ᠮᠢᠨᠦ ᠲᠤᠷᠭᠠᠨ ᠦᠯᠦᠭᠡᠢ
ᠨᠡᠶᠢᠲᠡᠯᠡᠭᠰᠡᠨ ᠴᠠᠭ᠄
2020/8/24
 ᠰ᠊᠂ ᠬᠤᠷᠴᠢᠨᠬᠦᠤ                         ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠡᠳᠦᠷ᠂ ᠪᠢ ᠪᠠᠭ᠎ᠠ ᠶᠢᠨ ᠰᠤᠷᠤᠭᠰᠠᠨ ᠵᠠᠩᠰᠢᠯ ᠢᠶᠠᠷ ᠢᠶᠠᠨ ᠬᠤᠶᠠᠷ ᠭᠠᠷ ᠲᠤ ᠪᠠᠨ ᠦᠨᠳᠡᠭᠡ ᠠᠳᠬᠤᠵᠤ ᠭᠠᠷᠤᠭᠰᠠᠨ ᠦᠭᠡᠢ ᠪᠤᠯᠪᠠᠴᠤ ᠵᠢᠵᠢᠭ ᠠᠷᠠᠰᠤᠨ ᠪᠤᠭᠴᠤᠨ ᠳᠠᠭᠠᠨ ᠭᠠᠷ ᠤᠳᠠᠰᠤ ᠪᠠᠨ ᠬᠢᠵᠦ ᠰᠤᠭᠤᠨ ᠳᠠᠭᠠᠨ ᠬᠠᠪᠴᠢᠵᠤ ᠪᠠᠷᠠᠭᠤᠨ ᠠᠭᠤᠯᠠᠨ ᠳᠤ ᠠᠪᠠᠷᠢᠵᠤ ᠪᠠᠳᠤᠴᠠᠭᠠᠨ ᠮᠤᠳᠤᠨ ᠤ ᠲᠤᠣᠷ᠎ᠠ ᠰᠡᠯᠬᠦᠴᠡᠵᠦ  ᠪᠠᠶ᠋ᠷ ᠤᠨ ᠡᠳᠦᠷ ᠢᠶᠠᠨ ᠤᠭᠳᠤᠭᠰᠠᠨ᠂ ᠬᠠᠨ ᠠᠭᠤᠯᠠ ᠶᠢ ᠴᠠᠰᠤ ᠲᠠᠷᠤᠵᠤ ᠬᠠᠶᠢᠷᠠᠨ ᠪᠡᠶ᠎ᠡ ᠶᠢ ᠨᠠᠰᠤ ᠲᠠᠷᠤᠵᠠᠢ ᠭᠡᠳᠡᠭ ᠢᠶᠠᠷ ᠪᠠᠭ᠎ᠠ ᠶᠢᠨ ᠦᠶᠡᠰ ᠲᠤ ᠪᠠᠨ ᠪᠤᠷᠭᠠᠰᠤᠨ ᠮᠤᠷᠢ ᠪᠠᠨ ᠵᠠᠶᠢᠳᠠᠩᠨᠠᠵᠤ ᠪᠤᠷᠤ ᠲᠤᠭᠤᠰᠤ ᠲᠠᠳᠠᠭᠤᠯᠤᠨ ᠦᠵᠡᠵᠦ ᠪᠠᠶᠢᠳᠠᠯ᠎ᠠ ᠤᠷᠤᠢ ᠲᠡᠭᠡᠷ᠎ᠡ ᠨᠢ ᠲᠤᠪᠳᠤᠯᠤᠭ᠎ᠠ ᠪᠠᠷ ᠭᠠᠷᠴᠢᠬᠠᠳᠠᠭ ᠪᠠᠶᠢᠭᠰᠠᠨ ᠤᠳᠤ ᠭᠤᠷᠪᠠ ᠤᠳᠠᠭ᠎ᠠ ᠠᠮᠠᠷᠠᠭᠠᠳ ᠰᠠᠶ᠋ᠢ ᠠᠮᠢᠰᠬᠤᠭ᠎ᠠ ᠲᠡᠭᠡᠷᠡᠳᠡᠵᠦ ᠤᠷᠤᠢ ᠳᠤ ᠨᠢ ᠭᠠᠷᠤᠭᠰᠠᠨ᠃                          ᠮᠢᠨᠦ ᠨᠤᠳᠤᠭ ᠴᠠᠭᠠᠨᠪᠤᠬ᠎ᠠ ᠭᠡᠵᠦ ᠬᠦᠭᠡᠷᠦᠬᠦᠨ ᠭᠤᠶᠢᠳᠠ ᠭᠠᠵᠠᠷ ᠪᠢᠯᠡ᠃ ᠤᠶᠠᠰᠤᠯ ᠤᠨ ᠲᠠᠭᠤ ᠪᠠᠨ ᠪᠡᠯᠴᠢᠭᠡᠷ ᠲᠤ ᠤᠨᠠᠭᠠᠵᠤ᠂ ᠵᠠᠶᠢᠳᠠᠵᠤ ᠲᠡᠶᠢᠯᠬᠦ ᠦᠭᠡᠢ ᠡᠩᠰᠡᠯᠡᠬᠦ ᠨᠡᠭᠦᠳᠡᠯ ᠬᠤᠨ ᠤ  ᠪᠠᠨ ᠤᠶᠠᠬᠠᠨ ᠭᠠᠩᠭᠠᠨᠠᠭ᠎ᠠ ᠪᠠᠷ ᠡᠪᠡᠰᠦᠨ ᠤ ᠲᠤᠯᠤᠭᠠᠢ ᠨᠢ ᠦᠶᠦᠭᠬᠡᠨ ᠰᠢᠷᠭᠠᠯᠰᠢᠵᠦ᠂  ᠭᠤᠷᠭᠤᠣᠯᠳᠠᠢ ᠶᠢᠨ ᠲᠤᠬᠤᠢ᠂ ᠭᠤᠷᠪᠠᠨ ᠤᠷᠢᠳᠤ  ᠂ ᠬᠠᠶᠢᠷ ᠤᠨ ᠲᠠᠯ᠎ᠠ᠂ ᠴᠠᠭᠠᠨ ᠤᠷᠤᠢ᠂ ᠠᠯᠳᠠᠢ᠂ ᠬᠤᠳᠠᠳᠠᠢ᠂ ᠦᠭᠡᠳᠡᠢ ᠵᠡᠷᠭᠡ ᠦᠩ ᠰᠢᠮᠡᠯᠢᠭ ᠭᠠᠵᠠᠷ ᠨᠢ ᠬᠡᠨ ᠬᠦᠮᠦᠨ ᠳᠤ ᠴᠦ ᠭᠡᠳ ᠬᠦᠨᠳᠡᠵᠦ ᠪᠤᠯᠬᠤ ᠦᠭᠡᠢ ᠭᠤᠸ᠎ᠠ ᠰᠠᠶᠢᠬᠠᠨ ᠤ ᠡᠷᠡᠭᠦᠯ ᠰᠤᠳᠠᠰᠤ ᠠᠷᠤ ᠭᠠᠵᠠᠷ ᠤᠨ ᠵᠠᠶᠠᠭ᠎ᠠ ᠲᠠᠢ ᠮᠢᠨᠢ ᠬᠠᠮᠳᠤ ᠴᠤᠬᠢᠯᠠᠵᠤ ᠭᠠᠷᠳᠠᠭ ᠨᠢ ᠵᠢᠯ ᠵᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠠᠶᠢᠯ᠎ᠠ᠃ ᠲᠡᠭᠡᠬᠦ ᠪᠠᠷ ᠢᠶᠠᠨ ᠨᠤᠳᠤᠭ ᠤᠨ ᠨᠠᠶᠢᠵᠠᠰ ᠲᠠᠢ ᠪᠠᠨ ᠠᠭᠤᠯᠠᠨ ᠤᠷᠤᠢ ᠳᠤ ᠪᠦᠭᠡᠮᠨᠡᠷᠡᠯᠳᠦᠨ ᠰᠠᠭᠤᠵᠤ ᠠᠷᠢᠬᠢ ᠲᠠᠷᠠᠰᠤ ᠤᠣᠭᠤᠵᠤ ᠠᠵᠤ ᠲᠦᠷᠦᠬᠦ ᠶᠢᠨ ᠮᠦᠩᠬᠡ ᠶᠢᠨ ᠵᠤᠭᠤᠭ ᠢ ᠤᠶᠢᠳᠬᠤ  ᠪᠠᠨ ᠮᠡᠳᠡᠬᠦ ᠦᠭᠡᠢ ᠲᠡᠯᠭᠡᠵᠦ᠂ ᠨᠠᠷᠠ ᠪᠠᠶᠢᠭᠠᠯᠢ ᠶᠢᠨ ᠦᠶᠦᠭ ᠲᠠᠩᠰᠤᠭ ᠲᠤ ᠪᠠᠶᠠᠰᠤᠨ ᠵᠢᠷᠭᠠᠵᠤ ᠬᠠᠨᠤᠳᠠᠭ ᠪᠠᠶᠢᠭᠰᠠ ᠡ᠃                         ᠴᠠᠭ ᠮᠦᠴᠡ ᠲᠤᠪᠳᠤᠯᠤᠭ᠎ᠠ ᠮᠤᠷᠢᠨ ᠭᠦᠶᠦᠳᠡᠯ ᠢᠶᠠᠷ ᠡᠷᠭᠢᠵᠦ ᠬᠠᠷᠠᠬᠤ ᠶᠢᠨ ᠬᠤᠷᠤᠮ ᠳᠤ ᠦᠴᠦᠭᠡᠳᠦᠷ ᠢ ᠬᠡᠷᠴᠢᠨ ᠤᠨᠠᠭᠠᠵᠤ᠂ ᠬᠦᠷᠳᠦᠨ ᠤᠯᠠᠭᠠᠨ ᠨᠠᠷᠠᠨ ᠤ ᠵᠦᠭᠡᠯᠡᠨ ᠲᠦᠭᠡᠨᠡᠭᠡ ᠪᠠᠷᠠᠭᠤᠨ ᠠᠭᠤᠯᠠᠨ ᠤ ᠤᠷᠤᠢ ᠪᠠᠷ ᠭᠤᠯᠭᠤᠷᠢᠨ ᠭᠤᠯᠭᠤᠷᠢᠨ ᠪᠠᠭᠤᠵᠤ᠂ ᠬᠦᠮᠦᠨ ᠠᠬᠤᠢ ᠶᠢᠨ ᠠᠮᠢᠳᠤ ᠰᠡᠷᠡᠯ ᠲᠠᠬᠢᠵᠤ ᠬᠤᠷᠤᠶᠢᠯᠠᠬᠤ ᠶᠢᠨ ᠲᠡᠷᠡ ᠡᠷᠡᠨ ᠳᠤ ᠮᠦᠨ ᠯᠠ ᠢᠨᠠᠭ ᠤᠨ ᠪᠤᠯᠵᠤᠭ᠎ᠠ ᠲᠠᠢ ᠬᠡᠦᠬᠡᠨ ᠬᠡᠮᠡᠷᠬᠡᠨ ᠨᠡᠭᠦᠬᠦ ᠰᠢᠪᠠᠭᠤᠳ  ᠤᠨ ᠢᠶᠠᠨ ᠲᠤᠷᠭᠠᠨ ᠵᠢᠭᠦᠷ ᠠᠴᠠ ᠲᠠᠬᠢᠨ ᠲᠠᠬᠢᠨ ᠪᠤᠰᠬᠤ ᠵᠠᠳᠠᠭᠠᠢ ᠴᠠᠭᠠᠨ ᠰᠠᠯᠬᠢᠨ ᠢ ᠬᠦᠨ ᠬᠦᠨ ᠠᠮᠢᠰᠬᠤᠨ᠂ ᠤᠨᠠᠭᠠᠨ ᠬᠠᠶᠢᠷ᠎ᠠ ᠶᠢᠨ ᠬᠦᠳᠦᠯ᠂ ᠬᠦᠯ ᠵᠢᠷᠤᠭ᠎ᠠ ᠵᠡᠷᠭᠡᠯᠭᠡᠨ ᠲᠠᠢ ᠪᠠᠨ ᠤᠨᠠᠨ ᠪᠤᠰᠤᠨ ᠨᠠᠮᠢᠷᠠᠵᠤ᠂ ᠡᠪᠦᠯ ᠬᠠᠪᠤᠷ  ᠤᠨ ᠵᠠᠭᠠᠭ ᠬᠢᠯᠢ ᠵᠦᠭ ᠲᠡᠮᠡᠦᠯᠡᠳᠡᠭ ᠨᠢ ᠲᠠᠩᠴᠢ ᠢᠳᠡᠭᠡᠮᠡᠷ ᠦᠭᠡᠢ ᠦᠨᠡᠨ ᠰᠠᠨ᠃                          ᠲᠠᠩᠳᠠ ᠬᠠᠶᠢᠷ᠎ᠠ ᠪᠠᠷ ᠢᠪᠢᠯᠵᠤ ᠲᠤᠭᠳᠤᠯᠵᠤ ᠪᠠᠶᠢᠳᠠᠭ ᠡᠨᠡ ᠰᠠᠶᠢᠬᠠᠨ ᠨᠤᠳᠤᠭ  ᠲᠤ ᠦᠷ᠎ᠡ ᠶᠢᠨ ᠬᠤᠪᠢ ᠲᠠᠢ ᠵᠠᠶᠠᠭᠠᠭᠰᠠᠨ ᠨᠢ ᠮᠢᠨᠦ ᠲᠠᠷᠬᠠᠨ ᠤᠮᠤᠭᠰᠢᠯ ᠰᠠᠨ᠃ ᠬᠦᠬᠡ ᠴᠡᠩᠭᠡᠷ ᠤᠭᠳᠠᠷᠭᠤᠢ  ᠳᠤ  ᠬᠦᠪᠦᠯᠵᠡᠬᠦ ᠬᠦᠪᠦᠩ ᠴᠠᠭᠠᠨ ᠡᠭᠦᠯᠡᠰ ᠰᠢᠦᠬᠠᠨ ᠨᠡᠭᠦᠳᠡᠯᠯᠡᠵᠦ ᠤᠳᠤᠭᠰᠠᠨ ᠠᠯᠢᠶ᠎ᠠ ᠬᠦᠭᠡᠷᠦᠬᠦᠨ ᠬᠡᠦᠬᠡᠳ ᠨᠠᠰᠤ ᠶᠢ ᠮᠢᠨᠢ ᠡᠷᠭᠢᠴᠡᠭᠦᠯᠦᠨ ᠪᠤᠳᠤᠬᠤ ᠳᠤ ᠲᠠᠩᠴᠢ ᠬᠦᠭᠡᠷᠦᠬᠦᠢ ᠡᠮᠵᠡᠭ ᠲᠠᠢ ᠪᠠᠶᠢᠯ᠎ᠠ᠃ ᠠᠭᠤᠯᠠᠨ ᠤᠷᠤᠢ ᠳᠤ ᠲᠡᠭᠡᠭᠰᠢ ᠬᠠᠨᠳᠤᠨ ᠬᠡᠪᠳᠡᠵᠦ ᠬᠦᠬᠡ ᠲᠡᠭᠷᠢ ᠶᠢ ᠪᠠᠷᠠᠯᠠᠵᠤ᠂ ᠬᠤᠯᠠᠬᠠᠨ ᠵᠢᠯᠢᠢᠭᠰᠡᠨ ᠬᠡᠦᠬᠡᠳ ᠦᠶ᠎ᠡ ᠮᠢᠨᠢ ᠬᠡᠳᠦ ᠬᠤᠯᠠ ᠶᠢᠨ ᠲᠤᠮᠤᠭ ᠰᠢᠦᠬᠠᠨ ᠰᠠᠨᠠᠭᠳᠠᠵᠤ᠂ ᠮᠦᠷᠦᠭᠡᠰᠦᠯ ᠤᠨ ᠠᠯᠭᠠᠨ ᠳᠤ ᠲᠤᠭᠳᠤᠯᠤᠯ ᠬᠠᠳᠠᠭᠤ ᠲᠤᠭᠯᠠᠭᠠᠳ ᠪᠠᠶᠢᠬᠤ ᠨᠢ ᠲᠤᠷᠠᠰᠤᠯ ᠮᠢᠨᠦ ᠲᠡᠭᠡᠷ᠎ᠡ ᠶᠠᠭᠠᠬᠢᠭᠰᠠᠨ ᠬᠦᠨᠳᠦ ᠲᠤᠰᠬᠤ ᠨᠢ ᠪᠤᠢ︕                          ᠬᠦᠳᠡᠭᠡ ᠶᠢᠨ ᠬᠦᠤ ᠪᠢ᠂ ᠦᠭᠡᠬᠦᠨ ᠴᠠᠭᠠᠨ ᠮᠠᠩᠬᠠᠨ ᠲᠠᠯᠠᠢ ᠪᠠᠷ ᠦ ᠰᠡᠪ ᠦᠭᠡᠢ ᠴᠢᠷᠠᠮᠠᠨ ᠨᠢᠴᠦᠭᠦᠨ ᠢᠶᠠᠷ ᠲᠤᠪᠳᠤᠯᠭᠠᠵᠤ ᠶᠠᠪᠤᠭᠰᠠᠨ ᠪᠤᠷᠤ ᠬᠦᠤ᠂ ᠨᠤᠳᠤᠭ ᠤᠰᠤᠨ ᠤ ᠪᠠᠨ ᠲᠤᠬᠠᠢ᠂ ᠨᠠᠷᠠᠨ ᠤ ᠪᠠᠨ ᠲᠤᠬᠠᠢ ᠤᠯᠠᠨ ᠠᠷᠪᠢᠨ ᠲᠤᠮᠤᠭ ᠲᠤ ᠰᠤᠭᠳᠤᠭᠤᠷᠠᠵᠤ᠂ ᠲᠡᠭᠦᠨ ᠢᠶᠠᠨ ᠡᠭᠦᠷᠢ ᠬᠠᠶᠢᠷᠠᠯᠠᠵᠤ ᠦᠮᠴᠢᠷᠭᠡᠬᠦ ᠪᠤᠳᠤᠯ ᠲᠠᠢ ᠬᠡᠪᠳᠡᠭᠡ ᠪᠢ︕ ᠡᠭᠦᠯᠡ ᠨᠠᠷᠠ ᠡᠭᠦᠯᠡ ᠶᠢ ᠬᠠᠷᠠᠭᠠᠳ ᠦᠪᠡᠷ ᠤᠨ ᠡᠷᠬᠡ ᠦᠭᠡᠢ᠄ ︿︿ᠨᠠᠷᠠ ᠨᠠᠷᠠ ᠨᠠᠭᠠᠰᠢ ᠪᠠᠨ︕ ᠨᠠᠷᠠᠨ ᠰᠡᠭᠦᠳᠡᠷ ᠴᠠᠭᠠᠰᠢ ᠪᠠᠨ︕ ᠲᠤᠶᠠᠭ᠎ᠠ ᠲᠤᠶᠠᠭ᠎ᠠ ᠨᠠᠭᠠᠰᠢ ᠪᠠᠨ︕ ᠲᠤᠭᠤᠰᠤ ᠮᠠᠨᠠᠨ ᠴᠠᠭᠠᠰᠢ ᠪᠠᠨ︕﹀﹀ ᠭᠡᠵᠦ ᠦᠪᠡᠷ ᠤᠨ ᠡᠷᠬᠡ ᠦᠭᠡᠢ ᠬᠠᠰᠭᠢᠷᠴᠤ ᠭᠠᠷᠤᠯ᠎ᠠ᠃                       ᠬᠡᠦᠬᠡᠳ ᠨᠠᠰᠤᠨ ᠤ ᠭᠬᠢᠷ ᠦᠭᠡᠢ ᠴᠠᠶᠢᠯᠭᠠᠨ ᠪᠤᠳᠤᠯ ᠮᠢᠨᠢ ᠨᠢᠭᠡᠨ ᠵᠡᠷᠭᠡ ᠤᠶᠢᠯᠤᠨ ᠪᠤᠰᠴᠤ ᠮᠦᠩᠬᠡ ᠶᠢᠨ ᠵᠤᠭᠤᠭ ᠢᠶᠠᠨ ᠡᠷᠭᠢᠭᠦᠯᠵᠦ ᠪᠢᠯᠡ︕ ᠦᠰᠴᠤ ᠲᠦᠷᠦᠭᠰᠡᠨ ᠦᠯᠦᠭᠡᠢ ᠨᠤᠳᠤᠭ ᠮᠢᠨᠢ ᠭᠤᠶᠤ ᠳ᠋ᠠ︕ ᠠᠯᠤᠰᠬᠠᠨ ᠲᠤᠭᠤᠶᠢᠷᠠᠬᠤ ᠰᠢᠷᠠᠩᠭᠤᠢ ᠨᠤᠭᠤᠭᠠᠨ ᠬᠦᠯᠮᠦᠭ ᠲᠠᠳᠠᠭᠰᠠᠨ ᠲᠠᠷᠢᠶ᠎ᠠ ᠨᠢ ᠲᠠᠯ᠎ᠠ ᠶᠢᠨ ᠰᠠᠯᠬᠢ ᠲᠠᠭᠠᠨ ᠨᠠᠶᠢᠭᠤᠨ ᠭᠠᠩᠬᠤᠨ ᠲᠤᠯᠬᠢᠶ᠎ᠠ ᠬᠠᠶᠠᠯᠠᠬᠤ ᠨᠢ ᠮᠢᠨᠦ  ᠰᠡᠳᠭᠢᠯ ᠢ ᠶᠠᠭᠠᠬᠢᠬᠤ ᠶᠢᠨ ᠠᠷᠭ᠎ᠠ ᠦᠭᠡᠢ ᠬᠦᠭᠰᠡᠭᠦᠯᠦᠨ᠎ᠡ ᠪᠢᠯᠡ᠂ ᠡᠶᠢᠮᠦ ᠬᠦᠭᠵᠢᠬᠦᠨ ᠪᠦᠭᠡᠳ ᠲᠤᠷᠨᠢᠭᠤᠨ ᠭᠠᠵᠠᠷ ᠠᠴᠠ ᠯᠠ ᠦᠷᠭᠦᠢ ᠤᠨᠳᠠᠷᠠᠰᠢ ᠦᠭᠡᠢ ᠠᠮᠢᠳᠤᠷᠠᠯ ᠠᠰᠠᠵᠤ ᠶᠠᠪᠤᠳᠠᠭ ᠶᠤᠮ ᠰᠢᠦ᠃ ᠡᠨᠡ ᠪᠤᠯ ᠮᠢᠨᠦ ᠤᠨᠠᠭᠠᠨ ᠬᠠᠶᠢᠷ᠎ᠠ ᠶᠢᠨ ᠲᠤᠷᠭᠠᠨ  ᠦᠯᠦᠭᠡᠢ — — — — ᠴᠠᠭᠠᠨᠪᠤᠬ᠎ᠠ ᠪᠢᠯᠡ︕                       ᠴᠠᠭᠠᠨᠪᠤᠬ᠎ᠠ ᠪᠤᠯ ᠮᠢᠨᠦ ᠤᠮᠤᠭᠰᠢᠯ᠂ ᠮᠢᠨᠦ ᠢᠳᠡᠭᠡᠯ᠂ ᠮᠢᠨᠦ ᠤᠷᠮᠠᠰᠢᠯ᠂ ᠮᠢᠨᠦ ᠠᠮᠢᠯᠠᠯ︕ ᠪᠢ ᠨᠤᠳᠤᠭ ᠤᠨ ᠢᠶᠠᠨ ᠦᠵᠡᠮᠵᠢ ᠶᠢ ᠰᠤᠭᠳᠤᠭᠤᠷᠠᠨ ᠪᠠᠶᠢᠵᠤ ᠪᠢᠯᠡ᠃                                       2018   6  19
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号