| ᠪᠦᠷᠳᠡ ᠴᠢᠨ᠋ᠸ᠎ᠠ ᠭᠤᠸ᠎ᠠ ᠮᠠᠷᠠᠯ ᠲᠠᠩᠬᠢᠰ ᠶᠠᠭᠠᠬᠢᠵᠤ ᠭᠡᠲᠤᠯᠡᠭᠰᠡᠨ ᠲᠤᠬᠠᠢ | ᠪᠡᠷᠬᠡ ᠶᠢᠨ ᠮᠠᠩᠬ᠎ᠠ᠂ ᠭᠤᠤᠯ ᠭᠤᠷᠤᠬ᠎ᠠ ᠬᠡᠷᠬᠢᠨ ᠡᠭᠦᠰᠦᠭᠰᠡᠨ ᠲᠤᠬᠠᠢ | ᠪᠦᠷᠭᠦᠳ ᠱᠤᠩᠬᠤᠷ ᠰᠤᠳᠤᠨ ᠳᠠᠯᠠᠪᠴᠢ ᠪᠠᠨ ᠶᠠᠭᠠᠬᠢᠵᠤ ᠰᠤᠯᠢᠭᠰᠠᠨ ᠲᠤᠬᠠᠢ | ᠪᠤᠷᠬᠠᠨ ᠬᠠᠯᠳᠠᠨ ᠤ ᠴᠠᠭᠠᠨ ᠴᠢᠯᠠᠭᠤ ᠬᠠᠮᠢᠭ᠎ᠠ ᠠᠴᠠ ᠪᠠᠭᠤᠭᠰᠠᠨ ᠲᠤᠬᠠᠢ | ᠰᠦᠨᠢᠵᠢᠨ ᠪᠢ ᠬᠡᠬᠡᠷ᠎ᠡ ᠶᠢᠨ ᠰᠠᠷ᠎ᠠ ᠲᠠᠢ ᠵᠤᠭᠤᠭᠳᠠᠵᠤ ᠰᠠᠭᠤᠯ᠎ᠠ | ᠳᠤᠯᠠᠶᠢᠬᠤ ᠨᠠᠷᠠᠨ ᠲᠤᠶᠠᠭ᠎ᠠ ᠪᠠᠨ ᠡᠪᠭᠢᠭᠡᠳ ᠬᠠᠮᠢᠭ᠎ᠠ ᠨᠢᠭᠤᠭᠰᠠᠨ ᠲᠤᠬᠠᠢ | ᠳᠦᠷᠡᠯᠵᠡᠭᠰᠡᠨ ᠬᠠᠶᠢᠷ᠎ᠠ ᠶᠢᠨ ᠢᠨᠠᠭ ᠤᠨ ᠭᠠᠯ ᠶᠠᠭᠠᠬᠢᠵᠤ ᠰᠢᠲᠠᠭᠰᠠᠨ ᠲᠤᠬᠠᠢ | ᠳᠦᠷᠢᠮᠡᠬᠡᠢ ᠰᠢᠭᠤᠷᠭ᠎ᠠ ᠰᠢᠷᠦᠭᠦᠨ ᠪᠤᠷᠤᠭᠠᠨ ᠶᠠᠭᠤᠨ ᠠᠴᠠ ᠡᠭᠦᠰᠦᠭᠰᠡᠨ ᠲᠤᠬᠠᠢ | ᠳᠡᠤᠬᠡᠨ ᠡᠪᠤᠭᠡᠳ ᠤᠨ ᠦᠨᠡᠨ ᠤ ᠤᠳᠤᠳ ᠬᠠᠮᠢᠭ᠎ᠠ ᠪᠠᠶᠢᠷᠢᠯᠠᠭᠰᠠᠨ ᠲᠤᠬᠠᠢ | ᠰᠦᠨᠢᠵᠢᠨ ᠪᠢ ᠬᠡᠭᠡᠷ᠎ᠡ ᠶᠢᠨ ᠰᠠᠷ᠎ᠠ ᠲᠠᠢ ᠵᠤᠭᠤᠭᠳᠠᠵᠤ ᠰᠠᠭᠤᠯ᠎ᠠ | ᠴᠡᠴᠡᠭ ᠴᠡᠴᠡᠭ ᠤᠨ ᠦᠡᠭᠭᠡ ᠶᠠᠭᠠᠬᠢᠭᠠᠳ ᠤᠨᠳᠤᠤ ᠪᠠᠶᠢᠳᠠᠭ ᠤᠨ ᠲᠤᠬᠠᠢ | ᠴᠢᠩᠭᠢᠰ ᠴᠢᠩᠭᠢᠰ ᠵᠢᠷᠬᠢᠭᠰᠡᠨ ᠰᠢᠪᠠᠭᠤᠳ ᠬᠠᠮᠢᠭᠠᠰᠢ ᠨᠢᠰᠤᠭ᠍ᠰᠡᠨ ᠲᠤᠬᠠᠢ | ᠴᠡᠴᠡᠨ ᠪᠠᠶᠢᠭᠠᠯᠢ ᠶᠢᠨ ᠶᠡᠭᠡ ᠨᠡᠭᠦᠳᠡᠯ ᠠᠯᠢ ᠵᠦᠭ ᠲᠤ ᠰᠢᠯᠵᠢᠭᠰᠡᠨ ᠲᠤᠬᠠᠢ | ᠴᠡᠩᠬᠡᠷ ᠬᠦᠬᠡ ᠮᠠᠨᠠᠨ ᠶᠠᠭᠠᠬᠢᠭᠠᠳ ᠠᠭᠤᠯᠠᠰ ᠢ ᠪᠦᠷᠬᠦᠳᠡᠭ ᠲᠤᠬᠠᠢ | ᠰᠦᠨᠢᠵᠢᠨ ᠪᠢ ᠬᠡᠭᠡᠷ᠎ᠡ ᠶᠢᠨ ᠰᠠᠷ᠎ᠠ ᠲᠠᠢ ᠵᠤᠭᠤᠭᠳᠠᠵᠤ ᠰᠠᠭᠤᠯ᠎ᠠ | ᠬᠠᠳᠠ ᠴᠢᠯᠠᠭᠤᠳ ᠬᠠᠲᠠᠭᠤᠵᠢᠨ ᠪᠤᠰᠳᠠᠭ ᠡᠷᠲᠡᠨ ᠤ ᠳᠤᠮᠤᠭ ᠤᠨ ᠲᠤᠬᠠᠢ | ᠬᠠᠮᠤᠭ ᠠᠮᠢᠲᠠᠨ ᠬᠦᠮᠦᠨ ᠵᠤᠨ ᠬᠦᠷᠦᠰᠤᠨ ᠳᠤ ᠪᠠᠨ ᠪᠤᠴᠠᠳᠠᠭ ᠤᠨ ᠲᠤᠬᠠᠢ | ᠮᠦᠰᠦ ᠤᠰᠤ ᠠᠭᠤᠷ ᠪᠤᠯᠵᠤ ᠰᠠᠨᠰᠠᠷ ᠲᠤ ᠳᠡᠭᠳᠡᠳᠡᠭ ᠤᠨ ᠲᠤᠬᠠᠢ | ᠮᠦᠬᠦᠯᠢᠭ ᠡᠯᠡᠰᠤᠨ ᠤ ᠬᠠᠮᠤᠭ ᠡᠴᠤᠰ ᠤᠨ ᠲᠤᠰᠤᠯ ᠨᠢᠯᠪᠤᠰᠤᠨ ᠤ ᠲᠤᠬᠠᠢ | ᠰᠦᠨᠢᠵᠢᠨ ᠪᠢ ᠬᠡᠬᠡᠷ᠎ᠠ ᠶᠢᠨ ᠰᠠᠷ᠎ᠠ ᠲᠠᠢ ᠵᠤᠭᠤᠭᠳᠠᠵᠤ ᠰᠠᠭᠤᠯ᠎ᠠ | | ᠪᠤᠷᠤᠭ᠎ᠠ | | ᠰᠠᠴᠤᠯᠢ ᠡᠷᠭᠦᠭᠰᠡᠨ ᠵᠦᠭ ᠠᠴᠠ ᠰᠠᠴᠤᠷᠠᠵᠤ ᠢᠷᠡᠭᠰᠡᠨ ᠪᠤᠷᠤᠭ᠎ᠠ | ᠰᠠᠶᠢᠬᠠᠨ ᠬᠠᠨ ᠤ ᠨᠢᠷᠤᠭᠤ ᠶᠢ ᠢᠯᠪᠢᠵᠤ ᠪᠠᠭᠤᠭᠰᠠᠨ ᠪᠤᠷᠤᠭ᠎ᠠ | ᠰᠠᠯᠬᠢᠨ ᠤ ᠭᠦᠶᠦᠭᠦᠯ ᠠᠭᠠᠰᠢ ᠶᠢ ᠰᠠᠭᠠᠲᠠᠭᠤᠯᠵᠤ ᠱᠠᠭᠠᠬᠢᠭᠰᠠᠨ ᠪᠤᠷᠤᠭ᠎ᠠ | ᠰᠠᠨᠠᠭ᠎ᠠ ᠰᠡᠳᠬᠢᠯ ᠬᠤᠶᠡᠷ ᠢ ᠠᠷᠢᠭᠤᠰᠬᠠᠵᠤ ᠰᠢᠪᠡᠷᠡᠭᠰᠡᠨ ᠪᠤᠷᠤᠭ᠎ᠠ | ᠰᠠ ᠮᠦᠡᠭᠭᠦᠨ ᠰᠢᠷᠬᠡᠭ ᠢᠶᠠᠷ ᠭᠢᠯᠡᠰᠴᠤ ᠵᠦᠰᠡᠷᠡᠭᠰᠡᠨ ᠪᠤᠷᠤᠭ᠎ᠠ | ᠰᠠᠷᠡᠨ ᠶᠠᠭᠠᠨ ᠳᠡᠯᠪᠢᠨ ᠳᠡᠭᠡᠷ᠎ᠡ ᠬᠠᠯᠢᠰᠴᠤ ᠪᠦᠵᠢᠭᠰᠡᠨ ᠪᠤᠷᠤᠭ᠎ᠠ | ᠰᠠᠷᠠᠯ ᠮᠤᠷᠢᠨ ᠤ ᠮᠤᠨᠳᠠᠭᠠᠨ ᠳᠡᠭᠡᠷ᠎ᠡ ᠦᠨᠦᠰᠴᠤ ᠱᠠᠪᠰᠢᠭᠰᠠᠨ ᠪᠤᠷᠤᠭ᠎ᠠ | ᠰᠠᠨᠰᠡᠷ ᠤᠨ ᠠᠭᠤᠳᠠᠮ ᠵᠠᠢ ᠶᠢ ᠬᠦᠭᠯᠡᠵᠤ ᠱᠤᠭᠰᠢᠭᠰᠡᠨ ᠪᠤᠷᠤᠭ᠎ᠠ | ᠪᠤᠯᠵᠤᠭᠠᠳᠤ ᠶᠢᠨ ᠪᠤᠷᠤ ᠴᠢᠯᠠᠭᠤᠳ ᠢ ᠬᠠᠶᠢᠷ᠎ᠠ ᠪᠠᠷ ᠤᠶᠠᠷᠠᠭᠠᠭᠰᠠᠨ ᠪᠤᠷᠤᠭ᠎ᠠ | ᠪᠤᠯᠵᠤᠮᠤᠷ ᠤᠨ ᠲᠤᠷᠭᠠᠨ ᠳᠡᠯᠢ ᠳᠡᠭᠡᠷ᠎ᠡ ᠡᠷᠬᠡᠯᠡᠨ ᠪᠦᠮᠪᠦᠷᠢᠭᠰᠡᠨ ᠪᠤᠷᠤᠭ᠎ᠠ | ᠪᠤᠲᠠᠨ ᠤ ᠨᠤᠭᠤᠭᠠᠨ ᠳᠤᠮᠤᠭ ᠢ ᠡᠩᠭᠡᠷ ᠲᠤ ᠪᠠᠨ ᠪᠦᠪᠠᠶᠢᠯᠡᠭᠰᠡᠨ ᠪᠤᠷᠤᠭ᠎ᠠ | ᠪᠤᠳᠤᠯ ᠤᠨ ᠴᠡᠩᠭᠡᠷ ᠬᠠᠷᠭᠤᠢ ᠶᠢ ᠬᠢᠯᠠᠶᠢᠲᠠᠯᠠ ᠤᠬᠢᠶᠠᠭᠰᠠᠨ ᠪᠤᠷᠤᠭ᠎ᠠ | ᠬᠠᠶ᠋ᠢᠭ ᠄ ᠲᠤᠩᠯᠢᠶᠤᠤ ᠬᠤᠳᠠ ᠶᠢᠨ ᠬᠤᠷᠴᠢᠨ ᠲᠤᠭᠤᠷᠢᠭ | ᠤᠳᠠᠰᠤ ᠄ 13337058868 | |