| ᠰᠠᠴᠤᠷᠠᠯ ᠵᠣᠬᠢᠶᠠᠪᠠ | ᠠᠨᠢᠷ ᠦᠬᠡᠢ ᠶᠢᠨ ᠳᠤᠮᠳᠠ ᠲᠠᠮᠠᠬᠢᠨ ᠭᠠᠯ ᠰᠢᠭ᠋ ᠤᠯᠠᠯᠵᠠᠵᠦ | ᠠᠮᠢᠳᠣᠷᠠᠯ ᠤᠨ ᠠᠳᠠᠷᠠᠭᠠᠨ ᠰᠠᠳᠠᠷᠠᠭᠠᠨ ᠢ ᠤᠩᠭᠤᠰᠬᠠᠬᠤ ᠳᠤ | ᠠᠯᠣᠰ ᠠᠯᠣᠰᠬᠠᠨ ᠬᠢᠵᠠᠭᠠᠷ ᠠᠴᠠ | ᠠᠪᠤ ᠮᠢᠨᠢ ᠰᠠᠨᠠᠭᠳᠠᠨ᠎ᠠ | ᠡᠭᠡᠪᠦᠷ ᠭᠠᠵᠠᠷ ᠤᠨ ᠨᠣᠭᠤᠭ᠎ᠠ ᠰᠢᠭ᠋ | ᠡᠵᠢ ᠶᠢᠨ ᠢᠶᠠᠨ ᠡᠯᠢᠭᠡᠨ ᠳᠤ ᠨᠣᠵᠣᠭᠤᠷᠠᠨ ᠪᠠᠶᠢᠬᠤ ᠳᠤ | ᠦᠦᠷ ᠢ ᠰᠦᠯᠡᠭᠰᠡᠨ ᠰᠡᠷᠢᠬᠦᠨ ᠵᠢᠪᠠᠷ ᠰᠢᠭ᠋ | ᠡᠷ᠎ᠡ ᠬᠦᠮᠦᠨ ᠤ ᠰᠢᠷᠦᠭᠦᠨ ᠰᠠᠬᠠᠯ ᠰᠠᠨᠠᠭᠳᠠᠨ᠎ᠠ | ᠡᠳᠦᠷ ᠤᠨ ᠰᠢᠷᠭᠠᠯ ᠨᠠᠷᠠ ᠶᠢ | ᠦᠬᠡᠷ ᠲᠡᠷᠭᠡᠨ ᠳᠤ ᠪᠠᠨ ᠲᠡᠭᠡᠭᠡᠵᠦ | ᠡᠭᠦᠯᠡᠨ ᠴᠡᠩᠬᠡᠷ ᠠᠯᠣᠰ ᠲᠤ ᠰᠢᠩᠭᠡᠵᠦ ᠣᠳᠣᠭᠰᠠᠨ | ᠡᠴᠢᠨ᠎ᠡ ᠬᠤᠯᠠ ᠠᠴᠠ ᠠᠪᠤ ᠮᠢᠨᠢ ᠡᠷᠬᠡ ᠦᠭᠡᠢ ᠰᠠᠨᠠᠭᠳᠠᠨ᠎ᠠ | ᠴᠢᠮᠡᠭᠡ ᠦᠭᠡᠢ ᠶᠢᠨ ᠳᠤᠮᠳᠠ ᠴᠢᠮᠦᠭᠡ ᠶᠢᠨ ᠶᠠᠰᠦ ᠱᠠᠷᠭᠢᠷᠠᠨ | ᠴᠢᠯᠳᠡᠩ ᠬᠤᠷᠸ᠎ᠠ ᠶᠢᠨ ᠬᠠᠬᠢᠷ ᠬᠠᠳᠠᠭᠤ ᠶᠢ ᠮᠡᠳᠡᠷᠡᠬᠦ ᠳᠤ | ᠠᠯᠣᠰ ᠠᠯᠣᠰᠬᠠᠨ ᠬᠢᠵᠠᠭᠠᠷ ᠠᠴᠠ | ᠠᠪᠤ ᠮᠢᠨᠢ ᠰᠠᠨᠠᠭᠳᠠᠨ᠎ᠠ | ᠡᠩᠭᠡᠷ ᠪᠡᠯ ᠤᠨ ᠪᠤᠷᠭᠠᠰᠦ | ᠡᠮᠨᠢᠭ ᠤᠷᠤᠭ᠎ᠠ ᠰᠠᠯᠬᠢᠨ ᠳᠤ ᠲᠠᠭᠵᠢᠨ ᠨᠠᠶᠢᠭᠤᠬᠤ ᠳᠤ | ᠡᠷᠡᠦ ᠨᠢ ᠴᠠᠩ ᠲᠠᠢ ᠴᠤ ᠨᠢᠷᠤᠭᠤ ᠨᠢ ᠴᠢᠩᠭ᠎ᠠ ᠬᠡᠩᠬᠦᠯᠵᠡᠳᠡᠭ | ᠡᠷᠡᠯᠬᠡᠦ ᠴᠢᠮᠪᠠᠢ ᠠᠯᠬᠤᠳᠠᠯ ᠨᠢ ᠰᠠᠨᠠᠭᠳᠠᠨ᠎ᠠ᠃ | | ᠲᠣᠪ ᠲᠤᠭᠤᠢ ᠶᠢᠨ ᠳᠤᠮᠳᠠ ᠤᠷᠲᠤᠬᠠᠨ ᠰᠡᠭᠦᠷᠡᠰᠦᠯᠡᠨ | ᠲᠣᠨᠳᠠᠭᠤᠷ ᠵᠠᠶᠠᠭᠠᠨ ᠤ ᠲᠡᠭᠰᠢ ᠪᠣᠰᠦ ᠳᠤ ᠭᠤᠮᠣᠷᠬᠠᠬᠤ ᠳᠤ | ᠠᠯᠣᠰ ᠠᠯᠣᠰᠬᠠᠨ ᠬᠢᠵᠠᠭᠠᠷ ᠠᠴᠠ | ᠠᠪᠤ ᠮᠢᠨᠢ ᠰᠠᠨᠠᠭᠳᠠᠨ᠎ᠠ | ᠭᠠᠭᠴᠠᠭᠠᠷ ᠵᠠᠯᠬᠢᠯᠠᠭᠰᠠᠨ ᠲᠠᠷᠠᠰᠦ ᠰᠢᠭ᠋ | ᠭᠠᠰᠢᠭᠤᠬᠠᠨ ᠠᠮᠲᠠᠨ ᠠᠮᠳᠠᠭᠳᠠᠬᠤ ᠳᠤ | ᠭᠠᠵᠠᠷ ᠤᠨ ᠳᠠᠯᠳᠠ ᠪᠣᠯᠣᠭᠰᠠᠨ ᠴᠤ ᠲᠡᠭᠷᠢ ᠶᠢᠨ ᠨᠠᠷᠠ ᠰᠢᠭ᠋ ᠭᠡᠷᠡᠯᠳᠦᠳᠡᠭ | ᠭᠠᠭᠴᠠᠬᠠᠨ ᠠᠪᠤ ᠶᠢᠨ ᠡᠭᠡᠯᠢᠳᠦ ᠳᠦᠷᠢ ᠰᠠᠨᠠᠭᠳᠠᠨ᠎ᠠ | ᠰᠢᠷ᠎ᠠ ᠡᠳᠦᠷ ᠪᠣᠷᠤ ᠬᠤᠨᠤᠭ ᠢ | ᠰᠢᠷᠪᠦᠰᠦ ᠪᠠᠷ ᠢᠶᠠᠨ ᠬᠡᠯᠬᠢᠵᠦ | ᠰᠢᠷᠢᠨ ᠲᠦᠷᠦᠭᠡᠨ ᠳᠤ ᠬᠦᠦ ᠪᠠᠨ ᠮᠣᠷᠳᠠᠭᠤᠯᠣᠨ | ᠰᠢᠯᠢ ᠶᠢᠨ ᠦᠨᠳᠦᠷ ᠲᠤ ᠪᠠᠨ ᠰᠢᠩᠭᠡᠵᠦ ᠬᠤᠴᠤᠷᠤᠭᠰᠠᠨ | ᠰᠢᠨᠳᠡᠰᠦᠯᠢᠭ ᠡᠷ᠎ᠡ ᠶᠢᠨ ᠲᠠᠮᠢᠷᠯᠢᠭ ᠤᠬᠠᠭ᠎ᠠ | ᠰᠦᠨᠢ ᠡᠳᠦᠷ ᠦᠭᠡᠢ ᠰᠠᠨᠠᠭᠳᠠᠨ᠎ᠠ | ᠠᠯᠣᠰ ᠠᠯᠣᠰᠬᠠᠨ ᠬᠢᠵᠠᠭᠠᠷ ᠠᠴᠠ | ᠠᠪᠤ ᠮᠢᠨᠢ ᠰᠠᠨᠠᠭᠳᠠᠨ᠎ᠠ …… | | | 地址;通辽市科左中旗舍伯吐中心校 | 姓名;笔名,萨楚日拉。实名,包锁柱。 | 手机;15947447898 | |