ᠨᠠ᠊᠂ ᠡᠷᠳᠡᠨᠢᠳᠣᠡᠠᠳᠠᠬᠤ | ᠠᠪᠤ ᠮᠢᠨᠢ᠄ ᠡᠵᠢ ᠶᠢᠨ ᠤᠶᠣᠡᠠᠰᠡᠨ ᠰᠢᠷᠮᠡᠯ ᠤᠯᠠ ᠲᠠᠢ ᠪᠥᠰ ᠱᠠᠬᠠᠢ ᠶᠢ ᠬᠤᠨᠭ᠍ᠬᠢᠯᠳᠠᠭ ᠡᠮᠤᠰᠴᠤ᠂ | ᠵᠤᠨ ᠤ ᠦᠷᠯᠤᠭᠡ ᠶᠢᠨ ᠰᠢᠬᠦᠳᠡᠷᠢ ᠨᠠᠮᠤᠷ ᠤᠨ ᠡᠪᠡᠰᠤᠨ ᠤ ᠰᠢᠬᠦᠰᠤᠨ ᠳᠤ ᠥᠡᠭᠭᠡ ᠭᠠᠳᠠᠷ ᠨᠢ ᠢᠯᠭᠠᠡᠠᠳᠠᠮᠠᠷ | ᠦᠭᠡᠢ ᠲᠠᠷᠳᠠᠵᠤ ᠬᠠᠭᠤᠴᠢᠷᠠᠭᠠᠳ ᠠᠳᠡ ᠲᠠᠨᠳᠡ ᠪᠠᠨ ᠨᠦᠬᠦᠭᠡᠰᠤ ᠪᠠᠷ ᠭᠤᠣᠯᠳᠠᠭᠤᠯᠣᠡᠠᠰᠡᠨ ᠠᠭᠤᠵᠢᠮ ᠡᠯᠪᠡᠭ | ᠪᠥᠰ ᠥᠮᠣᠳᠡᠨ ᠤ ᠬᠢᠨᠢ ᠰᠢᠷᠬᠤᠨᠠᠭ ᠤᠨ ᠲᠤᠣᠭᠤᠷ ᠪᠠᠳᠠᠭᠠᠨᠠ ᠰᠢᠮᠠᠭᠤᠯ ᠳᠤ ᠵᠠᠭᠤᠯᠭᠠᠵᠤ ᠰᠢᠯᠪᠡᠷᠳᠡᠯᠡ | ᠮᠠᠭᠠᠵᠢᠡᠠᠰᠡᠨ ᠰᠢᠷᠬᠠ ᠰᠦᠷᠪᠢ ᠲᠠᠢ ᠬᠦᠷᠡᠩᠰᠢᠵᠣ ᠪᠤᠷᠣᠯᠬᠠᠰᠡᠨ ᠡᠷᠴᠢᠳᠤ ᠪᠤᠯᠴᠢᠩ ᠲᠠᠢ ᠬᠥᠯ ᠢᠶᠠᠷ ᠢᠶᠠᠨ | ᠡᠬᠡ ᠨᠤᠳᠤᠭ ᠤᠨ ᠢᠶᠠᠨ ᠬᠦᠷᠤᠰᠣᠨ ᠲᠡᠭᠡᠬᠦᠷ ᠠᠭᠠᠵᠢᠮ ᠪᠤᠯᠪᠴᠤ ᠠᠯᠳᠠ ᠲᠡᠯᠢᠮ ᠰᠡᠪᠡᠯᠵᠢᠳᠡᠯᠡ ᠠᠯᠬᠤᠬᠤ ᠳᠤ | ᠡᠪᠡᠰᠤ ᠪᠡᠯᠴᠢᠭᠡᠷ ᠡᠯᠡᠰᠣ ᠮᠠᠩᠬᠠ ᠠᠭᠤᠯᠠ ᠵᠣ ᠪᠠᠷ ᠬᠡᠪ ᠭᠠᠷᠳᠠᠯᠠ ᠲᠠᠮᠠᠭᠠᠯᠠᠨ ᠶᠠᠪᠤᠳᠠᠭ ᠢᠳᠡᠷᠡᠬᠦᠨ ᠬᠤᠶᠠᠷ | ᠬᠥᠯ ᠤᠨ ᠬᠢᠨᠢ ᠬᠠᠯᠠᠭᠤᠨ ᠮᠦᠷ ᠨᠢ ᠲᠣᠷᠡᠶᠢᠨ ᠬᠠᠷᠬᠠᠳᠠᠳᠠᠭ ᠠᠴᠠ ᠮᠢᠨᠤ ᠪᠠᠯᠴᠢᠷ ᠪᠠᠭᠠ ᠶᠢᠨ ᠤᠶᠣᠨ ᠲᠠᠷᠢᠬᠢᠨ | ᠳᠤ ᠬᠡᠵᠢᠶᠡ ᠡᠬᠦᠷᠢᠳᠡ ᠪᠠᠯᠠᠷᠠᠰᠢ ᠦᠭᠡᠢ ᠬᠡᠪ ᠭᠠᠷᠠᠳᠠᠯᠠ ᠰᠡᠶᠢᠯᠤᠭ᠍ᠳᠡᠨ ᠴᠢᠯᠠᠭᠤᠵᠢᠪᠠ᠃ | ᠲᠡᠶᠢᠮᠣ ᠡ︕ ᠠᠪᠤ ᠮᠢᠨᠢ ᠠᠭᠤᠯᠠ ᠲᠠᠯᠠ ᠤᠰᠣ ᠨᠤᠳᠤᠭ ᠤᠨ ᠢᠶᠠᠨ ᠡᠷᠭᠢ ᠭᠠᠨᠭ᠍ᠭᠠ ᠪᠤᠯᠤᠨ ᠡᠪᠳᠡᠭᠳᠡᠨ | ᠰᠥᠢᠳᠬᠡᠭᠳᠡᠵᠣ ᠡᠯᠡᠰᠤᠵᠢᠭᠡᠳ ᠡᠳᠤᠷᠵᠢᠨ ᠪᠣᠳᠡᠭ ᠲᠤᠭᠤᠰᠤ ᠲᠡᠭᠳᠡᠭᠰᠡᠨ ᠪᠤᠭᠤᠷᠤᠯ ᠨᠤᠳᠤᠭ ᠤᠨ ᠢᠶᠠᠨ | ᠠᠯᠤᠰ ᠤᠨ ᠪᠠᠷᠠ ᠶᠢ ᠪᠤᠳᠣᠯᠭᠠᠰᠢᠷᠡᠨ ᠰᠢᠷᠳᠡᠬᠦ ᠳᠤ ᠬᠤᠷᠴᠠ ᠬᠠᠷᠠᠴᠠ ᠲᠠᠢ ᠠᠯᠠᠭ ᠨᠢᠳᠣᠨ ᠳᠤ ᠨᠢ ᠡᠨᠡᠷᠢᠯ | ᠬᠠᠶᠢᠷᠠ ᠶᠢᠨ ᠲᠤᠶᠠᠭᠠ ᠡᠷᠬᠡ ᠦᠭᠡᠢ ᠮᠠᠨᠠᠯᠵᠢᠨ᠂ ᠦᠷᠴᠢᠯᠡᠭᠡ ᠬᠤᠨᠢᠶᠠᠰᠤᠷᠡᠠᠰᠡᠨ ᠪᠤᠷᠣᠬᠠᠨ ᠴᠢᠷᠡᠢ ᠳᠤ ᠨᠢ | ᠤᠴᠠᠭᠠᠷ ᠪᠦᠬᠢᠨᠢᠳᠣᠯ ᠠᠭᠤᠷ ᠬᠢᠯᠢᠩ ᠤᠨ ᠣᠴᠢ ᠦᠷᠪᠡᠰᠤᠳᠡᠭ᠃ | ᠠᠪᠤ ᠬᠤᠨᠢᠨ ᠤ ᠪᠤᠭᠤᠷᠤᠯ ᠢᠶᠠᠨ ᠤᠨᠠᠴᠢᠭᠠᠳ ᠠᠯᠢᠪᠠ ᠭᠦᠨᠳᠤ ᠬᠡᠴᠡᠬᠦᠤ ᠠᠵᠢᠯ ᠢ ᠬᠤᠭᠤ ᠨᠤᠭᠤ | ᠲᠠᠷᠤᠵᠣ ᠪᠡᠶᠢᠳᠠᠭ ᠬᠦᠴᠤᠳᠣ ᠬᠤᠶᠠᠷ ᠭᠠᠷ ᠲᠤ ᠪᠠᠨ ᠡᠷᠡ ᠬᠠᠷᠠ ᠰᠤᠷ ᠵᠢᠯᠤᠭᠤ ᠴᠤᠯᠪᠤᠭᠤᠷ ᠢ ᠨᠡᠶᠢᠯᠡᠬᠦᠯᠤᠨ | ᠠᠳᠬᠤᠵᠣ ᠲᠦᠷᠤᠭᠡᠨ ᠲᠡᠭᠡᠷᠡ ᠪᠠᠨ ᠬᠥᠯ ᠢᠶᠠᠨ ᠲᠡᠬᠦᠵᠢᠯᠡᠭᠰᠡᠨ ᠬᠦᠳᠡᠷᠯᠢᠭ ᠬᠠᠨᠭ᠍ᠬᠠᠷ ᠪᠡᠶᠡ ᠲᠠᠢ ᠠᠪᠤ ᠮᠢᠨᠢ《 | ᠰᠠᠷᠠᠭᠤᠯ ᠲᠠᠯᠠ》 ᠪᠠᠨ ᠬᠠᠨᠭ᠍ᠬᠢᠨᠠᠳᠠᠯᠠ ᠰᠢᠷᠤᠩᠭᠤᠶᠢᠯᠠᠭᠠᠳ ᠲᠠᠰᠢᠭᠤᠷ ᠤᠨ ᠢᠳᠡᠨ ᠳᠤ ᠬᠤᠨᠢᠨ ᠤ ᠪᠤᠭᠤᠷᠤᠯ ᠢᠶᠠᠨ | ᠲᠠᠪᠬᠢᠭᠤᠯᠳᠠᠭ ᠪᠢᠰᠢ᠂ ᠬᠠᠷᠢᠨ ᠬᠤᠨᠢᠨ ᠤ ᠪᠤᠭᠤᠷᠤᠯ ᠳᠤ ᠪᠠᠨ ᠡᠵᠡᠮᠳᠡᠭᠳᠡᠨ ᠲᠤᠷᠡ ᠨᠢ ᠬᠦᠷᠪᠡᠯ ᠭᠡᠷ | ᠥᠭᠡᠳᠡ ᠪᠠᠨ ᠱᠤᠡᠠᠰᠢᠴᠢᠳᠠᠭ ᠭᠡᠳᠡᠰᠤᠨ ᠨᠢ ᠲᠤᠨᠳᠠᠷᠪᠡᠯ ᠡᠪᠡᠰᠤ ᠵᠤᠯᠭᠠᠴᠢᠳᠠᠭ᠃ ᠬᠤᠮᠤᠣᠯ ᠢᠶᠠᠨ ᠬᠦᠷᠳᠡᠯᠡ | ᠵᠤᠡᠠᠰᠤᠵᠣ ᠪᠡᠶᠢᠭᠠᠳ ᠤᠨᠠᠭᠠᠳᠠᠭ ᠴᠦ ᠠᠪᠤ ᠮᠢᠨᠢ ᠠᠭᠤᠷᠠᠯᠵᠣ ᠲᠠᠰᠢᠭᠠᠤᠷ ᠲᠠᠯᠪᠢᠳᠠᠭ ᠦᠭᠡᠢ ᠡᠵᠡᠨ ᠤ ᠪᠠᠨ ᠡᠷᠬᠡ | ᠬᠤᠨᠭ᠍ᠭᠤᠷ ᠭᠥᠯᠦᠭ᠂ ᠠᠪᠤ ᠶᠢᠨ ᠮᠢᠨᠢ ᠬᠥᠯ ᠨᠢᠷᠤᠭᠤ ᠶᠢ ᠠᠮᠠᠷᠠᠭᠠᠳᠠᠭ ᠠᠴᠢᠳᠡᠨ ᠬᠦᠳᠡᠷ ᠬᠠᠨᠭ᠍ᠬᠠᠷ ᠠᠪᠤ ᠶᠢ ᠮᠢᠨᠢ | ᠤᠨᠠᠭᠤᠯᠴᠢᠭᠠᠳ ᠲᠡᠷᠡ ᠬᠤᠯᠠ ᠶᠢᠨ ᠬᠤᠨᠢᠨ ᠤ ᠪᠡᠯᠴᠢᠭᠡᠷ ᠠᠴᠠ ᠨᠡᠬᠦᠭᠰᠡᠭᠡᠷ ᠨᠠᠭᠠᠰᠢᠯᠠᠳᠠᠭ ᠠᠪᠤ ᠶᠢᠨ ᠮᠢᠨᠢ ᠪᠠᠷᠠ | ᠮᠢᠨᠣ ᠤᠨᠠᠭᠠᠨ ᠪᠠᠭᠠ ᠶᠢᠨ ᠤᠭᠤᠷᠤᠭ ᠲᠠᠷᠢᠬᠢᠨ ᠳᠤ ᠰᠦᠨᠳᠡᠷᠯᠡᠭᠰᠡᠭᠡᠷ ᠡ︕ | ᠠᠪᠤ ᠮᠢᠨᠢ ᠨᠠᠷᠠ ᠵᠢᠷᠭᠠᠬᠤ ᠪᠠᠷ ᠬᠤᠨᠢ ᠪᠠᠨ ᠬᠤᠳᠠᠯᠴᠢᠭᠠᠳ ᠰᠢᠷᠮᠡᠯ ᠤᠯᠠ ᠲᠠᠢ ᠱᠠᠬᠠᠢ ᠪᠠᠨ ᠲᠠᠶᠢᠯᠡᠨ | ᠬᠠᠭᠠᠯᠭᠠᠨ ᠤ ᠠᠷᠤ ᠳᠤ ᠵᠤᠣᠵᠡᠢ ᠬᠤᠯᠪᠤᠨ ᠲᠠᠯᠪᠢᠴᠢᠭᠠᠳ ᠬᠠᠨᠵᠡᠨ ᠲᠡᠭᠡᠷᠡ ᠪᠠᠨ ᠭᠠᠷᠴᠤ《 ᠬᠠᠷᠠ ᠭᠡᠷ | ᠲᠤ ᠪᠠᠨ ᠬᠠᠭᠠᠨ᠂ ᠪᠤᠷᠣ ᠭᠡᠷ ᠲᠤ ᠪᠠᠨ ᠪᠤᠡᠠᠳᠠ》 ᠪᠤᠯᠵᠣ ᠲᠦᠷᠪᠡᠯᠵᠢᠯᠡᠨ ᠵᠠᠪᠠᠯᠠᠨ ᠰᠠᠭᠤᠭᠠᠳ ᠡᠵᠢ ᠶᠢᠨ | ᠠᠶᠠᠭᠠᠯᠬᠠᠰᠡᠨ ᠠᠭᠰᠢᠭᠤᠨ ᠬᠠᠷᠠ ᠭᠥᠬᠡ ᠴᠠᠢ ᠶᠢ ᠠᠮᠳᠠᠷᠬᠠᠨ ᠤᠭᠤᠴᠢᠯᠡᠨ ᠤᠮᠳᠠ ᠪᠠᠨ ᠲᠠᠷᠤᠵᠣ᠂ ᠭᠠᠨᠭ᠍ᠰᠠ | ᠲᠠᠮᠠᠬᠢ ᠪᠠᠨ ᠲᠠᠳᠠᠵᠣ ᠠᠮᠠᠨ ᠠᠡᠠᠰᠢᠭᠠ ᠪᠠᠨ ᠭᠠᠷᠭᠠᠵᠣ᠂ ᠦᠨᠤᠳᠣᠷ ᠤᠨ ᠦᠵᠡᠵᠣ ᠰᠤᠨᠣᠰᠤᠡᠠᠰᠡᠨ ᠢᠶᠠᠨ | ᠭᠦᠤᠷᠨᠢᠨ ᠶᠠᠮᠠᠷ ᠬᠤᠨᠢ ᠰᠠᠯᠬᠢᠨ᠋ᠠᠳᠠᠵᠤ ᠰᠠᠯᠤᠡᠠᠰᠡᠨ ᠲᠤᠬᠠᠢ᠂ ᠪᠣᠳᠠ ᠢᠷᠤᠭᠤᠷ ᠲᠤ ᠪᠢᠯᠵᠤᠣᠬᠠᠢ ᠬᠡᠳᠣ | ᠦᠨᠳᠡᠭᠡᠯᠡᠭᠡᠳ ᠪᠡᠶᠢᠬᠤ ᠡᠨᠡ ᠵᠢᠯ ᠬᠤᠷᠠ ᠪᠤᠷᠤᠭᠠᠨ ᠡᠯᠪᠡᠭ ᠰᠠᠶᠢᠨ ᠵᠢᠯ ᠪᠤᠯᠬᠤ ᠨᠢ ᠭᠡᠳ ᠪᠠᠰᠠ ᠲᠦᠷᠤ | ᠬᠦᠷᠤᠨ ᠤ ᠣᠴᠢᠷ ᠲᠦᠮᠡᠨ ᠤᠯᠠᠨ ᠤ ᠪᠡᠶᠢᠳᠡᠯ ᠢ ᠷᠠᠳᠢᠤ᠋ ᠠᠴᠠ ᠰᠤᠨᠣᠰᠤᠡᠠᠰᠡᠨ ᠢᠶᠠᠨ ᠡᠵᠢ ᠳᠤ᠂ ᠨᠢ ᠨᠤ ᠦᠭᠡᠢ | ᠶᠠᠷᠢᠵᠣ ᠦᠭᠡᠳᠡᠭ ᠬᠦᠡᠭᠬᠢᠨᠡᠮᠡ ᠲᠤᠩᠭᠠᠯᠠᠭ ᠶᠠᠷᠢᠶᠠ ᠬᠦᠭᠡᠷᠤᠭᠡ ᠨᠢ ᠴᠢᠬᠡᠨ ᠤ ᠴᠢᠮᠡᠭ ᠪᠤᠯᠣᠨ ᠴᠠᠩᠭᠡᠷ | ᠣᠡᠠᠳᠠᠷᠭᠤᠢ ᠳᠤ ᠬᠠᠨᠭ᠍ᠬᠢᠨᠡᠨ ᠴᠤᠣᠷᠢᠶᠠᠯᠠᠵᠤ᠂ ᠴᠡᠴᠡᠭᠳᠣ ᠲᠠᠯᠠ ᠳᠤ ᠪᠠᠨ ᠬᠡᠪ ᠭᠠᠷᠳᠠᠯᠠ ᠭᠡᠰᠬᠢᠵᠤ ᠶᠠᠪᠤᠳᠠᠭ | ᠮᠦᠷ ᠤᠨ ᠢᠶᠠᠨ ᠬᠠᠮᠳᠤ ᠴᠢᠮᠡᠭᠡ ᠪᠠᠷᠠ ᠨᠢ ᠦᠭᠡᠶᠢᠯᠡᠭᠳᠡᠭᠡᠳ ᠠᠷᠪᠠᠭᠠᠳ ᠵᠢᠯ ᠴᠠᠭᠠᠨᠠ ᠲᠠᠯᠳᠠᠷᠬᠠᠰᠡᠨ ᠪᠤᠯᠪᠴᠤ | ᠬᠦᠷᠡᠩ ᠪᠤᠷᠣ ᠴᠢᠷᠡᠢ ᠳᠤ ᠪᠠᠨ ᠡᠨᠡᠷᠡᠩᠬᠦᠢ ᠵᠦᠭᠡᠯᠡᠨ ᠮᠦᠰᠢᠶᠡᠳᠤ ᠲᠤᠳᠣᠷᠠᠭᠤᠯᠤᠨ ᠢᠨᠢᠶᠡᠮᠰᠤᠭᠡᠯᠬᠦ ᠪᠦᠷᠢ ᠵᠢᠭᠳᠡ | ᠴᠠᠭᠠᠨ ᠰᠢᠳᠦ ᠨᠢ ᠢᠷᠵᠢᠰᠬᠢᠵᠤ᠂ ᠮᠠᠯ ᠬᠠᠷᠠ ᠭᠡᠵᠢᠭᠡᠨ ᠶᠢ ᠨᠢ ᠨᠠᠰᠣᠨ ᠤ ᠬᠢᠷᠠᠭᠤ ᠪᠤᠭᠤᠷᠤᠯᠰᠢᠭᠤᠯᠵᠤ | ᠨᠤᠳᠤᠭ ᠤᠨ ᠰᠠᠯᠬᠢ ᠪᠠᠷ ᠰᠠᠮᠨᠠᠭᠤᠯᠣᠡᠠᠰᠠᠭᠠᠷ ᠢᠷᠡᠳᠡᠭ ᠠᠪᠤ ᠶᠢᠨ ᠮᠢᠨᠢ ᠪᠠᠷᠠ ᠤᠳᠣ ᠠᠮᠳᠠᠳᠤ ᠨᠤᠶᠢᠷᠡᠨ ᠳᠤ ᠰᠡᠪ | ᠰᠡᠮᠬᠡᠨ ᠢᠷᠡᠴᠢᠭᠡᠳ᠄ | ᠬᠦᠭᠡᠷᠤᠬᠦᠢ — ᠬᠥᠤ ᠮᠢᠨᠢ ᠪᠠᠰᠠ ᠨᠠᠰᠤᠨ ᠤ ᠨᠠᠮᠤᠷ ᠲᠤ ᠪᠠᠨ ᠤᠷᠣᠵᠣ ᠠᠵᠤ ᠠᠮᠢᠳᠣᠷᠡᠯ ᠳᠤ ᠪᠠᠨ | ᠡᠬᠦᠷᠡᠭᠳᠡᠭᠡᠳ ᠶᠠᠳᠠᠷᠵᠣ ᠶᠠᠪᠤᠨᠠ᠃《 ᠤᠨᠳᠠᠭ》 ᠳ᠋ᠠ《 ᠤᠨᠳᠠᠭ》 ᠪᠤᠣ ᠰᠡᠷᠭᠡᠴᠢᠭᠡᠶᠡ ᠭᠡᠵᠣ ᠪᠤᠳᠣᠡᠠᠰᠠᠭᠠᠷ | ᠲᠤᠯᠤᠭᠠᠢ ᠶᠢᠨ ᠦᠵᠤᠬᠦᠷ ᠵᠤᠡᠠᠰᠤᠴᠢᠭᠠᠳ ᠲᠡᠭᠡᠷᠡ ᠠᠴᠠ ᠮᠢᠨᠢ ᠡᠨᠡᠷᠡᠩᠬᠦᠢ ᠵᠦᠭᠡᠯᠡᠨ ᠬᠠᠷᠠᠴᠠ ᠲᠤᠨᠤᠷᠠᠭᠤᠯᠤᠨ | ᠬᠠᠶᠢᠷᠠ ᠢᠪᠡᠯᠡᠬᠦᠯᠤᠨ ᠰᠢᠷᠳᠡᠭᠰᠡᠭᠡᠷ ᠪᠡᠶᠢᠵᠣ ᠡᠷᠬᠡ ᠦᠭᠡᠢ ᠦᠬᠡᠷ ᠤᠨ ᠬᠡᠯᠡ ᠰᠢᠭ ᠰᠢᠷᠤᠬᠦᠭᠡᠨ ᠪᠡᠶᠢᠳᠠᠭ | ᠭᠠᠷ ᠤᠨ ᠠᠯᠠᠭᠠ ᠪᠠᠷ ᠢᠶᠠᠨ ᠬᠠᠯᠴᠠᠭᠠᠶᠢᠷᠠᠵᠤ ᠪᠡᠶᠢᠭᠠ ᠪᠤᠭᠤᠷᠤᠯ ᠦᠰᠤ ᠶᠢ ᠮᠢᠨᠢ ᠡᠩᠭᠦᠷᠡᠶᠢᠯᠡᠨ ᠢᠯᠪᠡᠵᠣ | ᠤᠰᠡᠬᠤᠷᠳᠠᠵᠣ ᠲᠠᠰᠤᠷᠬᠠᠰᠡᠨ ᠵᠤᠵᠠᠭᠠᠨ ᠤᠷᠣᠭᠤᠯ ᠢᠶᠠᠷ ᠢᠶᠠᠨ ᠬᠠᠭ ᠵᠤᠩᠬᠠᠭ ᠲᠠᠢ ᠵᠦᠭᠡᠯᠡᠨ ᠦᠷᠪᠡᠯᠭᠡ ᠶᠢ | ᠦᠨᠤᠷᠯᠡᠨ ᠦᠨᠤᠰᠴᠤ ᠪᠡᠶᠢᠳᠠᠭ ᠰᠢᠭ᠋ ᠢᠶᠠᠨ ᠬᠦᠯᠤᠰᠣ ᠲᠤᠭᠤᠰᠤ ᠨᠠᠷᠠ ᠵᠢᠪᠠᠷ ᠦᠨᠤᠷᠳᠤᠭ᠍ᠰᠡᠨ ᠬᠠᠳᠠᠭᠤᠬᠠᠨ | ᠭᠡᠵᠢᠭᠡ ᠶᠢ ᠮᠢᠨᠢ ᠦᠨᠣᠷᠯᠡᠨ ᠦᠨᠤᠰᠴᠤ ᠠᠪᠤᠭᠠᠳ ᠰᠠᠯᠵᠣ ᠶᠠᠳ᠋ᠬᠠᠰᠡᠨ ᠬᠠᠷᠠᠴᠢᠨ ᠳᠤ ᠪᠠᠨ ᠨᠢᠯᠪᠤᠰᠣ | ᠵᠠᠶᠢᠷᠯᠠᠭᠤᠯᠤᠡᠠᠰᠠᠭᠠᠷ ᠡᠷᠭᠡᠨ ᠡᠷᠭᠡᠨ ᠬᠠᠷᠠᠵᠣ ᠠᠭᠠᠵᠢᠮ ᠪᠤᠯᠪᠴᠤ ᠠᠯᠳᠠ ᠲᠡᠯᠢᠮ ᠪᠠᠷ ᠬᠦᠰᠡᠷ ᠲᠤᠷᠬᠢᠭᠤᠯᠤᠨ | ᠠᠯᠬᠤᠳᠠᠭ ᠬᠥᠨᠳᠤ ᠲᠤᠰᠣᠯᠳᠡ ᠲᠠᠢ ᠬᠥᠯ ᠤᠨ ᠬᠢᠨᠢ ᠴᠢᠮᠡᠭᠡ ᠶᠠᠭ ᠯᠠ ᠬᠥᠪᠤᠡᠭ ᠬᠦᠭᠡᠰᠤᠨ ᠲᠡᠭᠡᠬᠦᠷ ᠭᠡᠰᠬᠢᠯᠡᠨ | ᠶᠠᠪᠤᠵᠣ ᠪᠡᠶᠢᠭᠠ ᠰᠢᠭ ᠴᠠᠭᠠᠰᠢᠯᠠᠬᠤ ᠨᠢ ᠬᠠᠳᠠᠨ ᠭᠡᠷ ᠲᠤ ᠪᠠᠨ ᠤᠤ᠂ ᠬᠠᠨ ᠲᠡᠭᠷᠢ ᠳᠤ ᠪᠡᠨᠤᠤ︖ ᠪᠤᠣ ᠮᠠᠳᠡ | ᠡᠬᠦᠯᠡ ᠮᠠᠨᠠᠨ ᠤ ᠲᠤᠮᠳᠠᠭᠤᠷ ᠰᠡᠪᠡᠯᠵᠢᠳᠡᠯᠡ ᠠᠯᠬᠤᠭᠠᠳ ᠴᠠᠰᠢ ᠶᠠᠪᠤᠬᠤ ᠠᠪᠤ ᠶᠢᠨ ᠮᠢᠨᠢ ᠪᠠᠷᠠ ᠠᠯᠤᠰ ᠲᠤ | ᠪᠦᠳᠡᠭᠡᠶᠢᠷᠡᠨ ᠪᠦᠳᠡᠭᠡᠶᠢᠷᠡᠭᠰᠡᠭᠡᠷ ᠴᠠᠭᠠᠰᠢᠯᠠᠬᠤ ᠳᠤ ᠪᠢ《 ᠠᠪᠤ ᠡ︕》 ᠬᠦᠯᠢᠶᠡᠵᠤ ᠪᠠᠢ᠃《 ᠠᠪᠤ ᠡ》 | ᠭᠡᠵᠤ ᠪᠠᠷᠬᠢᠷᠬᠠᠰᠠᠭᠠᠷ ᠬᠤᠶᠢᠨᠠ ᠠᠴᠠ ᠨᠢ ᠬᠦᠶᠤᠭᠦ ᠳᠤ ᠶᠠᠭᠤ ᠨᠢᠭᠡ ᠶᠠᠭᠤᠮᠠ ᠳᠤ ᠪᠦᠳᠤᠷᠣᠨ ᠤᠨᠠᠭᠠᠳ ᠲᠠᠬᠢᠨ | ᠪᠤᠰᠬᠤ ᠳᠤ ᠠᠪᠤ ᠶᠢᠨ ᠮᠢᠨᠢ ᠪᠠᠷᠠ ᠵᠢᠵᠢᠭᠰᠡᠭᠡᠷ ᠨᠢᠭᠡᠨ ᠭᠡᠷᠡᠯᠳᠤ ᠤᠳᠣ ᠪᠤᠯᠤᠨ ᠬᠠᠷᠪᠤᠭᠠᠳ ᠶᠠᠪᠤᠴᠢᠬᠠᠯᠠ᠃ | 2018ᠤᠨ ᠤ6 ᠰᠠᠷᠠ ᠶᠢᠨ2 ᠡᠳᠤᠷ | ᠨᠤᠭᠤᠭᠠᠨ ᠲᠤᠪᠤ ᠶᠢᠨ ᠪᠠᠭᠤᠴᠢᠨ ᠳᠤ ᠪᠢᠴᠢᠪᠡᠢ | ᠬᠠᠶ᠋ᠢᠭ᠄ ᠪᠠᠭᠠᠷᠢᠨ ᠪᠠᠷᠠᠭᠤᠨ ᠬᠤᠰᠢᠭᠠᠨ ᠤ ᠴᠠᠭᠠᠨᠠᠭᠤᠷ | ᠪᠠᠯᠭᠠᠰᠤᠨ ᠤ ᠯᠦᠤᠽᠢ ᠭᠠᠴᠠᠭᠠ᠂ ᠡᠷᠳᠡᠨᠢᠳᠤᠡᠠᠳᠠᠬᠤ | 巴林右旗查干诺尔镇 楼子嘎查。额尔敦 | 陶格套 。13848976738 | | |