ᠠᠷᠠᠳ ᠤᠨ ᠴᠡᠷᠢᠭ ᠪᠢᠳᠡᠨ ᠤ ᠵᠢᠷᠤᠬᠡᠨ ᠳᠤ
ᠨᠡᠶᠢᠲᠡᠯᠡᠭᠰᠡᠨ ᠴᠠᠭ᠄
2020/8/24
— ᠠᠷᠠᠳ ᠤᠨ ᠴᠢᠯᠦᠬᠡᠯᠡᠬᠦ ᠴᠡᠷᠢᠭ ᠪᠠᠶᠢᠭᠤᠯᠤᠭᠳᠠᠭᠰᠠᠨ ᠪᠠᠶᠠᠷ ᠤᠨ ᠡᠳᠤᠷ ᠢ ᠪᠡᠯᠬᠡᠯᠡᠪᠡ ᠤᠯᠤᠰ ᠤᠨ ᠳᠤᠭ ᠲᠤ ᠪᠠᠨ ᠶᠤᠰᠤᠯᠠᠬᠤ ᠪᠦᠷᠢ ᠤᠯᠠᠭᠠᠨ ᠴᠡᠷᠢᠭ ᠢᠶᠠᠨ ᠳᠤᠷᠠᠳᠬᠠᠨ ᠰᠠᠨᠠᠭᠠᠯᠵᠠᠨ᠎ᠠ ᠤᠯᠤᠰ ᠤᠨ ᠳᠠᠭᠤᠤ ᠪᠠᠨ ᠳᠠᠭᠤᠯᠠᠬᠤ ᠪᠤᠯᠭᠠᠨ ᠠᠷᠠᠳ ᠤᠨ ᠴᠡᠷᠢᠭ ᠢᠶᠠᠨ ᠳᠤᠷᠠᠰᠤᠨ ᠮᠦᠷᠦᠬᠡᠳᠤᠨ᠎ᠠ ᠨᠠᠮᠤᠭᠳᠤ ᠳᠠᠯ᠎ᠠ ᠶᠢ ᠡᠮᠢᠶᠡᠯ ᠦᠬᠡᠢ ᠳᠤᠭᠤᠯᠬᠤ ᠳᠤ ᠪᠠᠨ ᠬᠦᠯ ᠦᠬᠡᠢ ᠡᠷᠤᠬᠡ ᠠᠴᠠ ᠶᠡᠷᠤ ᠰᠤᠴᠢᠭᠰᠠᠨ ᠦᠬᠡᠢ ᠨᠠᠷᠠᠨ ᠤᠯᠤᠰ ᠢ ᠡᠰᠡᠷᠬᠦᠴᠡᠨ ᠳᠠᠶᠢᠳᠤᠬᠤ ᠳᠤ ᠪᠠᠨ ᠬᠦᠴᠢᠷ ᠵᠤᠪᠠᠯᠠᠩ ᠬᠡᠵᠤ ᠶᠠᠷᠤ ᠰᠦᠷᠳᠡᠭᠰᠡᠨ ᠦᠬᠡᠢ ᠤᠮᠳᠠᠭᠠᠰᠬᠤ ᠳᠤ ᠪᠠᠨ ᠮᠤᠷᠢᠨ ᠤ ᠰᠢᠬᠡᠰᠤ ᠶᠢ ᠤᠤᠭᠤᠵᠤ ᠦᠯᠦᠰᠬᠦ ᠳᠤ ᠪᠠᠨ ᠬᠡᠬᠡᠷ᠎ᠡ ᠶᠢᠨ ᠨᠤᠭᠤᠭ᠎ᠠ ᠶᠢ ᠢᠳᠡᠵᠤ ᠤᠳᠠᠭᠠᠨ ᠳᠠᠭᠠᠭᠠᠮᠠᠭᠠᠢ ᠠᠶᠠᠨ ᠳᠠᠶᠢᠨ ᠤ ᠦᠨᠡᠳᠤ ᠳᠡᠤᠬᠡ ᠶᠢ ᠨᠠᠮᠳᠠᠷᠯᠠᠵᠤ ᠦᠪᠯᠡᠭᠰᠡᠨ ᠢᠯᠠᠯᠳᠠ ᠶᠢᠨ ᠪᠡᠯᠬᠡ ᠬᠤᠷᠤᠶᠢᠯᠠᠭᠰᠠᠨ ᠵᠢᠩᠭᠠᠩᠱᠠᠨ ᠳᠤ ᠠᠷᠠᠳ ᠤᠨ ᠴᠡᠷᠢᠭ ᠰᠡᠳᠬᠢᠯ ᠢᠶᠠᠷ ᠢᠶᠠᠨ ᠪᠤᠰᠤᠯᠴᠠᠭᠠᠳ ᠡᠪ ᠬᠠᠮᠳᠤ ᠶᠢᠨ ᠳᠤᠭ ᠤᠨ ᠤᠷᠢᠶᠠᠨ ᠳᠤ ᠢᠳᠡᠬᠡᠯ ᠨᠢᠬᠡᠳᠡᠢ ᠪᠠᠷ ᠪᠠᠳᠤ ᠳᠠᠩᠭᠠᠷᠢᠭᠯᠠᠭᠰᠠᠨ ᠠᠳᠠᠭᠠᠳᠠᠨ ᠳᠠᠶᠢᠰᠤᠨ ᠲᠠᠢ ᠠᠪᠤᠨ ᠬᠠᠷᠢᠭᠤᠴᠠᠭᠠᠳ ᠠᠷᠢᠭᠤᠨ ᠴᠢᠰᠦ ᠪᠠᠨ ᠬᠠᠷᠠᠮ ᠦᠬᠡᠢ ᠤᠷᠤᠰᠬᠠᠨ ᠠᠯᠳᠠᠨ ᠠᠮᠢ ᠪᠠᠨ ᠬᠠᠶᠢᠷᠠᠯᠠᠯ ᠦᠬᠡᠢ ᠦᠷᠡᠭᠳᠡᠬᠦᠯᠵᠤ ᠠᠵᠠ ᠵᠢᠷᠭᠠᠯᠳᠤ ᠨᠡᠶᠢᠬᠡᠮ ᠢ ᠠᠪᠴᠢᠷᠠᠭᠰᠠᠨ ᠁ ᠪᠠᠭ᠋ᠠᠷᠠᠨ ᠪᠢᠰᠢᠷᠡᠬᠦᠰᠢᠳᠡᠢ ᠤᠯᠠ ᠮᠦᠷ ᠢ ᠴᠢᠨᠢ ᠡᠪᠴᠢᠬᠦᠨ ᠳᠤ ᠪᠠᠨ ᠳᠠᠮᠠᠭᠠᠯᠠᠨ ᠴᠡᠬᠡᠵᠢᠯᠡᠵᠤ ᠶᠠᠪᠤᠨᠠᠮ ᠪᠠᠯᠠᠷᠠᠰᠢ ᠦᠬᠡᠢ ᠠᠯᠳᠠᠷ ᠭᠠᠪᠢᠶ᠎ᠠ ᠶᠢ ᠴᠢᠨᠢ ᠡᠯᠢᠬᠡᠨ ᠳᠤ ᠪᠠᠨ ᠰᠡᠶᠢᠯᠤᠨ ᠳᠤᠷᠠᠰᠬᠠᠵᠤ ᠪᠡᠯᠬᠡᠯᠡᠨᠡᠮ              ᠵᠤᠬᠢᠶᠠᠭᠴᠢ᠄  ᠳᠤᠭᠴᠢ ᠯᠤᠪᠰᠠᠩ ︵鲁布森  ᠂  ᠭᠠᠷ ᠤᠳᠠᠰᠤ᠄  136 1487 6979᠂       ᠬᠠᠶ᠋ᠢᠭ᠄  ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ  ︵乌审旗蒙古族实验小学︶᠂ ᠰᠢᠤᠳᠠᠨ ᠨᠤᠮᠧᠷ᠄ 017300    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号