ᠲᠠᠷᠬᠠᠨ ᠦᠯᠦᠭᠡᠢ ᠨᠤᠲᠤᠭ
ᠨᠡᠶᠢᠲᠡᠯᠡᠭᠰᠡᠨ ᠴᠠᠭ᠄
2020/8/24
              ᠠᠷᠪᠢᠵᠢᠬᠤ ᠭᠠᠯᠪᠠ ᠲᠡᠯᠡᠭᠡᠢ ᠲᠤᠭᠳᠠᠭᠰᠠᠨ ᠠᠴᠠ ᠨᠠᠰᠢ ᠭᠠᠵᠠᠷ ᠰᠠᠶᠢᠳᠠᠢ ᠮᠠᠨ ᠤ ᠨᠤᠲᠤᠭ ᠭᠠᠷᠤᠯᠳᠠ ᠡᠷᠳᠡᠨᠢᠰ ᠠᠷᠪᠢᠨ ᠲᠠᠢ ᠭᠠᠶᠢᠬᠠᠮᠰᠢᠭ ᠤᠯᠠᠨ ᠮᠠᠨ ᠤ ᠨᠤᠲᠤᠭ ᠲᠦᠷᠦ ᠤᠯᠤᠰ ᠤᠨ ᠤᠯᠠᠷᠢᠯᠳᠠ ᠪᠠᠷ ᠰᠢᠨᠡᠳᠴᠤ ᠬᠤᠪᠢᠷᠠᠭᠰᠠᠭᠠᠷ ᠮᠠᠨ ᠤ ᠨᠤᠲᠤᠭ ᠲᠡᠤᠬᠡ ᠱᠠᠰᠳᠢᠷ ᠠᠷᠪᠢᠨ ᠲᠠᠢ ᠲᠠᠷᠬᠠᠨ ᠦᠯᠦᠭᠡᠢ ᠮᠠᠨ ᠤ ᠨᠤᠲᠤᠭ ᠠᠯᠳᠠᠨ ᠲᠡᠯᠡᠭᠡᠢ ᠳᠤ ᠠᠯᠳᠠᠷ ᠮᠠᠨᠳᠤᠭᠰᠠᠨ ᠴᠢᠩᠭᠢᠰ ᠪᠤᠭᠳᠠ ᠲᠠᠢ ᠮᠠᠨ ᠤ ᠨᠤᠲᠤᠭ ᠠᠶᠤᠯᠳᠤ ᠮᠠᠩᠭᠤᠰ ᠢ ᠠᠷᠢᠯᠭᠠᠭᠰᠠᠨ ᠭᠡᠰᠡᠷ ᠤᠨ ᠲᠤᠤᠯᠢ ᠲᠠᠢ ᠮᠠᠨ ᠨᠤᠲᠤᠭ ᠠᠯᠳᠠᠨ ᠭᠠᠨᠵᠢᠷ᠎ᠠ ᠭᠢᠯᠠᠯᠵᠠᠭᠰᠠᠨ ᠰᠦᠮ᠎ᠡ ᠰᠤᠪᠤᠷᠭ᠎ᠠ ᠲᠠᠢ ᠮᠠᠨ ᠤ ᠨᠤᠲᠤᠭ ᠠᠳᠠ ᠠᠷᠬᠠᠭ ᠢ ᠠᠷᠢᠯᠭᠠᠳᠠᠭ ᠡᠮᠴᠢ ᠲᠤᠮᠴᠢ ᠲᠠᠢ ᠮᠠᠨ ᠤ ᠨᠤᠲᠤᠭ ᠦᠨᠳᠤᠷ ᠰᠦᠷᠯᠢᠭ ᠠᠭᠤᠯᠠ ᠨᠢᠷᠤᠭᠤᠳ ᠨᠢ ᠡᠵᠡᠳ ᠰᠠᠬᠢᠭᠤᠰᠤ ᠲᠠᠢ ᠮᠠᠨ ᠤ ᠨᠤᠲᠤᠭ ᠤᠨᠳᠤᠷᠤᠮᠠᠯ ᠪᠤᠯᠠᠭ ᠨᠠᠭᠤᠷ ᠭᠤᠤᠯ ᠨᠢ ᠡᠰᠢ ᠡᠷᠭᠡᠳᠡᠨ ᠲᠠᠢ ᠮᠠᠨ ᠤ ᠨᠤᠲᠤᠭ ᠨᠤᠮᠢᠨ ᠨᠤᠭᠤᠭᠠᠨ ᠲᠠᠯ᠎ᠠ ᠪᠦᠷᠢᠳᠤ ᠨᠢ ᠠᠭᠤᠳᠠᠮ ᠰᠠᠷᠠᠭᠤᠯ ᠮᠠᠨ ᠤ ᠨᠤᠲᠤᠭ ᠨᠠᠪᠴᠢ ᠴᠡᠴᠡᠭ ᠮᠦᠰᠢᠶᠡᠨ ᠲᠡᠯᠭᠡᠷᠡᠭᠰᠡᠨ ᠵᠢᠷᠤᠭ ᠰᠢᠭ᠋ ᠦᠵᠡᠮᠵᠢ ᠲᠠᠢ ᠮᠠᠨ ᠤ ᠨᠤᠲᠤᠭ ᠠᠯᠳᠠᠨ ᠰᠢᠷᠭᠠᠯ ᠡᠯᠡᠰᠤ ᠮᠠᠩᠬ᠎ᠠ ᠨᠢ ᠰᠤᠯᠤᠩᠭᠠᠷᠠᠨ ᠬᠠᠷᠠᠭᠳᠠᠳᠠᠭ ᠮᠠᠨ ᠤ ᠨᠤᠲᠤᠭ ᠠᠯᠤᠰ ᠤᠨ ᠠᠯᠤᠰ ᠠᠴᠠ ᠰᠡᠳᠬᠢᠯ ᠢ ᠪᠤᠯᠢᠶᠠᠮ᠎ᠠ ᠪᠠᠭ᠋ᠠᠷᠤᠯ ᠢ ᠲᠠᠳᠠᠭᠰᠠᠨ ᠮᠠᠨ ᠤ ᠨᠤᠲᠤᠭ ᠠᠷᠢᠶᠠᠳᠠᠨ ᠭᠦᠷᠦᠭᠡᠰᠤ ᠡᠯᠪᠡᠭ ᠪᠠᠶᠢᠳᠠᠭ ᠠᠭᠯᠠᠭ ᠪᠠᠶᠢᠭᠠᠯᠢ ᠲᠠᠢ ᠮᠠᠨ ᠤ ᠨᠤᠲᠤᠭ ᠠᠶᠠᠯᠭᠤ ᠨᠡᠶᠢᠯᠡᠭᠦᠯᠦᠨ ᠡᠭᠡᠰᠢᠭᠯᠡᠨ ᠲᠤᠩᠭᠤᠳᠤᠳᠠᠭ ᠵᠢᠭᠦᠷᠳᠡᠨ ᠰᠢᠪᠠᠭᠤᠳ ᠲᠠᠢ ᠮᠠᠨ ᠤ ᠨᠤᠲᠤᠭ ᠵᠠᠭᠤᠨ ᠲᠦᠷᠦᠯ ᠤᠨ ᠦᠨᠡᠳᠤ ᠤᠷᠭᠤᠮᠠᠯ ᠦᠯᠡᠮᠵᠢ ᠤᠷᠭᠤᠳᠠᠭ ᠮᠠᠨ ᠤ ᠨᠤᠲᠤᠭ ᠵᠤᠷᠠᠶᠢᠳᠠᠯ᠎ᠠ ᠲᠠᠷᠢᠭᠰᠠᠨ ᠲᠠᠪᠤᠨ ᠲᠠᠷᠢᠶ᠎ᠠ ᠡᠯᠪᠡᠭ ᠬᠤᠷᠢᠶᠠᠳᠠᠭ ᠮᠠᠨ ᠤ ᠨᠤᠲᠤᠭ ᠲᠠᠪᠤᠨ ᠬᠤᠰᠢᠭᠤ ᠮᠠᠯ ᠰᠦᠷᠦᠭ ᠨᠢ ᠦᠨᠢᠷ ᠦᠰᠦᠯᠳᠡ ᠲᠠᠢ ᠮᠠᠨ ᠤ ᠨᠤᠲᠤᠭ ᠲᠠᠩᠰᠤᠭ ᠪᠠᠶᠠᠯᠢᠭ ᠠᠮᠢᠳᠤᠷᠠᠯ ᠤᠨ ᠬᠡᠰᠢᠭ ᠲᠤᠭᠳᠠᠭᠰᠠᠨ ᠮᠠᠨ ᠤ ᠨᠤᠲᠤᠭ ᠬᠠᠮᠤᠭ ᠮᠤᠩᠭᠤᠯ ᠤᠨ ᠢᠶᠠᠨ ᠭᠦᠭᠵᠢᠯ ᠮᠠᠨᠳᠤᠯ ᠳᠤ ᠬᠠᠨᠳᠢᠪ ᠶᠡᠭᠡᠳᠡᠢ ᠮᠠᠨ ᠤ ᠨᠤᠲᠤᠭ ᠬᠠᠰᠠᠷ ᠤᠨ ᠬᠤᠶᠢᠴᠢᠰ ᠮᠠᠯᠴᠢᠨ ᠲᠦᠮᠡᠨ ᠤ ᠬᠡᠶᠢᠮᠤᠷᠢ ᠮᠠᠨᠳᠤᠳᠠᠭ ᠮᠠᠨ ᠤ ᠨᠤᠲᠤᠭ ᠦᠨᠳᠤᠰᠤᠳᠡᠨ ᠤ ᠰᠤᠶᠤᠯ ᠢᠶᠠᠨ ᠦᠪᠯᠡᠨ ᠤᠯᠠᠮᠵᠢᠯᠠᠭᠴᠢ ᠡᠷᠳᠡᠮᠳᠡᠨ ᠪᠠᠭᠰᠢ ᠨᠠᠷ ᠲᠠᠢ ᠮᠠᠨ ᠤ ᠨᠤᠲᠤᠭ ᠦᠰᠦᠭ ᠪᠢᠴᠢᠭ ᠶᠤᠰᠤ ᠨᠤᠮ ᠲᠠᠢ ᠴᠢᠳᠠᠪᠤᠷᠢᠳᠠᠨ ᠴᠤᠯᠭᠤᠷᠠᠳᠠᠭ ᠮᠠᠨ ᠤ ᠨᠤᠲᠤᠭ ᠤᠶᠠᠩᠭ᠎ᠠ ᠲᠠᠭᠤᠤ ᠤᠷᠠᠨ ᠪᠦᠵᠢᠭ ᠲᠠᠢ ᠤᠷᠠᠯᠢᠭᠴᠢᠨ ᠤᠯᠠᠨ ᠲᠠᠢ ᠮᠠᠨ ᠤ ᠨᠤᠲᠤᠭ ᠤᠬᠠᠭᠠᠨ ᠤᠳᠬ᠎ᠠ ᠳᠤ ᠬᠢᠴᠢᠶᠡᠨ ᠨᠡᠪᠳᠡᠷᠡᠭᠰᠡᠨ ᠵᠤᠬᠢᠶᠠᠯᠴᠢ ᠠᠷᠪᠢᠨ ᠮᠠᠨ ᠤ ᠨᠤᠲᠤᠭ ᠬᠠᠭᠤᠴᠢᠨ ᠲᠡᠤᠬᠡ ᠶᠢᠨ ᠦᠪ ᠰᠤᠶᠤᠯ ᠤᠨ ᠡᠷᠳᠡᠨ ᠤ ᠪᠠᠭᠤᠷᠢ ᠲᠠᠢ ᠮᠠᠨ ᠤ ᠨᠤᠲᠤᠭ ᠬᠤᠰᠢᠭᠤ ᠨᠤᠲᠤᠭ ᠢᠶᠠᠨ ᠮᠠᠭᠳᠠᠨ ᠲᠠᠭᠤᠯᠠᠳᠠᠭ ᠬᠤᠭᠤᠷᠴᠢ ᠴᠤᠭᠤᠷᠴᠢ ᠲᠠᠢ ᠮᠠᠨ ᠤ ᠨᠤᠲᠤᠭ ᠬᠠᠰ ᠤᠭ᠍ᠶᠤ ᠱᠢᠷᠤ ᠰᠤᠪᠤᠳ ᠢ ᠤᠷᠠᠯᠠᠭᠴᠢ ᠠᠷᠪᠢᠨ ᠮᠠᠨ ᠤ ᠨᠤᠲᠤᠭ ᠬᠠᠳᠠ ᠴᠢᠯᠠᠭᠤ ᠪᠤᠯᠤᠳ ᠢ ᠤᠶᠠᠰᠬᠠᠭᠴᠢ ᠲᠠᠷᠬᠠᠨ ᠠᠷᠪᠢᠨ ᠮᠠᠨ ᠤ ᠨᠤᠲᠤᠭ ᠠᠯᠳᠠ ᠮᠦᠩᠭᠦᠨ ᠵᠡᠰ ᠭᠠᠤᠯᠢ ᠶᠢ ᠠᠮᠢᠳᠠᠢ ᠪᠤᠯᠭᠠᠳᠠᠭ ᠮᠠᠨ ᠤ ᠨᠤᠲᠤᠭ ᠠᠷᠠᠰᠤ ᠰᠢᠷᠢ ᠶᠢ ᠤᠩᠭᠠᠰᠤ ᠨᠤᠤᠰᠤ ᠶᠢ ᠡᠷᠳᠡᠨᠡᠢ ᠪᠤᠯᠭᠠᠳᠠᠭ ᠮᠠᠨ ᠤ ᠨᠤᠲᠤᠭ ᠠᠮᠢᠳᠤ ᠲᠦᠷᠢ ᠪᠠᠷ ᠨᠢ ᠪᠦᠳᠦᠭᠡᠳᠡᠭ ᠵᠢᠷᠤᠭᠴᠢᠨ ᠠᠷᠪᠢᠨ ᠮᠠᠨ ᠤ ᠨᠤᠲᠤᠭ ᠠᠷᠤ ᠦᠪᠦᠷ ᠢ ᠱᠠᠭᠰᠢᠭᠤᠯᠤᠭᠰᠠᠨ ᠤᠶᠤᠳᠠᠯᠴᠢᠨ ᠠᠷᠪᠢᠨ ᠮᠠᠨ ᠤ ᠨᠤᠲᠤᠭ ᠠᠷᠭ᠎ᠠ ᠮᠡᠷᠭᠡᠵᠢᠯ ᠬᠤᠤᠰᠯᠠᠭᠰᠠᠨ ᠮᠤᠳᠤᠴᠢᠨ ᠠᠷᠪᠢᠨ ᠮᠠᠨ ᠤ ᠨᠤᠲᠤᠭ ᠠᠭᠠᠷᠤᠤ ᠲᠠᠢ ᠰᠦ ᠪᠠᠨ ᠪᠢᠯᠬᠠᠭᠤᠯᠤᠭᠰᠠᠨ ᠰᠠᠭᠠᠯᠢᠴᠢᠨ ᠠᠷᠪᠢᠨ ᠮᠠᠨ ᠤ ᠨᠤᠲᠤᠭ ᠮᠠᠯ ᠰᠦᠷᠦᠭ ᠢᠶᠠᠨ ᠦᠨᠢᠷ ᠦᠰᠭᠡᠳᠡᠭ ᠮᠡᠳᠡᠯᠭᠡᠳᠡᠨ ᠠᠷᠪᠢᠨ ᠮᠠᠨ ᠤ ᠨᠤᠲᠤᠭ ᠮᠠᠰᠢᠨ ᠲᠤᠨᠤᠭᠯᠠᠯ ᠢ ᠡᠵᠡᠮᠰᠢᠭᠰᠡᠨ ᠮᠡᠷᠭᠡᠵᠢᠯᠳᠡᠨ ᠠᠷᠪᠢᠨ ᠮᠤᠨ ᠤ ᠨᠤᠲᠤᠭ ᠤᠬᠠᠭᠠᠨ ᠴᠢᠳᠠᠯ ᠬᠤᠤᠰᠯᠠᠭᠰᠠᠨ ᠪᠦᠬᠡᠴᠢᠨ ᠠᠷᠪᠢᠨ ᠮᠠᠨ ᠤ ᠨᠤᠲᠤᠭ ᠤᠳᠠᠨ ᠤ ᠨᠠᠪᠴᠢ ᠶᠢ ᠠᠯᠳᠠᠳᠠᠭ ᠦᠭᠡᠢ ᠰᠤᠷᠴᠢᠨ ᠤᠯᠠᠨ ᠮᠠᠨ ᠤ ᠨᠤᠲᠤᠭ ᠨᠢᠰᠬᠦ ᠮᠡᠳᠤ ᠬᠦᠶᠦᠳᠡᠯ ᠶᠠᠪᠤᠳᠠᠯ ᠲᠠᠢ ᠠᠭᠳᠠ ᠬᠦᠯᠦᠭ ᠲᠠᠢ ᠮᠠᠨ ᠤ ᠨᠤᠲᠤᠭ ᠨᠡᠶᠢᠭᠡᠮ ᠠᠷᠠᠳ ᠲᠠᠭᠠᠨ ᠵᠢᠳᠬᠦᠯ ᠲᠠᠢ ᠠᠪᠢᠶᠠᠰ ᠪᠢᠯᠢᠭᠳᠡᠨ ᠲᠠᠢ ᠮᠠᠨ ᠤ ᠨᠤᠲᠤᠭ ᠡᠨᠡ ᠭᠠᠶᠢᠬᠠᠮᠰᠢᠳᠤ ᠨᠤᠲᠤᠭ ᠢᠶᠠᠨ ᠡᠭᠡᠰᠢᠭᠯᠡᠵᠤ ᠮᠠᠭᠳᠠᠭᠠᠳ ᠪᠠᠷᠠᠨ᠎ᠠ ᠤᠤ ᠳ᠋ᠠ ᠦᠯᠵᠡᠢ ᠬᠡᠰᠢᠭᠳᠦ ᠨᠤᠲᠤᠭ ᠮᠢᠨᠢ ᠦᠷᠬᠦᠯᠵᠢ ᠮᠤᠩᠭᠤᠯ ᠢᠶᠠᠷ ᠢᠶᠠᠨ ᠪᠠᠶᠢᠭᠠᠰᠠᠢ︕      ᠵᠤᠬᠢᠶᠠᠭᠴᠢ᠄ ᠠᠷᠪᠢᠵᠢᠬᠤ — ᠤᠷᠠᠨ ᠲᠠᠷᠬᠠᠨ᠂ ᠬᠤᠭᠤᠷᠴᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号