ᠮᠢᠨᠤ  ᠰᠠᠶᠢᠬᠠᠨ  ᠬᠤᠯᠪᠤᠭᠠᠯᠵᠢ
ᠨᠡᠶᠢᠲᠡᠯᠡᠭᠰᠡᠨ ᠴᠠᠭ᠄
2020-08-04
ᠨᠢᠴᠦᠭᠦᠳ᠂ ᠤᠯᠠᠭᠠᠨᠪᠠᠭᠠᠨ᠎ᠠ       ᠮᠢᠨᠤ  ᠰᠠᠶᠢᠬᠠᠨ  ᠬᠤᠯᠪᠤᠭᠠᠯᠵᠢ                                                     — ᠨᠡᠷᠡᠲᠦ ᠢᠷᠠᠭᠤ ᠨᠠᠶᠢᠷᠠᠭᠴᠢ ᠠᠯᠲᠠᠨᠭᠠᠷᠤᠳᠢ ᠳᠤ ᠬᠡᠵᠢᠶ᠎ᠡ ᠴᠤ ᠪᠢᠳᠡᠬᠡᠢ ᠵᠠᠶᠢᠳᠠᠶ᠎ᠠ ᠭᠡᠵᠦ ᠠᠨᠳᠠ ᠶᠢᠨ ᠲᠠᠩᠭᠠᠷᠢᠭ ᠢᠶᠠᠨ ᠦᠯᠠᠳᠡᠭᠡᠭᠡᠳ ᠬᠡᠯᠡ ᠲᠠᠢ ᠪᠤᠯᠤᠭᠰᠠᠨ ᠲᠡᠷᠡ ᠴᠠᠭ ᠠᠴᠠ ᠤᠳᠤ ᠳᠤ ᠲᠤᠯᠲᠠᠯ᠎ᠠ ᠶᠠᠷᠢᠭᠳᠠᠭᠰᠠᠨ ᠭᠡᠷᠡᠴᠢ ᠬᠤᠯᠪᠤᠭᠠᠯᠵᠢ ᠬᠤᠶᠠᠷ ᠬᠤᠸᠠ ᠦᠷ᠎ᠡ ᠪᠠᠨ ᠦᠯᠦᠰᠴᠦ ᠤᠬᠢᠯᠠᠬᠤ ᠪᠠᠷ ᠨᠢ ᠦᠷ ᠰᠦᠨᠢ ᠶᠢᠨ ᠴᠢᠮᠬᠢᠭᠦᠨ ᠳᠤ ᠨᠦᠮᠦᠭᠡᠯᠡᠵᠦ ᠦᠮᠦᠯᠵᠡᠭᠰᠡᠨ ᠤᠷᠤᠭᠤᠯ ᠳᠤ ᠨᠢ ᠨᠠᠭᠠᠯᠳᠤᠭᠤᠯᠤᠭᠰᠠᠨ ᠡᠨᠡᠷᠢᠯᠳᠦ ᠡᠬᠡ ᠶᠢᠨ ᠬᠠᠯᠠᠭᠤᠨ ᠬᠦᠬᠦ ᠬᠤᠯᠪᠤᠭᠠᠯᠵᠢ ᠬᠤᠶᠠᠷ ᠬᠤᠸᠠ ᠨᠠᠷᠠᠨ ᠤ ᠴᠡᠩᠬᠡᠷ ᠲᠤᠭᠤᠰᠤᠨ ᠳᠤ ᠠᠯᠳᠠᠷᠠᠨ ᠲᠡᠷᠭᠡᠳᠡ ᠠᠴᠠ ᠲᠡᠩᠳᠡᠭᠦᠦ ᠬᠤᠯᠠᠳᠠᠭᠤᠵᠠᠢ ᠬᠡᠮᠡᠨ ᠢᠯᠪᠢᠬᠦ ᠲᠤᠯᠠᠭᠠᠨ ᠭᠡᠷᠡᠯ ᠢᠶᠠᠷ ᠢᠶᠠᠨ ᠡᠩᠬᠦᠷᠡᠶᠢᠯᠡᠵᠦ ᠦᠨᠳᠡᠶᠢᠨ ᠲᠦᠰᠢᠯᠴᠡᠭᠰᠡᠨ ᠬᠠᠯᠠᠭᠤᠨ ᠡᠯᠢᠭᠡᠨ ᠬᠤᠯᠪᠤᠭᠠᠯᠵᠢ ᠬᠤᠶᠠᠷ ᠬᠤᠸᠠ ᠮᠤᠯᠤᠷ ᠡᠷᠳᠡᠨᠢ ᠶᠢᠨ ᠲᠤᠪᠴᠢᠶᠠᠨ ᠰᠡᠬᠦᠬᠦ ᠳᠤ ᠠᠳᠤᠭᠤᠳ ᠤᠨ ᠲᠦᠪᠡᠷᠭᠡᠨ ᠰᠡᠮᠬᠡᠨ ᠠᠨᠢᠷᠯᠠᠵᠦ ᠮᠦᠷᠦᠭᠡᠳᠦᠯ ᠢᠶᠠᠷ ᠡᠩᠰᠡᠷᠡᠭᠰᠡᠨ ᠪᠤᠳᠤᠯ ᠤᠨ ᠬᠠᠷᠠᠴᠠᠨ ᠳᠤ ᠡᠮᠡᠭᠡᠯ ᠤᠨ ᠪᠦᠭᠦᠷᠭᠡ ᠰᠢᠭ ᠬᠠᠷᠠᠭᠳᠠᠭᠰᠠᠨ ᠭᠠᠶᠢᠬᠠᠮᠰᠢᠭ ᠬᠤᠯᠪᠤᠭᠠᠯᠵᠢ ᠬᠤᠶᠠᠷ ᠬᠤᠸᠠ ᠠᠯᠲᠠᠨ ᠭᠠᠷᠤᠳᠢ ᠶᠢᠨ ᠵᠤᠯᠵᠠᠭ᠎ᠠ ᠪᠠᠨ ᠲᠠᠭᠤᠯᠠᠬᠤ ᠳᠤ ᠠᠪᠤ ᠶᠢᠨ ᠨᠤᠳᠤᠭ ᠠᠯᠤᠰ ᠠᠴᠠ ᠰᠠᠨᠠᠭᠳᠠᠵᠦ ᠠᠭᠠᠷ ᠲᠤ ᠨᠤᠮᠤᠳᠠᠭᠰᠠᠨ ᠰᠤᠯᠤᠩᠭᠠᠨ ᠬᠡ ᠲᠠᠢ ᠪᠠᠨ ᠬᠠᠪᠤᠷ ᠤᠨ ᠨᠤᠭᠤᠭ᠎ᠠ ᠡᠭᠡᠪᠦᠷ ᠲᠤ ᠨᠢ ᠴᠤᠬᠤᠶᠢᠭᠰᠠᠨ ᠬᠤᠯᠪᠤᠭᠠᠯᠵᠢ ᠬᠤᠶᠠᠷ ᠬᠤᠸᠠ ᠬᠤᠯᠠ ᠠᠴᠠ ᠬᠠᠷᠠᠬᠤ ᠳᠤ ᠰᠢᠷᠭᠠᠯᠬᠠᠨ ᠡᠳᠦᠷ ᠢᠶᠠᠷ ᠬᠤᠨᠢᠨ ᠤ ᠠᠪᠤ ᠲᠡᠳᠡ ᠬᠦᠬᠦᠷ ᠢᠶᠠᠨ ᠰᠤᠯᠢᠯᠴᠠᠭᠠᠳ ᠠᠯᠳᠠ ᠪᠠᠷ ᠦᠩᠭᠡᠯᠡᠭᠰᠡᠨ ᠨᠠᠮᠤᠷ ᠤᠨ ᠵᠢᠷᠤᠭ ᠲᠤ ᠬᠠᠭᠤᠴᠢ ᠬᠦᠭᠡᠷᠦᠭᠡ ᠲᠠᠢ ᠪᠠᠨ ᠰᠢᠩᠭᠡᠭᠰᠡᠨ ᠲᠤᠮᠤᠭ ᠬᠤᠯᠪᠤᠭᠠᠯᠵᠢ ᠬᠤᠶᠠᠷ ᠬᠤᠸᠠ ᠨᠤᠳᠤᠭ ᠤᠨ ᠰᠢᠷᠤᠢ ᠶᠢ ᠷᠠᠰᠢᠶᠠᠯᠠᠨ ᠤᠮᠳᠠᠯᠠᠭᠰᠠᠨ ᠰᠢᠷ᠎ᠠ ᠴᠠᠭᠠᠨ ᠤᠭᠤᠷᠠᠭ ᠮᠦᠷᠠᠨ ᠢ ᠰᠡᠳᠬᠢᠯ ᠤᠨ ᠭᠦᠨ ᠠᠴᠠ ᠪᠠᠨ ᠮᠦᠩᠬᠡᠳᠡ ᠢᠪᠢᠯᠭᠡᠭᠰᠡᠨ ᠪᠠᠷ᠎ᠠ ᠨᠢ ᠲᠤᠳᠤᠨᠤ ᠵᠢᠷᠦᠬᠡᠨ ᠤ ᠰᠦᠯᠳᠡ ᠬᠤᠯᠪᠤᠭᠠᠯᠵᠢ ᠬᠤᠶᠠᠷ ᠬᠤᠸᠠ ᠬᠠᠭᠠᠴᠠᠵᠦ ᠪᠤᠯᠬᠤ ᠦᠭᠡᠢ ᠴᠡᠭᠡᠷ ᠢ ᠲᠠᠨᠢᠭᠤᠯᠵᠤ ᠬᠠᠨᠢᠰᠴᠦ ᠶᠠᠪᠤᠬᠤ ᠶᠢᠨ ᠰᠢᠳᠢ ᠶᠢ ᠤᠬᠠᠭᠠᠷᠠᠭᠤᠯᠵᠤ ᠬᠠᠶᠢᠷᠠᠯᠠᠵᠤ ᠪᠦᠯᠬᠦᠮᠳᠡᠬᠦ ᠶᠢᠨ ᠬᠦᠴᠤ ᠶᠢ ᠵᠢᠭᠠᠵᠤ ᠬᠦᠰᠢᠶ᠎ᠡ ᠪᠤᠯᠤᠨ ᠮᠦᠩᠬᠡᠷᠡᠵᠦ ᠬᠠᠷᠠᠭᠳᠠᠳᠠᠭ ᠨᠢ ᠯᠡ ᠮᠢᠨᠤ ᠰᠠᠶᠢᠬᠠᠨ ᠬᠤᠯᠪᠤᠭᠠᠯᠵᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号