠡᠷᠡᠩ ᠵᠡᠷᠭᠡ ᠡᠯ᠎ᠡ ᠠᠶᠢᠮᠠᠭ ᠤᠨ ᠸᠠᠩ ᠬᠦᠩ | ᠂ ᠲᠠᠶᠢᠵᠢ᠂ ᠲᠠᠪᠤᠨᠠᠩ ᠨᠠᠷ ᠲᠠᠢ ᠭᠠᠷ ᠡᠷᠭᠦᠨ ᠴᠡᠩᠭᠡᠯᠳᠦᠪᠡ᠃ | ᠡᠩᠭᠡ ᠠᠮᠤᠭᠤᠯᠠᠩ ᠤᠨ ᠲᠦᠴᠢᠨ ᠵᠢᠷᠭᠤᠳᠤᠭᠠᠷ ᠤᠨ ᠤ ︵ ᠤᠯᠠᠭᠠᠭᠴᠢ ᠭᠠᠭ᠋ᠠᠢ ᠵᠢᠯ᠂1707ᠤᠨ | ︶ ᠲᠤᠯᠤᠭᠠᠨ ᠰᠠᠷ᠎ᠠ ᠶᠢᠨ ᠬᠦᠭᠡᠭᠴᠢᠨ ᠲᠠᠤᠯᠠᠢ ᠡᠳᠦᠷ ᠬᠠᠭᠠᠨ ᠡᠵᠡᠨ ᠢᠴᠢᠷᠰᠢᠷᠡᠭᠡ ᠳᠤ | ᠪᠠᠭᠤᠳᠠᠯᠯᠠᠭᠰᠠ ᠳᠤ ᠪᠠᠭᠠᠷᠢᠨ ᠤ ᠦᠯᠡᠮᠵᠢ ᠬᠡᠮᠵᠢᠶᠡᠳᠦ ᠬᠤᠱᠦᠢ ᠬᠦᠩᠵᠦ ᠢᠷᠡᠵᠦ ᠠᠮᠤᠷ ᠢ ᠠᠰᠠᠭᠤᠬᠤ | ᠶᠤᠰᠤᠨ ᠢ ᠬᠢᠵᠠᠢ᠃ ᠪᠠᠭᠠᠷᠢᠨ ᠤ ᠬᠤᠱᠤᠢ ᠲᠠᠪᠤᠨᠠᠩ ᠦᠷᠭᠦᠨ ᠂ ᠤᠯᠤᠰ ᠲᠤᠷ ᠲᠤᠰᠠᠬᠠᠯᠠᠬᠤ ᠬᠦᠩ | ᠭᠡᠷᠡᠯᠳᠦ ᠵᠡᠷᠭᠡ ᠳ᠋ᠥᠲ᠋ᠡᠷᠯᠢᠭ᠂ ᠲᠤᠷᠭ᠎ᠠ ᠱᠠᠩᠨᠠᠵᠠᠢ᠃ ᠨᠠᠢᠮᠠᠨ ᠰᠠᠷ᠎ᠠ ᠶᠢᠨ ᠴᠠᠭᠠᠭᠴᠢᠨ ᠮᠤᠭᠠᠢ ᠡᠳᠦᠷ | ᠬᠠᠭᠠᠨ ᠡᠵᠡᠨ ᠦᠯᠡᠮᠵᠢ ᠬᠡᠮᠵᠢᠶᠡᠳᠦ ᠬᠦᠩᠵᠦ ᠶᠢᠨ ᠤᠷᠳᠤᠨ ᠳᠤ ᠪᠠᠭᠤᠳᠠᠯᠯᠠᠵᠤ ᠲᠦᠷᠦ ᠶᠢᠨ ᡁᠢ ᠵᠢᠶᠦ᠋ᠨ | ᠸᠠᠩ ᠶᠦᠨ ᠱᠢ ᠂ ᠲᠤᠭ ᠤᠨ ᠵᠠᠩᠬᠢ ᠲᠠᠶᠢᠬᠠ ᠶᠢ ᠲᠤᠮᠢᠯᠠᠵᠤ ᠰᠡᠴᠡᠨ ᠲᠡᠭᠡᠳᠦ ᠬᠦᠷᠦᠨ ᠬᠦᠩᠵᠦ ᠶᠢᠨ | ᠭᠡᠭᠡᠨ ᠳᠤ ᠠᠷᠢᠬᠢ ᠰᠠᠴᠤᠵᠤ ᠲᠠᠬᠢᠯ ᠲᠠᠯᠪᠢᠭᠤᠯᠵᠠᠢ᠃ ᠬᠠᠷᠠᠭᠴᠢᠨ ᠬᠤᠨᠢ ᠡᠳᠦᠷ ᠬᠠᠭᠠᠨ ᠡᠵᠡᠨ | ᠭᠤᠷᠭᠤᠯᠳᠠᠢ ᠬᠠᠷ᠎ᠠ ᠤᠰᠤ ᠶᠢᠨ ᠭᠠᠵᠠᠷ ᠪᠠᠭᠤᠳᠠᠯᠠᠯᠭᠰᠠᠨ ᠳᠤ ᠪᠠᠭᠠᠷᠢᠨ ᠬᠤᠰᠢᠭᠤᠨ ᠤ ᠪᠠᠶᠢᠰᠠ | ᠸᠡᠴᠢᠷᠰᠡᠷᠩ ᠢᠷᠡᠵᠦ ᠵᠤᠯᠭᠠᠯᠳᠠ ᠬᠢᠭᠰᠡᠨ ᠬᠠᠭᠠᠨ ᠡᠵᠡᠨ ᠲᠡᠷᠯᠢᠭ᠂ ᠲᠤᠷᠭ᠎ᠠ ᠱᠠᠩᠨᠠᠵᠠᠢ᠃ | ᠡᠩᠭᠡ ᠠᠮᠤᠭᠤᠯᠠᠩ ᠤᠨ ᠲᠦᠴᠢᠨ ᠨᠠᠢᠮᠠᠳᠤᠭᠠᠷ ᠤᠨ ᠤ ︵ ᠰᠢᠷᠠᠭᠴᠢᠨ ᠦᠭᠡᠷ ᠵᠢᠯ᠂1709ᠤᠨ︶ | ᠭᠤᠷᠪᠠᠨ ᠰᠠᠷ᠎ᠠ ᠶᠢᠨ ᠠᠷᠪᠠᠨ ᠵᠢᠷᠭᠤᠭᠠᠨ ︵ᠤᠯᠠᠭᠠᠭᠴᠢᠨ ᠭᠠᠭ᠋ᠠᠢ ︶ ᠤ ᠡᠳᠦᠷ ᠬᠠᠭᠠᠨ ᠡᠵᠡᠨ ᠵᠠᠷᠯᠢᠭ | ᠪᠤᠯᠵᠤ ᠪᠠᠭᠠᠷᠢᠨ ᠤ ᠦᠷᠭᠦᠨ ᠲᠠᠪᠤᠨᠠᠩ ᠳᠤ ᠮᠤᠷᠳᠠᠭᠰᠠᠨ ᠪᠠᠭᠠᠷᠢᠨ ᠤ ᠦᠯᠡᠮᠵᠢ ᠬᠡᠮᠵᠢᠶᠡᠳᠦ ᠬᠤᠱᠦᠢ | ᠬᠦᠩᠵᠦ ᠶᠢ ᠬᠦᠷᠦᠨ ᠬᠦᠩᠵᠦ ᠡᠷᠭᠦᠮᠵᠢᠯᠡᠵᠦ ᠦᠷᠭᠦᠨ ᠢ ᠬᠦᠷᠦᠨ ᠲᠠᠪᠤᠨᠠᠩ ᠢᠶᠠᠷ ᠲᠡᠪᠰᠢᠬᠦᠯᠬᠦ ᠪᠠᠷ | ᠲᠤᠭᠳᠠᠪᠠ᠃ ᠵᠢᠷᠭᠤᠭᠠᠨ ᠰᠠᠷ᠎ᠠ ᠶᠢᠨ ᠬᠦᠭᠡᠭᠴᠢᠨ ᠬᠤᠨᠢ ᠡᠳᠦᠷ ᠪᠠᠭᠠᠷᠢᠨ ᠵᠢᠶᠦ᠋ᠨ ᠸᠠᠩ ᠬᠦᠷᠦᠨ ᠲᠠᠪᠤᠨᠠᠩ | ᠬᠠᠭᠠᠨ ᠡᠵᠡᠨ ᠤ ᠠᠮᠦᠷ ᠤᠨ ᠶᠤᠰᠤᠯᠠᠯ ᠢ ᠬᠦᠢᠴᠡᠳᠭᠡᠪᠡ᠃ | ᠡᠩᠭᠡ ᠠᠮᠤᠭᠤᠯᠠᠩ ᠤᠨ ᠲᠦᠴᠢᠨ ᠶᠢᠰᠦᠳᠤᠭᠡᠷ ᠤᠨ ᠤ ︵ ᠴᠠᠭᠠᠨ ᠪᠠᠷᠰ ᠵᠢᠯ᠂1710 ᠤᠨ︶ | ᠲᠠᠪᠤᠨ ᠰᠠᠷ᠎ᠠ ᠶᠢᠨ ᠤᠯᠠᠭᠠᠭᠴᠢᠨ ᠦᠭᠡᠷ ᠡᠳᠦᠷ ᠬᠠᠭᠠᠨ ᠡᠵᠡᠨ ᠬᠠᠯᠠᠭᠤᠨ ᠭᠤᠤᠯ ᠤᠨ ᠰᠠᠭᠤᠬᠤ ᠤᠷᠳᠤᠨ | ᠳᠤ ᠪᠠᠭᠤᠳᠠᠯᠯᠠᠭᠰᠠᠨ ᠳᠤ ᠪᠠᠭᠠᠷᠢᠨ ᠤ ᠦᠷᠭᠦᠨ ᠵᠢᠶᠦ᠋ᠨ ᠸᠠᠩ ᠢᠷᠡᠵᠦ ᠬᠠᠭᠠᠨ ᠡᠵᠡᠨ ᠤ ᠠᠮᠦᠷ ᠤᠨ | ᠶᠤᠰᠤᠯᠠᠯ ᠢ ᠬᠦᠢᠴᠡᠳᠭᠡᠪᠡ᠃ ᠲᠤᠯᠤᠭᠠᠨ ᠰᠠᠷ᠎ᠠ ᠳᠤ ᠬᠠᠭᠠᠨ ᠡᠵᠡᠨ ᠯᠦᠩ ᠬᠤᠸᠠ ᠶᠢᠨ ᠪᠤᠷᠦᠬᠤᠳᠠ | ᠳᠤ ᠪᠠᠭᠤᠳᠠᠯᠯᠠᠭᠰᠠᠨ ᠳᠤ ᠪᠠᠭᠠᠷᠢᠨ ᠤ ᠦᠷᠭᠦᠨ ᠵᠢᠶᠦ᠋ᠨ ᠸᠠᠩ ᠢᠷᠡᠵᠦ ᠬᠠᠭᠠᠨ ᠡᠵᠡᠨ ᠤ ᠠᠮᠦᠷ ᠤᠨ | ᠶᠤᠰᠤᠯᠠᠯ ᠢ ᠬᠦᠢᠴᠡᠳᠭᠡᠪᠡ᠃ | ᠡᠩᠭᠡ ᠠᠮᠤᠭᠤᠯᠠᠩ ᠤᠨ ᠲᠠᠪᠢᠨ ᠨᠢᠭᠡᠳᠦᠭᠡᠷ ᠤᠨ ᠤ ︵ ᠬᠠᠷ᠎ᠠ ᠯᠤᠤ ᠵᠢᠯ᠂1711 ᠤᠨ︶ | ᠲᠤᠯᠤᠭᠠᠨ ᠰᠠᠷ᠎ᠠ ᠶᠢᠨ ᠬᠠᠷᠠᠭᠴᠢᠨ ᠲᠠᠤᠯᠠᠢ ᠡᠳᠦᠷ ᠪᠠᠭᠠᠷᠢᠨ ᠬᠤᠰᠢᠭᠤᠨ ᠤ ᠪᠠᠶᠢᠰᠠ ᠸᠡᠴᠢᠷᠰᠡᠷᠡᠩ ᠲᠦᠷᠦ | ᠳᠤ ᠢᠷᠡᠵᠦ ᠬᠠᠭᠠᠨ ᠡᠵᠡᠨ ᠤ ᠠᠮᠦᠷ ᠤᠨ ᠶᠤᠰᠤᠯᠠᠯ ᠢ ᠬᠦᠢᠴᠡᠳᠭᠡᠪᠡ᠃ | ᠤᠯᠠᠭᠠᠭᠴᠢᠨ ᠮᠤᠭᠠᠢ ᠡᠳᠦᠷ ᠳᠤ ᠬᠠᠭᠠᠨ ᠡᠵᠡᠨ ᠯᠦᠩ ᠬᠤᠸᠠ ᠶᠢᠨ ᠪᠤᠷᠦᠬᠤᠳᠠ ᠳᠤ | ᠪᠠᠭᠤᠳᠠᠯᠯᠠᠭᠰᠠᠨ ᠳᠤ ᠪᠠᠭᠠᠷᠢᠨ ᠤ ᠦᠯᠡᠮᠵᠢ ᠬᠡᠮᠵᠢᠶᠡᠳᠦ ᠭᠦᠷᠦᠨ ᠬᠦᠩᠵᠦ ᠢᠷᠡᠵᠦ ᠬᠠᠭᠠᠨ ᠡᠵᠡᠨ ᠤ | ᠠᠮᠦᠷ ᠤᠨ ᠶᠤᠰᠤᠯᠠᠯ ᠢ ᠬᠦᠢᠴᠡᠳᠭᠡᠪᠡ᠃ ᠶᠢᠰᠦᠨ ᠰᠠᠷ᠎ᠠ ᠶᠢᠨ ᠴᠠᠭᠠᠨ ᠪᠠᠷᠰ ᠡᠳᠦᠷ ᠬᠠᠭᠠᠨ ᠡᠵᠡᠨ | ᠨᠠᠮᠰᠠᠩᠵᠠᠰᠠᠨ ᠳᠤ ᠪᠠᠭᠤᠳᠠᠯᠯᠠᠵᠤ , ᠬᠡᠰᠢᠭ ᠢᠶᠠᠷ ᠲᠦᠷᠦ ᠳᠤ ᠢᠷᠡᠭᠰᠡᠨ ᠪᠠᠭᠠᠷᠢᠨ ᠵᠡᠷᠭᠡ ᠠᠷᠪᠠᠨ ᠲᠤᠯᠤᠭᠠᠨ | ᠬᠤᠰᠢᠭᠤᠨ ᠤ ᠸᠠᠩ ᠂ ᠪᠠᠶᠢᠯ᠎ᠠ ᠂ ᠪᠠᠶᠢᠰᠠ᠂ ᠲᠠᠪᠤᠨᠠᠩ᠂ ᠬᠦᠩ᠂ ᠲᠠᠶᠢᠵᠢ ᠵᠡᠷᠭᠡ ᠳᠤ ᠡᠮᠡᠭᠡᠯ ᠂ | ᠲᠤᠷᠭ᠎ᠠ᠂ ᠮᠦᠩᠬᠦ᠂ ᠱᠠᠩᠨᠠᠵᠠᠢ᠃ ᠬᠠᠭᠠᠨ ᠢ ᠲᠠᠭᠠᠨ ᠡᠶᠢᠨᠯᠠᠭᠰᠡᠨ ︵2︶ ᠡᠩ ᠤᠨ ᠮᠤᠩᠭᠤᠯ | ᠴᠡᠷᠢᠭ ᠲᠤ ᠲᠤᠰ ᠲᠤᠰ ᠮᠦᠩᠬᠦ᠂ ᠪᠦᠰ ᠱᠠᠩᠨᠠᠵᠠᠢ᠃ | ᠡᠩᠭᠡ ᠠᠮᠤᠭᠤᠯᠠᠩ ᠤᠨ ᠲᠠᠪᠢᠨ ᠬᠤᠶᠠᠳᠤᠭᠠᠷ ᠤᠨ ᠤ ︵ ᠬᠠᠷᠠᠭᠴᠢᠨ ᠮᠤᠭᠠᠢ ᠵᠢᠯ᠂1713ᠤᠨ︶ | ᠲᠤᠯᠤᠭᠠᠨ ᠰᠠᠷ᠎ᠠ ᠶᠢᠨ ᠤᠯᠠᠭᠠᠭᠴᠢᠨ ᠲᠠᠤᠯᠠᠢ ᠡᠳᠦᠷ ᠬᠠᠭᠠᠨ ᠡᠵᠡᠨ ᠯᠦᠩ ᠬᠤᠸᠠ ᠶᠢᠨ ᠪᠤᠷᠤᠬᠤᠳᠠ ᠳᠤ | ᠪᠠᠭᠤᠳᠠᠯᠯᠠᠭᠰᠠ ᠳᠤ ᠪᠠᠭᠠᠷᠢᠨ ᠤ ᠦᠯᠡᠮᠵᠢ ᠬᠡᠮᠵᠢᠶᠡᠳᠦ ᠬᠦᠷᠦᠨ ᠬᠦᠩᠵᠦ ᠢᠷᠡᠵᠦ ᠬᠠᠭᠠᠨ ᠡᠴᠢᠭᠡ | ᠳᠡᠭᠡᠨ ᠠᠮᠤᠷ ᠢ ᠠᠰᠠᠭᠤᠬᠤ ᠶᠤᠰᠤᠨ ᠢ ᠬᠢᠵᠠᠢ᠃ | ᠡᠩᠭᠡ ᠠᠮᠤᠭᠤᠯᠠᠩ ᠤᠨ ᠲᠠᠪᠢᠨ ᠭᠤᠷᠪᠠᠳᠤᠭᠠᠷ ᠤᠨ ᠤ ︵ ᠬᠦᠭᠡ ᠮᠤᠷᠢᠨ ᠵᠢᠯ᠂1714ᠤᠨ︶ | ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠤᠯᠠᠭᠠᠨ ᠯᠤᠤ ︶ ᠤᠨ ᠦᠳᠡ ᠳᠤ ᠬᠠᠭᠠᠨ ᠡᠵᠡᠨ | ᠴᠠᠩ ᠴᠦᠨ ᠶᠤᠸᠠᠨ ᠤᠷᠳᠤᠨ ᠤ ᠲᠤᠳᠤᠷᠠᠬᠢ ᠲᠦᠮᠡᠨ ᠨᠠᠰᠤᠳᠤ ᠲᠠᠩᠬᠢᠮ ᠳᠤ ᠪᠠᠭᠠᠷᠢᠨ ᠤ ᠵᠠᠰᠠᠭ ᠲᠦᠷᠦ | ᠶᠢᠨ ᠵᠢᠶᠦ᠋ᠨ ᠸᠠᠩ ᠦᠷᠭᠦᠨ ᠂᠂ ᠬᠤᠰᠢᠭᠤ ᠶᠢᠨ ᠪᠠᠶᠢᠰᠠ ᠷᠠᠰᠢᠨᠠᠮᠵᠢᠯ ᠵᠡᠷᠭᠡ ᠲᠦᠷᠦ ᠳᠤ ᠢᠷᠡᠭᠰᠡᠨ | ᠭᠠᠳᠠᠭᠠᠳᠤ ᠮᠤᠩᠭᠤᠯ ᠤᠨ ᠬᠤᠷᠢᠨ ᠨᠠᠢᠮᠠᠨ ᠬᠤᠰᠢᠭᠤ ᠶᠢᠨ ᠸᠠᠩ ᠢ ᠵᠤᠴᠢᠯᠠᠵᠤ ᠂ ᠬᠠᠭᠠᠨ ᠤᠯᠠᠨ ᠲᠠᠢ | ᠠᠷᠢᠬᠢ ᠤᠤᠭᠤᠵᠤ ᠴᠡᠩᠭᠡᠯᠳᠦᠪᠡ ᠃ | ᠲᠠᠪᠤᠨ ᠰᠠᠷ᠎ᠠ ᠶᠢᠨ ᠬᠤᠷᠢᠨ ᠵᠢᠷᠭᠤᠭᠠᠨ ᠤ ᠡᠳᠦᠷ ᠬᠠᠭᠠᠨ ᠡᠵᠡᠨ ᠬᠠᠯᠠᠭᠤᠨ ᠭᠤᠤᠯ ᠤᠨ ᠰᠠᠭᠤᠬᠤ | ᠤᠷᠳᠤᠨ ᠳᠤ ᠪᠠᠭᠤᠳᠠᠯᠯᠠᠭᠰᠠᠨ ᠳᠤ ᠪᠠᠭᠠᠷᠢᠨ ᠤ ᠦᠯᠡᠮᠵᠢ ᠬᠡᠮᠵᠢᠶᠡᠳᠦ ᠬᠦᠷᠦᠨ ᠬᠦᠩᠵᠦ ᠢᠷᠡᠵᠦ | ᠬᠠᠭᠠᠨ ᠡᠵᠡᠨ ᠤ ᠠᠮᠦᠷ ᠤᠨ ᠶᠤᠰᠤᠯᠠᠯ ᠢ ᠬᠦᠢᠴᠡᠳᠭᠡᠪᠡ᠃ ᠵᠢᠷᠭᠤᠭᠠᠨ ᠰᠠᠷ᠎ᠠ ᠶᠢᠨ ᠬᠦᠭᠡᠭᠴᠢᠨ ᠮᠤᠭᠠᠢ | ᠡᠳᠦᠷ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠬᠦᠷᠦᠨ ᠲᠠᠪᠤᠨᠠᠩ ᠦᠷᠭᠦᠨ ᠢᠷᠡᠵᠦ ᠬᠠᠭᠠᠨ | ᠡᠵᠡᠨ ᠤ ᠠᠮᠦᠷ ᠤᠨ ᠶᠤᠰᠤᠯᠠᠯ ᠢ ᠬᠦᠢᠴᠡᠳᠭᠡᠪᠡ᠃ | ᠠᠷᠪᠠᠨ ᠬᠤᠶᠠᠷ ᠰᠠᠷ᠎ᠠ ᠶᠢᠨ ᠬᠤᠷᠢ ᠶᠢᠰᠦᠨ ᠤ ᠡᠳᠦᠷ ︵ ᠤᠯᠠᠭᠠᠭᠴᠢᠨ ᠲᠠᠬᠢᠶ᠎ᠠ ᠡᠳᠦᠷ ︶ ᠤᠨ | ᠦᠳᠡ ᠳᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠰᠢᠨ᠎ᠡ ᠵᠢᠯ ᠢ ᠤᠭᠳᠤᠬᠤ ᠶᠡᠭᠡ ᠲᠠᠶᠢᠯᠠᠯᠭ᠎ᠠ | ᠬᠢᠵᠦ ᠲᠦᠷᠦ ᠳᠤ ᠢᠷᠡᠭᠰᠡᠨ ᠪᠠᠭᠠᠷᠢᠨ ᠠᠶᠢᠮᠠᠭ ᠤᠨ ᠪᠠᠶᠢᠰᠠ ᠸᠠᠴᠢᠷᠰᠡᠷᠡᠩ ᠭᠠᠳᠠᠭᠠᠳᠤ ᠮᠤᠩᠭᠤᠯ ᠤᠨ ᠡᠯ᠎ᠡ | ᠸᠠᠩ ᠵᠡᠷᠭᠡ ᠬᠤᠷᠢᠨ ᠭᠤᠷᠪᠠᠨ ᠬᠤᠰᠢᠭᠤ ᠶᠢᠨ ᠸᠠᠩ ᠬᠦᠩ ᠲᠠᠢ ᠠᠷᠢᠬᠢᠳᠠᠨ ᠴᠡᠩᠭᠡᠯᠳᠦᠪᠡ᠃ | ᠪᠦᠬᠦᠳᠡᠭᠡᠷ ᠬᠠᠭᠠᠨ ᠤ ᠭᠡᠰᠢᠭ ᠲᠤ ᠶᠡᠭᠡᠳᠡ ᠲᠠᠯᠠᠷᠬᠠᠵᠠᠢ᠃ | ᠡᠩᠭᠡ ᠠᠮᠤᠭᠤᠯᠠᠩ ᠤᠨ ᠲᠠᠪᠢᠨ ᠲᠠᠪᠤᠳᠤᠭᠠᠷ ᠤᠨ ᠤ ︵ ᠬᠦᠭᠡᠭᠴᠢᠨ ᠬᠤᠨᠢ ᠵᠢᠯ᠂1715 ᠤᠨ︶ | ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠴᠠᠭᠠᠭᠴᠢᠨ ᠭᠠᠭ᠋ᠠᠢ︶ ᠤᠨ ᠦᠳᠡ ᠳᠤ | ᠬᠠᠭᠠᠨ ᠡᠵᠡᠨ ᠴᠠᠩ ᠴᠦᠨ ᠶᠤᠸᠠᠨ ᠤ ᠵᠢᠦ ᠵᠢᠩ ᠰᠠᠨ ᠱᠢ ᠳᠤ ᠴᠠᠭᠠᠨ ᠰᠠᠷ᠎ᠠ ᠶᠢᠨ ᠠᠷᠪᠠᠨ ᠲᠠᠪᠤᠨ ᠤ | ᠰᠠᠷᠬᠤᠳ ᠤᠨ ᠪᠠᠶᠠᠷ ᠭᠡᠮᠡᠨ ᠶᠡᠭᠡ ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠪᠠᠭᠠᠷᠢᠨ ᠠᠶᠢᠮᠠᠭ ᠤᠨ | ᠬᠤᠰᠢᠭᠤᠨ ᠤ ᠪᠠᠶᠢᠰᠠ ᠸᠠᠴᠢᠷᠰᠡᠷᠡᠩ ᠵᠡᠷᠭᠡ ᠭᠠᠳᠠᠭᠠᠳᠤ ᠮᠤᠩᠭᠤᠯ ᠤᠨ ᠬᠤᠷᠢᠨ ᠭᠤᠷᠪᠠᠨ ᠬᠤᠰᠢᠭᠤ | ᠶᠢᠨ ᠲᠡᠷᠢᠭᠦᠨ ᠤᠷᠤᠯᠴᠠᠵᠠᠢ᠃ ᠬᠠᠭᠠᠨ ᠡᠵᠡᠨ ᠤᠯᠠᠨ ᠲᠠᠢ ᠠᠷᠬᠢᠳᠠᠨ ᠴᠡᠩᠭᠡᠯᠳᠦᠪᠡ᠃ ᠨᠠᠢᠮᠠᠨ ᠰᠠᠷ᠎ᠠ | ᠶᠢᠨ ᠠᠷᠪᠠᠨ ᠲᠠᠪᠤᠨ ᠤ ᠡᠳᠦᠷ ︵ ᠰᠢᠷ᠎ᠠ ᠪᠠᠷᠰ︶ ᠤᠨ ᠬᠤᠨᠢᠨ ᠴᠠᠭ ᠲᠤ ᠬᠠᠭᠠᠨ ᠡᠵᠡᠨ ᠴᠢᠩ | ᠴᠧᠩ ᠬᠤᠳᠠ ᠳᠤ ᠪᠠᠭᠠᠷᠢᠨ ᠤ ᠦᠯᠡᠮᠵᠢ ᠬᠡᠮᠵᠢᠶᠡᠳᠦ ᠬᠦᠷᠦᠨ ᠬᠦᠩᠵᠦ ᠢᠷᠡᠵᠦ ᠬᠠᠭᠠᠨ ᠡᠵᠡᠨ ᠤ | ᠠᠮᠦᠷ ᠠᠰᠠᠭᠤᠨ ᠠᠯᠪᠠ ᠪᠠᠷᠢᠬᠤ ᠶᠤᠰᠤᠯᠠᠯ ᠢ ᠬᠦᠢᠴᠡᠳᠭᠡᠪᠡ᠃ ᠠᠷᠪᠠᠨ ᠬᠤᠶᠠᠷ ᠰᠠᠷ᠎ᠠ ᠶᠢᠨ ᠴᠠᠭᠠᠭᠴᠢᠨ | ᠲᠠᠤᠯᠠᠢ ᠡᠳᠦᠷ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠦᠳᠡᠰᠢᠯᠭᠡ ᠶᠢᠨ ᠲᠠᠶᠢᠯᠠᠯᠭ᠎ᠠ ᠬᠢᠵᠦ ᠲᠦᠷᠦ | ᠳᠤ ᠢᠷᠡᠭᠰᠡᠨ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠬᠦᠷᠦᠨ ᠲᠠᠪᠤᠨᠠᠩ ᠦᠷᠭᠦᠨ᠂ ᠲᠦᠷᠦ | ᠶᠢᠨ ᠪᠠᠶᠢᠯ᠎ᠠ ᠷᠠᠰᠢᠨᠠᠮᠵᠢᠯ ᠵᠡᠷᠭᠡ ᠬᠤᠷᠢᠨ ᠵᠢᠷᠭᠤᠭᠠᠨ ᠠᠶᠢᠮᠠᠭ ᠬᠤᠰᠢᠭᠤᠨ ᠤ ᠸᠠᠩ ᠨᠤᠶᠠᠳ | ᠤᠷᠤᠯᠴᠠᠵᠠᠢ᠃ ᠬᠠᠭᠠᠨ ᠡᠵᠡᠨ ᠤᠯᠠᠨ ᠲᠠᠢ ᠠᠷᠬᠢᠳᠠᠨ ᠴᠡᠩᠭᠡᠯᠳᠦᠪᠡ᠃ ᠲᠤᠯᠤᠭᠠᠨ ᠰᠠᠷ᠎ᠠ ᠶᠢᠨ ᠬᠤᠷᠢᠨ | ᠲᠤᠯᠤᠭᠠᠨ ᠤ ᠡᠳᠦᠷ ︵ᠬᠦᠭᠡ ᠪᠡᠴᠢ︶ ᠬᠠᠭᠠᠨ ᠡᠵᠡᠨ ᠴᠢᠩ ᠴᠧᠩ ᠬᠤᠳᠠ ᠳᠤ ᠪᠠᠭᠠᠷᠢᠨ ᠤ ᠦᠯᠡᠮᠵᠢ | ᠬᠡᠮᠵᠢᠶᠡᠳᠦ ᠬᠦᠷᠦᠨ ᠬᠦᠩᠵᠦ ᠢᠷᠡᠵᠦ ᠬᠠᠭᠠᠨ ᠡᠵᠡᠨ ᠤ ᠠᠮᠦᠷ ᠠᠰᠠᠭᠤᠨ ᠠᠯᠪᠠ ᠪᠠᠷᠢᠬᠤ ᠶᠤᠰᠤᠯᠠᠯ | ᠢ ᠬᠦᠢᠴᠡᠳᠭᠡᠪᠡ᠃ ᠶᠢᠰᠦᠨ ᠰᠠᠷ᠎ᠠ ᠶᠢᠨ ᠭᠤᠷᠪᠠᠨ ᠤ ᠡᠳᠦᠷ ︵ᠰᠢᠷᠠᠭᠴᠢᠨ ᠬᠤᠨᠢ ︶ ᠬᠠᠭᠠᠨ ᠡᠵᠡᠨ ᠴᠢᠩ | ᠴᠧᠩ ᠬᠤᠳᠠ ᠳᠤ ᠪᠠᠭᠠᠷᠢᠨ ᠤ ᠦᠯᠡᠮᠵᠢ ᠬᠡᠮᠵᠢᠶᠡᠳᠦ ᠬᠦᠷᠦᠨ ᠬᠦᠩᠵᠦ ᠭᠡᠰᠢᠭ ᠢᠶᠠᠷ ᠲᠦᠷᠦ ᠳᠤ | ᠢᠷᠡᠵᠦ ᠬᠠᠭᠠᠨ ᠡᠵᠡᠨ ᠤ ᠠᠮᠦᠷ ᠠᠰᠠᠭᠤᠨ ᠠᠯᠪᠠ ᠪᠠᠷᠢᠬᠤ ᠶᠤᠰᠤᠯᠠᠯ ᠢ ᠬᠦᠢᠴᠡᠳᠭᠡᠪᠡ᠃ | ᠡᠩᠭᠡ ᠠᠮᠤᠭᠤᠯᠠᠩ ᠤᠨ ᠲᠠᠪᠢᠨ ᠵᠢᠷᠭᠤᠳᠤᠭᠠᠷ ᠤᠨ ᠤ ︵ ᠤᠯᠠᠭᠠᠭᠴᠢᠨ ᠲᠠᠬᠢᠶᠠᠵᠢᠯ᠂1717 | ᠤᠨ︶ ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠴᠠᠭᠠᠭᠴᠢᠨ ᠭᠠᠭ᠋ᠠᠢ︶ ᠤᠨ ᠦᠳᠡ ᠳᠤ | ᠬᠠᠭᠠᠨ ᠡᠵᠡᠨ ᠴᠠᠩ ᠴᠦᠨ ᠶᠤᠸᠠᠨ ᠤ ᠵᠢᠦ ᠵᠢᠩ ᠰᠠᠨ ᠱᠢ ᠳᠤ ᠴᠠᠭᠠᠨ ᠰᠠᠷ᠎ᠠ ᠶᠢᠨ ᠠᠷᠪᠠᠨ ᠲᠠᠪᠤᠨ ᠭᠡᠮᠡᠨ | ᠶᠡᠭᠡ ᠲᠠᠶᠢᠯᠠᠯᠭ᠎ᠠ ᠬᠢᠵᠦ᠂ ᠲᠦᠷᠦ ᠳᠤ ᠢᠷᠡᠭᠰᠡᠨ ᠪᠠᠭᠠᠷᠢᠨ ᠠᠶᠢᠮᠠᠭ ᠤᠨ ᠬᠤᠰᠢᠭᠤᠨ ᠤ ᠪᠠᠶᠢᠰᠠ | ᠸᠠᠴᠢᠷᠰᠡᠷᠡᠩ ᠂ ᠤᠯᠤᠰ ᠤᠨ ᠲᠦᠰᠢᠶ᠎ᠡ ᠭᠦᠩ ᠰᠦᠯᠢ ᠵᠡᠷᠭᠡ ᠭᠠᠳᠠᠭᠠᠳᠤ ᠮᠤᠩᠭᠤᠯ ᠤᠨ ᠬᠤᠷᠢᠨ ᠬᠤᠶᠠᠷ | ᠬᠤᠰᠢᠭᠤᠨ ᠤ ᠸᠠᠩ ᠨᠤᠶᠠᠨ ᠤᠷᠤᠯᠴᠠᠵᠠᠢ᠃ ᠬᠠᠭᠠᠨ ᠡᠵᠡᠨ ᠤᠯᠠᠨ ᠲᠠᠢ ᠠᠷᠬᠢᠳᠠᠨ ᠴᠡᠩᠭᠡᠯᠳᠦᠪᠡ᠃ | ᠲᠠᠪᠤᠨ ᠰᠠᠷ᠎ᠠ ᠶᠢᠨ ᠬᠤᠷᠢ ᠶᠢᠰᠦᠨ ᠤ ᠡᠳᠦᠷ ᠬᠠᠭᠠᠨ ᠡᠵᠡᠨ ᠰᠢᠷ᠎ᠠ ᠰᠢᠷᠦᠢ ᠶᠢᠨ ᠡᠷᠬᠢ ᠳᠤ | ᠪᠠᠭᠤᠳᠠᠯᠯᠠᠵᠤ᠂ ᠲᠤᠰ ᠡᠳᠦᠷ ᠪᠠᠭᠠᠷᠢᠨ ᠤ ᠲᠤᠰᠠᠯᠠᠭᠴᠢ ᠲᠠᠶᠢᠵᠢ ᠳ᠋ᠠᠨᠽᠠᠨ ᠲᠦᠷᠦ ᠳᠤ ᠢᠷᠡᠵᠦ ᠡᠵᠡᠨ | ᠬᠠᠭᠠᠨ ᠤ ᠠᠮᠤᠷ ᠢ ᠠᠰᠠᠭᠤᠨ ᠠᠯᠪᠠ ᠪᠠᠷᠢᠵᠠᠢ᠃ ᠲᠤᠯᠤᠭᠠᠨ ᠰᠠᠷ᠎ᠠ ᠶᠢᠨ ᠬᠤᠷᠢᠨ ᠨᠢᠭᠡᠨ ᠤ ᠡᠳᠦᠷ ︵ | ᠬᠠᠷᠠᠭᠴᠢᠨ ᠲᠠᠬᠢᠶ᠎ᠠ ︶ ᠪᠠᠭᠠᠷᠢᠨ ᠬᠤᠰᠢᠭᠤᠨ ᠤ ᠪᠠᠶᠢᠰᠠ ᠷᠠᠰᠢᠨᠠᠮᠵᠢᠯ ᠬᠡᠰᠢᠭ ᠢᠶᠠᠷ ᠲᠦᠷᠦ ᠳᠤ ᠢᠷᠡᠵᠦ | ᠠᠮᠦᠷ ᠢ ᠠᠰᠠᠭᠤᠨ ᠠᠯᠪᠠ ᠪᠠᠷᠢᠪᠠ᠃ | ︵1︶ ᠤᠳᠤᠷᠯᠠᠵᠤ — — ᠬᠠᠪᠤᠷ ᠤᠨ ᠠᠪᠠ ᠂ ︵ ︽ᠲᠠᠪᠤᠨ ᠵᠦᠢᠯ ᠤᠨ ᠦᠰᠦᠭ ᠬᠠᠪᠰᠤᠷᠭᠠᠭᠰᠠᠨ | ᠮᠠᠨᠵᠦ ᠦᠭᠡᠨ ᠤ ᠲᠤᠯᠢ ᠪᠢᠴᠢᠭ ︾ ᠤᠨ 100 ᠳ᠋ᠤᠭᠠᠷ ᠨᠢᠭᠤᠷ︶ | ︵2︶ ᠡᠶᠢᠨᠯᠠᠭᠰᠠᠨ—— ᠨᠠᠮᠦᠷ ᠤᠨ ᠠᠪᠠ ︵︽ᠲᠠᠪᠤᠨ ᠵᠦᠢᠯ ᠤᠨ ᠦᠰᠦᠭ ᠢᠶᠠᠷ | ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ ︾ 1001 ᠳ᠋ᠤᠭᠡᠷ ᠨᠢᠭᠤᠷ︶ | ᠲᠤᠰ ᠲᠡᠮᠳᠡᠭᠯᠡᠯ ᠢ ᠡᠦ ᠶᠦᠩ ᠱᠠᠨ ᠂ ᠲᠤᠭᠳᠠᠬᠤ ︽ᠡᠩᠭᠡ ᠠᠮᠤᠭᠤᠯᠠᠩ ᠤᠨ ᠪᠤᠰᠬᠤ ᠰᠠᠭᠤᠬᠤ | ᠡᠳᠦᠷ ᠤᠨ ᠲᠡᠮᠳᠡᠭᠯᠡᠯ ︾᠂ ︽ᠡᠩᠭᠡ ᠠᠮᠤᠭᠤᠯᠠᠩ ᠤᠨ ᠦᠨᠡᠨ ᠲᠡᠮᠳᠡᠭᠯᠡᠯ ︾ ᠠᠴᠠ ᠪᠠᠭᠤᠯᠭᠠᠪᠠ᠃ | | | | |