ᠴᠢ ᠪᠢᠳᠡ ᠬᠤᠶᠠᠷ
ᠨᠡᠶᠢᠲᠡᠯᠡᠭᠰᠡᠨ ᠴᠠᠭ᠄
2020-08-04
           ᠸᠠᠩ ᠹᠦ᠋ ᠰᠢᠶᠠᠩ ᠵᠣᠬᠢᠶᠠᠪᠠ ᠨᠢᠭᠡ ᠯᠡ ᠨᠠᠷᠠᠨ ᠤ ᠲᠤᠤᠷ᠎ᠠ  ᠬᠦᠯᠦᠷᠡᠵᠦ ᠠᠯᠬᠤᠭ᠎ᠠ ᠶᠤᠮ ᠴᠢᠨᠢ   ᠬᠠᠮᠲᠦ ᠪᠠᠶᠢᠬᠤ ᠪᠡᠶᠢᠯᠬᠦᠢ ᠶᠠᠭᠠᠬᠢᠬᠤ ᠪᠤᠢ ᠨᠠᠷᠠᠨ ᠮᠠᠨᠳᠤᠬᠤ ᠵᠡᠭᠦᠨ ᠠᠭᠤᠯᠠ ᠶᠢᠨ  ᠤᠷᠬᠢᠯ ᠠᠴᠠ ᠨᠢ ᠲᠤᠰᠤᠭᠰᠠᠨ ᠭᠡᠭᠡ ᠶᠢ ᠨᠠᠷᠠᠨ ᠰᠢᠩᠭᠡᠬᠦ ᠪᠠᠷᠠᠭᠤᠨ ᠠᠭᠤᠯᠠ ᠶᠢᠨ ᠪᠡᠯ   ᠳᠤᠨᠢ ᠰᠢᠩᠭᠡᠭᠡᠵᠦ ᠬᠦᠷᠭᠡᠭᠰᠡᠭᠡᠷ ᠦᠷᠯᠦᠭᠡ ᠦᠳᠡᠰᠢ ᠶᠢ ᠴᠢ ᠪᠢᠳᠡ ᠬᠤᠶᠠᠷ ᠨᠢᠭᠡ ᠯᠡ ᠨᠠᠷᠠᠨ ᠠᠴᠠ ᠠᠰᠠᠭᠤᠨ᠎ᠠ ᠡ ᠨᠢᠭᠡ ᠯᠡ ᠰᠠᠷᠠᠨ ᠤ ᠭᠡᠭᠡᠨ ᠳᠤ ᠰᠡᠮᠡᠷᠡᠵᠦ ᠯᠡ ᠰᠠᠭᠤᠭ᠎ᠠ ᠶᠤᠮ ᠴᠢᠨᠢ ᠬᠠᠮᠲᠦ ᠪᠡᠶᠢᠯᠬᠦᠢ ᠶᠠᠭᠠᠬᠢᠬᠤ ᠪᠤᠢ ᠰᠠᠷᠠ ᠬᠠᠪᠢᠷᠭᠠᠯᠠᠬᠤ ᠰᠢᠨᠡᠳ ᠤᠨ ᠪᠦᠷᠦᠭ ᠨᠢᠭᠤᠴᠠᠬᠠᠨ ᠭᠤᠨᠢᠭ ᠢ ᠰᠠᠷᠠᠨ ᠲᠦᠭᠦᠷᠬᠦ ᠠᠷᠪᠠᠳ ᠤᠨ ᠪᠦᠲᠦᠨ ᠭᠡᠭᠡ ᠪᠠᠷ ᠠᠷᠴᠢᠭᠰᠠᠭᠠᠷ ᠤᠷᠴᠢᠬᠤ ᠵᠠᠮ ᠢᠶᠠᠨ ᠴᠢ ᠪᠢᠳᠡ ᠬᠤᠶᠠᠷ ᠨᠢᠭᠡ  ᠯᠡ ᠰᠠᠷᠠᠨ ᠢᠶᠠᠷ ᠲᠦᠰᠦᠭᠡᠯᠡᠨ᠎ᠡ ᠨᠢᠭᠡ ᠯᠡ ᠴᠠᠭ ᠬᠤᠭᠤᠴᠠᠭᠠᠨ ᠤ ᠡᠯᠡᠭᠳᠡᠯ ᠢ ᠮᠡᠳᠡᠷᠡᠵᠦ ᠯᠡ ᠶᠠᠪᠤᠭ᠎ᠠ ᠶᠤᠮ ᠴᠢᠨᠢ ᠬᠠᠮᠲᠦ ᠪᠡᠶᠢᠯᠬᠦᠢ ᠶᠠᠭᠠᠬᠢᠬᠤ ᠪᠤᠢ ᠨᠢᠰᠴᠦ ᠶᠠᠪᠤᠭᠰᠠᠨ ᠰᠢᠪᠠᠭᠤᠳ ᠠᠴᠠ ᠮᠡᠳᠡᠷᠡᠭᠰᠡᠨ ᠬᠤᠭᠤᠰᠤᠨ ᠮᠦᠷ ᠤᠨ ᠡᠬᠢᠯᠡᠯ ᠨᠡᠭᠦᠳᠡᠯ ᠲᠤᠮᠳᠠ ᠠᠴᠠ ᠵᠠᠭᠤᠵᠦ ᠠᠪᠴᠢᠷᠠᠭᠰᠠᠨ ᠲᠤᠩᠭᠠᠯᠠᠭ ᠴᠢᠨᠠᠷ ᠤᠨ ᠲᠤᠩᠬᠠᠭ ᠴᠢᠨᠠᠲᠦ ᠶᠢᠨ ᠨᠤᠮᠤᠬᠠᠨ ᠰᠠᠬᠢᠶ᠎ᠠ ᠮᠢᠨᠢ  ᠴᠢᠮᠠᠢ ᠯᠡ ᠬᠠᠶᠢᠷᠠᠯᠠᠵᠦ ᠨᠠᠰᠤ ᠪᠠᠨ ᠪᠠᠷᠠᠬᠤ ᠴᠠᠭ ᠤᠨ ᠵᠡᠭᠦᠦ ᠳᠤ ᠡᠯᠡᠭᠳᠡᠬᠦ ᠴᠢ ᠪᠢᠳᠡ ᠬᠤᠶᠠᠷ ᠨᠢᠭᠡ ᠯᠡ ᠪᠦᠮᠪᠦᠷᠴᠡᠭ ᠢᠶᠠᠨ ᠬᠠᠶᠢᠷᠠᠯᠠᠨ ᠲᠡᠪᠡᠷᠢᠨ᠎ᠡ ᠡ                   ᠵᠣᠬᠢᠶᠠᠭᠴᠢ ᠶᠢᠨ  ᠬᠠᠶ᠋ᠢᠭ᠄ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠶᠢᠨ  ᠮᠡᠳᠡᠭᠡ ᠵᠠᠭᠤᠴᠢᠯᠠᠭᠤᠷ ᠤᠨ ᠰᠠᠯᠪᠤᠷᠢ ᠶᠢᠨ14 ᠰᠤᠨᠢᠨ ᠮᠡᠳᠡᠭᠡᠨ ᠤ ᠠᠩᠬᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号