ᠨᠤᠲᠤᠭ ᠤᠨ ᠬᠤᠶᠠᠷ ᠪᠠᠶᠢᠴᠠ
ᠨᠡᠶᠢᠲᠡᠯᠡᠭᠰᠡᠨ ᠴᠠᠭ᠄
2020/8/24
 ᠪᠤᠷᠵᠢᠭᠢᠨ ᠰᠠᠮᠪᠠᠯ      ᠪᠠᠶᠢᠴᠠ ᠶᠢᠨ ᠬᠠᠳᠠ ᠪᠠᠶᠢᠭᠠᠯᠢ ᠶᠢᠷᠲᠢᠨᠴᠤ ᠳᠤ ᠠᠶᠠᠨᠳᠠᠭᠠᠨ ᠪᠦᠳᠦᠭᠰᠡᠨ ᠪᠠᠶᠢᠴᠠ ᠶᠢᠨ ᠬᠠᠳᠠ ᠬᠠᠴᠢᠨ ᠭᠠᠶᠢᠬᠠᠮᠰᠢᠭ ᠬᠤᠷᠮᠤᠰᠳᠠ ᠲᠡᠭᠷᠢ ᠵᠠᠩᠵᠤᠨ ᠪᠠᠭᠤᠯᠭᠠᠵᠤ ᠬᠤᠷᠴᠠ ᠰᠡᠯᠡᠮ᠎ᠡ ᠪᠠᠷ ᠴᠠᠪᠴᠢᠭᠰᠠᠨ ᠮᠡᠳᠤ ᠤᠨᠢᠶᠠᠷ ᠬᠦᠰᠢᠭᠡᠯᠡᠭᠰᠡᠨ ᠠᠰᠬ᠎ᠠ ᠬᠠᠳᠠ ᠤᠷᠭᠤᠬᠤ ᠨᠠᠷᠠ ᠶᠢ ᠤᠭᠳᠤᠨ ᠰᠦᠨᠳᠡᠷᠯᠡᠨ᠎ᠡ ᠤᠷᠢᠳᠠᠭᠤᠷ ᠨᠢ ᠤᠷᠤᠰᠬᠤ ᠪᠠᠶᠢᠴᠠ ᠶᠢᠨ ᠭᠤᠤᠯ ᠤᠤ ᠮᠦᠷᠡᠨ ᠵᠦᠭ ᠲᠤᠯᠭᠢᠶᠡᠯᠡᠨ ᠤᠷᠤᠰᠤᠨ᠎ᠠ ᠬᠦᠬᠡ ᠮᠦᠩᠭᠦᠨ ᠲᠡᠭᠷᠢ ᠶᠢᠨ ᠲᠤᠤᠷ᠎ᠠ ᠬᠦᠷᠦᠰᠦᠳᠤ ᠠᠯᠳᠠᠨ ᠲᠡᠯᠡᠭᠡᠢ ᠲᠡᠭᠡᠷ᠎ᠡ ᠬᠤᠷᠮᠤᠰᠳᠠ ᠲᠡᠭᠷᠢ ᠠᠴᠠ ᠡᠷᠢᠶᠡᠨ ᠯᠤᠤ ᠬᠤᠷ᠎ᠠ ᠪᠠᠨ ᠲᠠᠭᠠᠭᠤᠯᠵᠤ ᠪᠠᠭᠤᠭᠰᠠᠨ ᠮᠡᠳᠤ ᠬᠦᠮᠤᠨ ᠤ ᠶᠢᠷᠳᠢᠨᠴᠤ ᠳᠤ ᠢᠴᠡᠭᠡᠯᠡᠶᠤ ᠬᠡᠮᠡᠨ ᠡᠨᠡ ᠭᠠᠵᠠᠷ ᠢ ᠰᠤᠩᠭᠤᠭᠰᠠᠨ ᠮᠡᠳᠤ ᠭᠦᠭᠡᠷᠡᠨ ᠵᠠᠯᠭᠠᠯᠳᠤᠭᠰᠠᠨ ᠠᠭᠤᠯᠠ ᠨᠢᠷᠤᠭᠤᠳ ᠨᠢ ᠬᠦᠨᠳᠡᠢ ᠪᠠᠨ ᠲᠠᠭᠠᠭᠠᠳ ᠬᠢᠩᠭᠠᠯᠠᠵᠤ ᠪᠠᠶᠢᠨᠠᠮ ᠪᠠᠶᠢᠭᠠᠯᠢ ᠲᠡᠯᠡᠭᠡᠢ ᠳᠤ ᠠᠶᠠᠨᠳᠠᠭᠠᠨ ᠪᠦᠳᠦᠭᠰᠡᠨ ᠪᠠᠶᠢᠴᠠ ᠶᠢᠨ ᠬᠠᠳᠠ ᠦᠨᠡᠭᠡᠷ ᠭᠠᠶᠢᠬᠠᠮᠰᠢᠭ ᠪᠠᠶᠠᠨ ᠲᠠᠩᠰᠤᠭ ᠨᠤᠲᠤᠭ ᠤᠰᠤᠨ ᠳᠠᠭᠠᠨ ᠪᠠᠶᠢᠷᠢ ᠪᠠᠨ ᠡᠵᠡᠯᠡᠭᠰᠡᠨ ᠰᠦᠯᠳᠡ ᠬᠠᠳᠠ ᠡ︕       ᠪᠠᠶᠢᠴᠠ ᠶᠢᠨ ᠪᠤᠯᠠᠭ ᠬᠠᠯᠠᠭᠤᠨ ᠵᠤᠨ ᠤ ᠭᠠᠩ ᠲᠠᠢ ᠵᠢᠯ ᠳᠤ ᠬᠠᠳᠠᠵᠤ ᠰᠢᠷᠭᠢᠵᠤ ᠦᠵᠡᠭᠡ ᠦᠭᠡᠢ ᠬᠠᠬᠢᠷ ᠡᠪᠤᠯ ᠤᠨ ᠭᠤᠷᠪᠠ ᠶᠢᠰᠤ ᠳᠤ ᠬᠦᠯᠳᠡᠵᠤ ᠪᠢᠳᠡᠭᠦᠷᠡᠭᠰᠡᠨ ᠤᠳᠠᠭ᠎ᠠ ᠦᠭᠡᠢ ᠤᠨᠴᠠ ᠶᠡᠭᠡ ᠭᠠᠩ ᠭᠠᠴᠢᠭ ᠲᠤ ᠤᠯᠠᠨ ᠮᠠᠯᠴᠢᠳ ᠪᠤᠷᠤᠭᠠᠨ ᠭᠤᠶᠤᠬᠤ ᠳᠤ ᠤᠪᠤᠭ᠎ᠠ ᠬᠠᠨ ᠭᠡᠭᠡᠨ ᠱᠠᠪᠢ ᠪᠠᠨ ᠵᠠᠷᠤᠵᠤ ᠤᠪᠠᠳᠢᠰ ᠢᠶᠠᠷ ᠬᠤᠷ᠎ᠠ ᠪᠠᠭᠤᠯᠭᠠᠭᠰᠠᠨ ᠲᠡᠤᠬᠡ ᠲᠠᠢ ᠪᠠᠶᠠᠨ ᠪᠠᠶᠢᠭᠠᠯᠢ ᠠᠴᠠ ᠤᠨᠳᠤᠷᠴᠤ ᠪᠠᠶᠢᠭ᠎ᠠ ᠪᠠᠶᠢᠴᠠ ᠶᠢᠨ ᠪᠤᠯᠠᠭ ᠪᠠᠰᠠ ᠨᠢᠭᠡ ᠭᠠᠶᠢᠬᠠᠮᠰᠢᠭ ᠪᠠᠷᠠᠭᠳᠠᠰᠢ ᠦᠭᠡᠢ ᠡᠬᠢ ᠡᠭᠦᠰᠦᠯ ᠲᠠᠢ ᠮᠢᠨᠤ ᠨᠤᠲᠤᠭ ᠤᠨ ᠮᠦᠩᠭᠡ ᠶᠢᠨ ᠷᠠᠰᠢᠶᠠᠨ᠃        ᠵᠤᠬᠢᠶᠠᠭᠴᠢ᠄ ᠪᠤᠷᠵᠢᠭᠢᠨ ᠰᠠᠮᠪᠠᠯ᠂ ᠠᠷᠤ ᠬᠤᠷᠴᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ︽ᠮᠤᠷᠢᠨ ᠡᠮᠡᠭᠡᠯ ᠬᠢᠬᠦ ᠮᠡᠷᠭᠡᠵᠢᠯ︾ ᠤᠨ ᠤᠯᠠᠮᠵᠢᠯᠠᠭᠴᠢ᠃    ※ ᠪᠠᠶᠢᠴᠠ ᠶᠢᠨ ᠭᠤᠤᠯ ᠪᠤᠯ ᠤᠤ ᠮᠦᠷᠡᠨ ᠤ ᠲᠡᠭᠡᠳᠤ ᠤᠷᠤᠰᠬᠠᠯ ᠤᠨ ᠭᠤᠤᠯ ᠶᠤᠮ᠂ ᠲᠡᠷᠡ ᠨᠢ ᠬᠤᠨᠳᠤ ᠪᠠᠯᠭᠠᠰᠤᠨ ᠤ ᠶᠠᠩᠽᠢ ︵ᠶᠠᠩᠵᠤ︶ ᠭᠠᠴᠠᠭᠠᠨ ᠤ ᠬᠢᠵᠠᠭᠠᠷ ᠲᠤᠳᠤᠷ᠎ᠠ ᠤᠤ ᠮᠦᠷᠡᠨ ᠤ ᠡᠬᠢ ᠪᠤᠯᠬᠤ ᠤᠰᠤᠨ ᠡᠬᠢ  ᠶᠢᠨ ᠭᠤᠤᠯ ᠢ ᠵᠠᠯᠭᠠᠵᠤ ᠤᠷᠤᠰᠤᠭᠠᠳ ᠬᠤᠵᠢᠷ ᠤᠨ ᠭᠤᠤᠯ᠂ ᠬᠡᠶᠢᠳ ᠤᠨ ᠭᠤᠤᠯ ᠲᠠᠢ ᠨᠡᠶᠢᠯᠵᠤ᠂ ᠡᠮᠤᠨᠡᠰᠢ ᠪᠠᠨ ᠤᠤ ᠮᠦᠷᠡᠨ ᠭᠤᠤᠯ ᠪᠤᠯᠵᠤ ᠤᠷᠤᠰᠤᠨ᠎ᠠ᠃    ※ ᠪᠠᠶᠢᠴᠠ ᠶᠢᠨ ᠬᠠᠳᠠ ᠪᠤᠯ ᠶᠠᠭ ᠪᠠᠶᠢᠴᠠ ᠶᠢᠨ ᠭᠤᠤᠯ ᠳᠤ ᠪᠠᠷᠠᠭᠤᠨ ᠡᠷᠭᠢ ᠳᠤ ᠰᠦᠨᠳᠡᠷᠯᠡᠨ ᠪᠤᠰᠤᠭᠰᠠᠨ ᠵᠡᠭᠦᠨ ᠲᠠᠯ᠎ᠠ ᠶᠢ ᠨᠢ ᠴᠠᠪᠴᠢᠭᠠᠳ ᠠᠪᠤᠭᠰᠠᠨ ᠰᠢᠭ᠋ ᠡᠭᠴᠡ ᠪᠠᠶᠢᠳᠠᠭ ᠬᠠᠴᠢᠨ ᠭᠠᠶᠢᠬᠠᠮᠰᠢᠭ ᠲᠠᠢ ᠬᠠᠳᠠ ᠪᠤᠯᠤᠨ᠎ᠠ ᠃ ᠪᠠᠶᠢᠴᠠ ᠶᠢᠨ ᠬᠠᠳᠠᠨ ᠠᠴᠠ ᠠᠰ ᠬᠤᠶᠢᠰᠢ ᠪᠠᠨ ᠵᠠᠭᠤᠨ ᠭᠠᠵᠠᠷ ᠤᠨ ᠦᠵᠦᠭᠦᠷ ᠲᠤ ᠪᠠᠭᠠᠷᠢᠨ ᠵᠡᠭᠦᠨ ᠬᠤᠰᠢᠭᠤᠨ ᠤ ᠬᠢᠵᠠᠭᠠᠷ ᠲᠤᠳᠤᠷᠠᠬᠢ ᠬᠤᠭᠤᠯᠠᠳᠤ ᠶᠢᠨ ᠭᠤᠤᠯ ᠤᠨ ᠵᠡᠭᠦᠨ ᠡᠷᠭᠢ ᠳᠤ ᠪᠠᠷᠠᠭᠤᠨ ᠲᠠᠯ᠎ᠠ ᠶᠢ ᠨᠢ ᠴᠠᠪᠴᠢᠭᠠᠳ ᠠᠪᠤᠭᠰᠠᠨ ᠰᠢᠭ᠋ ᠡᠭᠴᠡ ᠤᠷᠭᠤᠭᠰᠠᠨ ᠬᠠᠳᠠ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号