ᠴᠡᠷᠢᠭ ᠡᠷ᠎ᠡ ᠶᠢᠨ ᠠᠨᠳᠠᠭᠠᠢ
ᠨᠡᠶᠢᠲᠡᠯᠡᠭᠰᠡᠨ ᠴᠠᠭ᠄
2020/8/24
        ᠰᠠᠴᠣᠷᠠᠯ ᠵᠣᠬᠢᠶᠠᠪᠠ ᠴᠡᠷᠢᠭ ᠡᠷ᠎ᠡ ᠶᠢᠨ ᠠᠨᠳᠠᠭᠠᠢ ᠭᠡᠭᠴᠢ ᠦᠨᠡᠳᠡᠢ ᠯᠡ ᠶᠤᠮ ᠴᠡᠩᠬᠡᠷ ᠡᠬᠡ ᠣᠷᠣᠨ ᠭᠡᠳᠡᠭ ᠦᠪᠡᠷ ᠪᠡᠶ᠎ᠡ ᠨᠢ ᠯᠡ ᠶᠤᠮ ᠰᠤᠳᠠᠰᠤ ᠲᠠᠢ ᠴᠠᠬᠢᠭᠤᠷ ᠴᠠᠬᠢᠬᠤ ᠰᠢᠭ᠋ ᠰᠦᠨᠢ ᠶᠢᠨ ᠲᠡᠭᠷᠢ ᠳᠤ ᠤᠴᠢᠯᠠᠭᠰᠠᠨ ᠰᠡᠷᠭᠦᠯᠡᠩ ᠮᠡᠴᠢᠳ ᠪᠣᠯ ᠨᠢᠳᠦ ᠨᠢ ᠶᠣᠮ ᠰᠡᠪᠡᠯᠭᠡ ᠲᠠᠢ ᠬᠠᠨᠢᠰᠤᠨ ᠢᠯᠪᠢᠬᠦ‍ ᠰᠢᠭ ᠰᠦ ᠶᠢᠨ ᠦᠨᠦᠷ ᠰᠡᠩᠭᠢᠨᠡᠭᠰᠡᠨ ᠰᠤᠳᠤᠨ ᠰᠠᠯᠬᠢ ᠪᠣᠯ ᠠᠮᠢᠰᠬᠤᠯ ᠨᠢ ᠶᠣᠮ ᠤᠷᠴᠢᠯᠠᠩ ᠶᠢᠷᠲᠢᠨᠴᠦ ᠠᠴᠠ ᠬᠤᠪᠢᠳᠠᠭᠰᠠᠨ ᠤᠰᠤ᠂ ᠬᠠᠭᠤᠷᠠᠢ᠂ ᠠᠭᠠᠷ ᠢᠶᠠᠨ ᠡᠵᠡᠮᠳᠡᠬᠦ ᠤᠨᠴᠠ ᠲᠧᠭᠨᠢᠭ ᠪᠣᠯ ᠵᠢᠰᠦ ᠨᠢ ᠶᠣᠮ ᠤᠤᠭᠠᠯ ᠪᠠᠶᠢᠭᠠᠯᠢ ᠠᠴᠠ ᠰᠤᠶᠤᠷᠬᠠᠭᠰᠠᠨ ᠤᠵᠤᠭᠤᠷ ᠲᠡᠭᠡᠳᠦᠰ ᠠᠴᠠ ᠦᠮᠴᠢᠯᠡᠬᠦ ᠠᠭᠤᠷᠬᠠᠢ ᠪᠣᠯᠤᠭᠳᠠᠴᠠ ᠪᠣᠯ ᠵᠢᠷᠦᠬᠡ ᠨᠢ ᠶᠤᠮ ᠬᠡᠴᠡ ᠶᠢᠨ ᠰᠡᠵᠢᠭᠦᠷ ᠢ ᠢᠷ ᠭᠠᠷᠳᠠᠯ᠎ᠠ ᠱᠤᠤᠬᠢᠵᠦ ᠬᠦᠬᠡ ᠲᠡᠭᠷᠢ ᠳᠤ ᠪᠠᠨ ᠡᠭᠦᠯᠡᠰ ᠪᠣᠲᠠᠷᠠᠳᠠᠯ᠎ᠠ ᠬᠦᠭᠡᠷᠳᠡᠭ ᠬᠦᠴᠦᠳᠦ ᠪᠦᠷᠭᠦᠳ ᠤᠨ ᠴᠣᠶᠢᠯᠤᠯᠳᠠ ᠪᠣᠯ ᠣᠮᠤᠭ ᠨᠢ ᠶᠤᠮ ᠬᠦᠷᠦᠰᠦᠲᠦ ᠲᠡᠯᠡᠬᠡᠢ ᠶᠢ ᠬᠤᠲᠤᠯᠵᠠᠳᠠᠯ᠎ᠠ ᠲᠤᠪᠳᠤᠯᠵᠦ ᠬᠦᠷᠡᠯ ᠲᠤᠭᠤᠷᠠᠢ ᠠᠴᠠ ᠨᠢ ᠭᠠᠯ ᠪᠠᠳᠠᠷᠠᠳᠠᠭ ᠬᠦᠯᠦᠭ ᠤᠨ ᠰᠢᠨᠳᠡᠰᠦ ᠪᠣᠯ ᠵᠢᠪᠬᠤᠭ᠎ᠠ ᠨᠢ ᠶᠤᠮ ᠡᠮᠳᠡᠷᠡᠬᠦ ᠠᠴᠠ ᠪᠢᠰᠢ ᠮᠢᠯᠠᠷᠠᠳᠠᠭ ᠦᠭᠡᠢ ᠡᠭᠴᠡ ᠪᠣᠰᠤᠭ᠎ᠠ ᠬᠠᠳᠠ ᠠᠭᠤᠯᠠ ᠡᠷᠡᠰ ᠬᠠᠳᠠᠭᠤ ᠶᠠᠰᠦ ᠨᠢ ᠶᠤᠮ ᠭᠠᠳᠠᠭᠰᠢ ᠪᠠᠨ ᠤᠷᠤᠰᠴᠦ ᠲᠣᠳᠤᠭᠰᠢ ᠪᠠᠨ ᠴᠢᠳᠬᠤᠯᠠᠳᠠᠭ ᠭᠤᠤᠯ ᠮᠦᠷᠡᠨ ᠤ ᠲᠠᠳᠠᠷᠠᠰᠢ ᠦᠭᠡᠢ ᠤᠷᠤᠰᠬᠠᠯ ᠭᠠᠯ ᠬᠠᠯᠠᠭᠤᠨ ᠴᠢᠰᠦ ᠨᠢ ᠶᠤᠮ ᠰᠠᠷᠠᠨ ᠤ ᠰᠦᠨ ᠠᠴᠠ ᠠᠳᠢᠰᠯᠠᠵᠦ ᠰᠡᠷᠮᠡᠭᠦᠨ ᠴᠡᠴᠡᠭᠡᠰ ᠤᠨ ᠲᠡᠯᠪᠢᠨ ᠳᠤ  ᠮᠡᠯᠲᠡᠷᠡᠬᠦ ᠰᠢᠭᠦᠳᠡᠷᠢ ᠶᠢᠨ ᠮᠦᠬᠦᠯᠢᠭ ᠪᠣᠯ ᠬᠠᠶᠢᠷ᠎ᠠ ᠨᠢ ᠶᠤᠮ ᠰᠠᠴᠤᠯᠢ ᠪᠠᠨ ᠡᠷᠭᠦᠨ ᠰᠠᠷᠠᠪᠴᠢᠯᠠᠬᠤ ᠰᠠᠮᠠᠭᠠᠨ ᠡᠵᠢ ᠶᠢᠨ ᠮᠦᠩᠬᠡ ᠶᠢᠨ ᠪᠠᠷ᠎ᠠ ᠰᠡᠳᠭᠢᠯ ᠰᠡᠮᠡᠯᠯᠡᠭᠰᠡᠨ ᠮᠦᠷᠦᠭᠡᠳᠦᠯ ᠨᠢ ᠶᠤᠮ ᠬᠦᠢᠰᠦ ᠨᠢ ᠴᠦᠭᠯᠡᠭᠰᠡᠨ ᠲᠠᠷᠬᠠᠨ ᠤᠷᠤᠨ ᠤ ᠴᠢᠮᠬᠢᠬᠡᠨ ᠰᠢᠷᠤᠢ᠂ ᠰᠢᠷᠬᠡᠭᠬᠡᠨ ᠡᠪᠡᠰᠦ ᠴᠡᠷᠢᠭ ᠡᠷ᠎ᠡ ᠶᠢᠨ ᠠᠮᠢ ᠨᠢ ᠶᠤᠮ ᠬᠦᠰᠡᠯ ᠢ ᠨᠢ ᠲᠡᠷᠡᠯᠡᠭᠰᠡᠨ ᠠᠮᠤᠭᠤᠯᠠᠩ ᠵᠡᠭᠦᠳᠦᠨ ᠤ ᠡᠷᠬᠡ ᠴᠢᠯᠦᠭᠡ᠂ ᠡᠩᠬᠡ ᠲᠠᠶᠢᠪᠤᠩ ᠴᠡᠷᠢᠭ ᠡᠷ᠎ᠡ ᠶᠢᠨ ᠰᠦᠨᠡᠰᠦ ᠨᠢ ᠶᠤᠮ ᠴᠡᠷᠢᠭ ᠡᠷ᠎ᠡ ᠶᠢᠨ ᠠᠨᠳᠠᠭᠠᠢ ᠭᠡᠭᠴᠢ ᠭᠠᠶᠢᠬᠠᠯᠳᠠᠢ ᠶᠤᠮ ᠴᠡᠩᠬᠡᠷ ᠡᠬᠡ ᠤᠷᠤᠨ ᠭᠡᠳᠡᠭ ᠦᠪᠡᠷ ᠪᠡᠶ᠎ᠡ ᠨᠢ ᠯᠡ ᠶᠤᠮ                  地址;通辽市科左中旗舍伯吐中心校                  姓名;笔名,〔萨楚日啦〕实名,〔包锁柱                  手机;15947447898
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号