ᠴᠦᠨ ᠴᠢᠦ ᠶᠢᠨ  ᠰᠡᠭᠦᠯᠴᠢ ᠶᠢᠨ  ᠦᠶ᠎ᠡ᠂  ᠪᠠᠶᠢᠯᠳᠤᠭᠠᠳᠤ ᠤᠯᠤᠰ ᠤᠨ  ᠡᠬᠢᠨ  ᠤ ᠦᠶ᠎ᠡ ᠶᠢᠨ  ᠰᠢᠷ᠎ᠠ ᠦᠨᠳᠤᠷ ᠤᠨ  ᠡᠷᠳᠡᠨ  ᠬᠦᠮᠦᠨ  ᠰᠦᠷᠦᠭ  ︵  ᠭᠤᠷᠪᠠ ︶
ᠨᠡᠶᠢᠲᠡᠯᠡᠭᠰᠡᠨ ᠴᠠᠭ᠄
2020/8/11
ᠬᠤᠶᠠᠷ  ᠄ ᠠᠵᠤ ᠠᠬᠤᠢ ᠶᠢᠨ ᠬᠡᠯᠪᠡᠷᠢ ᠵᠢᠩ  ᠭᠧᠦ  ᠽᠢ ᠤᠩᠭᠤᠨ   ᠤ ᠰᠦᠷᠦᠭ ᠲᠤ  ᠠᠮᠢᠳᠠᠨ  ᠠᠷᠢᠶᠠᠳᠠᠨ ᠢ  ᠭᠡᠷᠡᠭᠯᠡᠭᠰᠡᠨ  ᠪᠠᠶᠢᠳᠠᠯ ᠶᠡᠭᠡ ᠲᠦᠭᠡᠮᠡᠯ ᠃  ᠠᠮᠢᠳᠠᠨ ᠢᠶᠠᠷ ᠲᠠᠬᠢᠭᠰᠠᠨ  ᠤᠩᠭᠤᠨ ᠨᠢ ᠪᠦᠭᠦᠶᠢᠯᠡ ᠤᠩᠭᠤᠨ ᠤ     ︵86.21%) ᠬᠠᠷᠢᠴᠠᠯ ᠨᠢ  ᠵᠡᠷᠭᠡᠯᠡᠳᠡᠭᠡ ᠤᠷᠤᠰᠢᠭᠰᠠᠨ  ᠵᠢᠢ ᠪᠧᠢ ᠱᠠᠨ   ᠤ  ᠬᠡᠳᠦᠨ  ᠲᠤᠮᠤ ᠬᠡᠯᠪᠡᠷᠢ ᠶᠢᠨ  ᠵᠡᠭᠦᠨ ᠵᠧᠦ ᠶᠢᠨ  ᠦᠶ᠎ᠡ ᠶᠢᠨ  ᠤᠩᠭᠤᠨ᠂ ᠱᠦᠢ ᠴᠢᠤᠸᠠᠨ  ᠭᠠᠵᠠᠷ  ᠂  ᠫᠢᠭ ᠶᠠᠩ ᠲᠤᠭᠤᠰᠬᠠᠨ ᠦᠢᠯᠡᠳᠪᠤᠷᠢ ᠶᠢᠨ  ᠬᠡᠳᠦᠨ ᠲᠤᠮᠤ ᠤᠩᠭᠤᠨ  ᠤ ᠰᠦᠷᠦᠭ   ᠠᠴᠠ  ᠮᠡᠳᠡᠭᠳᠡᠮ᠎ᠡ ᠦᠨᠳᠤᠷ  ᠪᠠᠶᠢᠵᠤ᠂  ᠤᠷᠳᠤ ᠴᠠᠭᠠᠨ ᠭᠡᠷᠡᠮ ᠤᠨ  ᠪᠠᠷᠠᠭᠤᠨ  ᠲᠠᠯ᠎ᠠ ᠳᠤ ᠪᠠᠶᠢᠷᠰᠢᠭᠰᠠᠨ  ᠯᠢᠶᠠᠩ ᠴᠧᠩ  ᠭᠦᠸᠧ ᠰᠢᠶᠠᠨ   ᠤ ᠵᠤᠭᠤᠷᠢ᠂   ᠪᠤᠭᠤᠳᠤ ᠶᠢᠨ  ᠰᠢ ᠶᠤᠸᠠᠨ  ᠂ ᠭᠦ᠋  ᠶᠤᠸᠠᠨ  ᠶᠠᠩ ᠯᠠᠩ  ᠮᠠ ᠵᠤᠸᠠᠩ  ᠂  ᠫᠧᠩ ᠪᠤᠤ ᠶᠢᠨ  ᠢᠦᠢ ᠵᠢᠶᠠ ᠵᠤᠸᠠᠩ ᠤᠩᠭᠤᠨ   ᠤ   ᠲᠠᠢ  ᠬᠠᠷᠢᠴᠠᠯ ᠪᠠᠷ ᠲᠡᠩᠴᠡᠭᠦᠦ ᠪᠠᠶᠢᠪᠠ᠃  ᠬᠡᠷᠡᠭᠯᠡᠰᠡᠨ ᠮᠠᠯ ᠨᠢ ᠦᠭᠡᠷ  ᠂ ᠮᠤᠷᠢ᠂  ᠬᠤᠨᠢ᠂  ᠡᠯᠵᠢᠭᠡ᠂  ᠯᠠᠭᠤᠰᠠ ᠵᠡᠷᠭᠡ ᠲᠠᠪᠤᠨ ᠲᠦᠷᠦᠯ  ᠪᠠᠶᠢᠵᠤ᠂  ᠪᠦᠬᠦᠨ ᠢᠶᠠᠷ ᠢᠶᠠᠨ ᠪᠡᠯᠴᠢᠭᠡᠷ ᠲᠤ ᠬᠠᠷᠢᠭᠤᠯᠵᠤ ᠪᠤᠯᠬᠤ ᠠᠮᠢᠳᠠᠨ ᠪᠠᠶᠢᠪᠠ  ᠃  ᠤᠨᠴᠠᠭᠠᠶᠢᠯᠠᠨ  ᠮᠤᠷᠢ ᠶᠢᠨ  ᠲᠤᠭ᠎ᠠ ᠨᠢ ᠤᠯᠠᠨ  ᠂ ᠲᠠᠷᠠᠭᠠᠯᠠᠪᠠᠯ ᠦᠭᠡᠷ᠂  ᠬᠤᠨᠢ᠂   ᠡᠯᠵᠢᠭᠡ  ᠪᠠᠶᠢᠵᠤ᠂ ᠯᠠᠭᠤᠰᠠ  ᠬᠠᠮᠤᠭ ᠴᠦᠭᠡᠨ  ᠃  ᠮᠠᠯ ᠤᠨ  ᠪᠦᠷᠢᠯᠳᠤᠴᠨ ᠨᠢ ᠦᠵᠡᠪᠡᠯ  ᠶᠡᠭᠡ ᠬᠡᠪᠴᠢᠶ᠎ᠡ ᠪᠠᠷ ᠨᠡᠭᠦᠳᠡᠯᠯᠡᠨ ᠮᠠᠯᠵᠢᠵᠤ ᠪᠠᠶᠢᠭᠰᠠᠨ  ᠠᠵᠤ ᠠᠬᠤᠢ ᠶᠢᠨ  ᠬᠡᠯᠪᠡᠷᠢ ᠲᠠᠢ ᠵᠤᠬᠢᠷᠠᠯᠴᠠᠨ᠎ᠠ  ᠃ ᠤᠩᠭᠤᠨ ᠠᠴᠠ  ᠪᠠᠰᠠ  ᠨᠤᠬᠠᠢ ᠶᠢᠨ  ᠶᠠᠰᠤ 2 ᠤᠯᠳᠠᠭᠳᠠᠵᠤ᠂  ᠨᠤᠬᠠᠢ ᠨᠢ ᠮᠠᠯ ᠬᠠᠷᠢᠭᠤᠯᠬᠤ ᠦᠶᠡᠰ  ᠡᠵᠡᠨ ᠤ ᠪᠠᠨ  ᠬᠦᠴᠦᠳᠠᠢ  ᠬᠠᠪᠰᠤᠷᠠᠯᠭ᠎ᠠ ᠪᠠᠶᠢᠭᠰᠠᠨ ᠢ  ᠭᠡᠷᠡᠴᠢᠯᠡᠵᠦ ᠪᠤᠯᠤᠨ᠎ᠠ᠃  ᠤᠩᠭᠤᠨ   ᠭᠠᠭ᠋ᠠᠢ   ᠶᠢᠨ  ᠶᠠᠰᠤ ᠤᠯᠳᠠᠭᠳᠠᠭᠰᠠᠨ ᠦᠭᠡᠢ  ᠂ ᠪᠠᠰᠠ ᠶᠠᠮᠠᠷ ᠨᠢᠭᠡᠨ  ᠲᠠᠷᠢᠶᠠᠯᠠᠩ ᠤᠨ  ᠬᠠᠮᠢᠶ᠎ᠠ ᠪᠦᠬᠦᠢ  ᠦᠢᠯᠡᠳᠪᠤᠷᠢᠯᠡᠯ ᠤᠨ  ᠪᠠᠭᠠᠵᠢ  ᠪᠤᠶᠤ ᠲᠠᠷᠢᠶᠠᠯᠠᠩ ᠤᠨ  ᠪᠦᠳᠦᠭᠡᠭᠳᠡᠭᠦᠨ  ᠤᠯᠳᠠᠳᠠᠭᠰᠠᠨ ᠦᠭᠡᠢ ᠪᠠᠶᠢᠵᠤ  ᠲᠤᠬᠠᠢ ᠶᠢᠨ  ᠦᠶ᠎ᠡ ᠳᠤ ᠮᠠᠯ ᠠᠵᠤ ᠠᠬᠤᠢ ᠨᠢ  ᠠᠵᠤ ᠠᠬᠤᠢ ᠠᠮᠢᠳᠦᠷᠠᠯ  ᠲᠤᠮᠳᠠ  ᠭᠤᠤᠯᠯᠠᠬᠤ  ᠪᠠᠶᠢᠷᠢ ᠰᠠᠭᠤᠷᠢ   ᠳᠤ ᠪᠠᠶᠢᠭᠰᠠᠨ ᠢ  ᠬᠠᠷᠠᠭᠤᠯᠪᠠ᠃ ᠪᠠᠰᠠ ᠡᠷᠭᠡᠪᠰᠢ ᠠᠩᠬᠠᠷᠤᠭᠤᠰᠢᠳᠠᠢ ᠨᠢ  ᠬᠤᠭᠤᠴᠠᠭ᠎ᠠ ᠬᠤᠪᠢᠶᠠᠭᠰᠠᠨ  ᠦᠷ᠎ᠡ ᠳ᠋ᠦᠩ  ᠬᠢᠭᠡᠳ    ᠴᠠᠭ ᠦᠶ᠎ᠡ   ᠶᠢᠨ  ᠬᠠᠷᠢᠴᠠᠭᠤᠯᠦᠯ ᠠᠴᠠ ᠦᠵᠡᠪᠡᠯ  ᠂ ᠡᠨᠡᠬᠦ  ᠬᠡᠰᠡᠭ  ᠤᠩᠭᠤᠨ  ᠶᠡᠭᠡ  ᠲᠦᠯᠦᠪ ᠤᠬᠤᠷ ᠬᠤᠭᠤᠴᠠᠭᠠᠨ ᠳᠤ ᠪᠦᠷᠢᠯᠳᠤᠵᠤ  ᠪᠠᠰᠠ ᠨᠡᠯᠢᠶᠡᠳ ᠤᠷᠳᠤ ᠬᠤᠭᠤᠴᠠᠭ᠎ᠠ ᠦᠷᠬᠦᠯᠵᠢᠯᠡᠵᠠᠢ  ᠃ ᠤᠩᠭᠤᠨ ᠠᠴᠠ  ᠭᠠᠷᠤᠭᠰᠠᠨ ᠱᠠᠭᠠᠵᠠᠩ  ᠬᠡᠷᠡᠭᠰᠡᠯ  ᠬᠡᠯᠪᠡᠷᠢ  ᠪᠢᠷ᠎ᠠ ᠨᠢ  ᠨᠡᠯᠢᠶᠡᠳ ᠪᠦᠳᠦᠭᠦᠨ  ᠱᠠᠭᠠᠵᠠᠩ  ᠪᠤᠳᠤᠩ ᠪᠠᠷ  ᠭᠤᠤᠯᠠᠯᠨ  ᠦᠷᠬᠦᠯᠵᠢ  ᠨᠡᠭᠦᠨ ᠰᠠᠭᠤᠬᠤ ᠳᠤ ᠵᠤᠬᠢᠷᠠᠬᠤ ᠦᠭᠡᠢ ᠨᠢ ᠢᠯᠡᠷᠡᠬᠢ᠂  ᠬᠡᠳᠦᠶᠢᠪᠡᠷ  ᠤᠳᠤᠬᠠᠨ ᠳᠤ  ᠤᠩᠭᠤᠨ ᠤ ᠰᠦᠷᠦᠭ ᠤᠨ  ᠤᠷᠴᠢᠮ ᠢᠶᠠᠷ  ᠤᠩᠭᠤᠨ ᠲᠠᠢ ᠠᠳᠠᠯᠢ ᠬᠤᠭᠤᠴᠠᠭᠠᠨ ᠤ  ᠬᠦᠮᠦᠨ ᠰᠠᠭᠤᠷᠢᠰᠢᠬᠤ ᠤᠷᠤᠨ ᠢ  ᠤᠯᠳᠠᠭ᠎ᠠ ᠦᠭᠡᠢ ᠪᠤᠯᠪᠠᠴᠦ  ᠂ ᠪᠢᠳᠡ   ᠬᠠᠨᠳᠤᠯᠭ᠎ᠠ ᠲᠠᠢ ᠪᠠᠷ ᠲᠤᠬᠠᠢ ᠶᠢᠨ ᠤᠷᠤᠨ ᠤ ᠮᠠᠯᠴᠢᠳ ᠨᠢ  ᠨᠢᠭᠡ ᠵᠦᠢᠯ ᠤᠨ  ᠤᠯᠠᠷᠢᠯ ᠤᠨ ᠴᠢᠨᠠᠷᠳᠠᠢ  ᠨᠡᠭᠦᠳᠡᠯ ᠮᠠᠯᠵᠢᠯ ᠬᠢᠵᠤ ᠪᠠᠶᠢᠭᠰᠠᠨ ᠭᠡᠵᠦ  ᠲᠥᠯᠬᠢᠨ ᠪᠤᠳᠤᠵᠤ ᠪᠤᠯᠤᠨ᠎ᠠ  ᠃  ᠤᠩᠭᠤᠨ ᠤ ᠪᠠᠭᠤᠷᠠᠢ ᠶᠢᠨ ᠠᠭᠤᠯᠠᠨ ᠭᠤᠤ   ᠶᠢᠨ ᠬᠢᠷ᠎ᠠ ᠨᠢ  ᠰᠠᠯᠬᠢᠨ ᠠᠴᠠ  ᠲᠠᠯᠳᠠᠯᠠᠨ  ᠂ ᠨᠠᠷᠠᠨ ᠵᠦᠭ ᠬᠠᠨᠳᠤᠵᠤ  ᠂ ᠪᠤᠯᠠᠭ ᠤᠨ  ᠤᠰᠤ ᠲᠠᠢ ᠤᠶᠢᠷᠬᠠᠨ  ᠂ ᠤᠳᠤᠬᠠᠨ ᠤ ᠰᠢᠨᠵᠢᠶᠠᠩ  ᠤᠷᠤᠨ ᠤ  ᠮᠠᠯᠴᠢᠳ ᠤᠨ  ᠰᠠᠭᠤᠷᠢᠰᠢᠭ᠎ᠠ  ︽ᠡᠪᠦᠯᠵᠢᠶ᠎ᠡ  ︾ ᠶᠢᠨ ᠪᠠᠶᠢᠷᠢ ᠰᠤᠩᠭᠤᠵᠤ ᠪᠠᠶᠢᠭ᠎ᠠ ᠲᠠᠢ  ᠠᠳᠠᠯᠢᠪᠳᠤᠷ  ᠂ ᠪᠠᠭᠤᠴᠠᠨ ᠳᠤ ᠡᠩ  ᠤᠨ ᠴᠠᠭ ᠲᠠᠭᠠᠨ ᠭᠦᠭᠰᠢᠨ ᠲᠤᠷᠦᠢ ᠬᠡᠦᠭᠡᠳ  ᠨᠢᠯᠬ᠎ᠠ  ᠡᠮᠡᠰ ᠬᠡᠦᠭᠡᠳ  ᠰᠠᠭᠤᠷᠢᠰᠢᠵᠤ  ᠂ ᠡᠪᠦᠯ ᠪᠤᠯᠬᠤ ᠳᠤ  ᠮᠠᠯ ᠰᠦᠷᠦᠩ ᠤᠨ  ᠡᠪᠦᠯᠵᠢᠬᠦ  ᠲᠠᠯᠠᠪᠤᠷ ᠪᠤᠯᠵᠤ ᠪᠤᠯᠤᠨ᠎ᠠ᠃ ᠤᠩᠭᠤᠨ   ᠠᠴᠠ ᠤᠯᠳᠠᠭᠰᠠᠨ  ᠵᠡᠷᠯᠢᠭ  ᠠᠷᠢᠶᠠᠳᠠᠨ ᠤ  ᠶᠠᠰᠤ ᠶᠢ  ᠬᠢᠨᠠᠨ ᠲᠤᠭᠳᠠᠭᠠᠯᠳᠠ ᠪᠠᠷ  ᠲᠠᠮᠵᠢᠨ  ᠪᠤᠭᠤ  ᠂  ᠠᠷᠠᠳᠤ᠂  ᠦᠨᠡᠭᠡ   ᠤᠨ  ᠶᠠᠰᠤ ᠪᠤᠯᠬᠤ ᠶᠢ ᠨᠤᠳᠠᠯᠠᠵᠠᠢ᠃  ᠡᠭᠦᠨ ᠤ ᠵᠡᠷᠭᠡᠪᠡᠷ ᠪᠠᠰᠠ  ᠤᠰᠤᠨ ᠳᠤ ᠠᠮᠢᠳᠦᠷᠠᠳᠠᠭ  ᠡᠪᠡᠷ ᠨᠢᠷᠤᠭᠤ ᠲᠠᠢ  ᠬᠢᠰᠤᠭ᠎ᠠ ᠪᠠ  ᠴᠡᠩᠭᠡ ᠤᠰᠤᠨ   ᠤ  ᠬᠠᠪ  ᠂  ᠵᠡᠷᠭᠡ ᠶᠢᠨ  ᠶᠠᠰᠤ ᠢᠯᠠᠷᠡᠠᠵᠢ  ᠃  ᠡᠭᠦᠨ ᠤ ᠵᠡᠷᠭᠡᠪᠡᠷ  ᠤᠩᠭᠤᠨ ᠲᠤᠳᠤᠷ᠎ᠠ ᠠᠴᠠ  ᠤᠯᠠᠨ ᠲᠤᠭᠠᠨ ᠤ  ᠮᠠᠯ ᠤᠨ  ᠶᠠᠰᠤ ᠪᠠᠷ ᠦᠢᠯᠡᠳᠦᠭᠰᠡᠨ ᠪᠠᠭᠠᠵᠢ  ᠤᠨᠴᠠᠭᠠᠶᠢᠯᠠᠨ  ᠮᠤᠷᠢ᠂ ᠪᠤᠭᠤ ᠶᠢᠨ  ᠶᠠᠰᠤ ᠪᠠᠷ ᠦᠢᠯᠡᠳᠦᠭᠰᠡᠨ  ᠶᠠᠰᠤᠨ ᠵᠡᠪᠰᠡᠭ  ᠭᠠᠷᠴᠠᠢ᠃  ᠡᠷ᠎ᠡ ᠬᠦᠢᠰᠤᠳᠡᠨ   ᠤ ᠤᠩᠭᠤᠨ ᠳᠤ ᠨᠡᠶᠢᠳᠡᠮ ᠳᠤ  ᠶᠠᠰᠤᠨ  ᠰᠡᠷᠡᠭᠡ ᠲᠠᠭᠠᠭᠤᠯᠤᠨ  ᠤᠷᠤᠰᠢᠭᠤᠯᠤᠭᠰᠠᠨ ᠨᠢ  ᠵᠢᠭᠠᠰᠤ ᠠᠩᠨᠠᠬᠤ ᠠᠮᠢᠳᠦᠷᠠᠯ ᠨᠢ ᠲᠤᠬᠠᠢ ᠶᠢᠨ ᠦᠶ᠎ᠡ ᠶᠢᠨ  ᠰᠠᠭᠤᠭᠠᠯᠢ ᠠᠷᠠᠳ ᠤᠨ  ᠠᠵᠦ ᠠᠮᠢᠳᠦᠷᠠᠯ ᠤᠨ  ᠴᠢᠬᠤᠯᠠ ᠨᠢᠭᠡᠨ ᠪᠦᠷᠢᠯᠳᠤᠭᠦᠨ ᠬᠡᠰᠡᠭ ᠪᠤᠯᠬᠤ ᠶᠢ  ᠬᠠᠷᠠᠭᠤᠯᠵᠠᠢ᠃ ᠮᠠᠯ ᠠᠵᠤ ᠠᠬᠤᠢ  ᠂ ᠵᠢᠭᠠᠰᠤ ᠠᠩᠨᠠᠬᠤ   ᠠᠴᠠ ᠭᠠᠳᠠᠨ᠎ᠠ ᠪᠠᠰᠠ  ᠱᠠᠭᠠᠵᠠᠩ ᠦᠢᠯᠡᠳᠬᠦ  ᠂  ᠬᠦᠷᠡᠯ ᠴᠢᠳᠬᠤᠬᠤ᠂  ᠶᠠᠰᠤᠨ ᠵᠡᠪᠰᠡᠭ ᠦᠢᠯᠡᠳᠬᠦ  ᠵᠡᠷᠭᠡ ᠭᠠᠷ ᠤᠷᠠᠯᠠᠯ ᠪᠤᠢ  ᠪᠤᠯᠵᠤ ᠠᠵᠤ ᠠᠬᠤᠢ ᠢ  ᠠᠮᠢᠳᠦᠷᠠᠯ ᠲᠤᠮᠳᠠ  ᠴᠢᠬᠤᠯᠠ  ᠠᠭᠤᠯᠠᠭ᠎ᠠ ᠪᠤᠯᠵᠠᠢ  ᠃ ᠶᠡᠷᠦᠩᠬᠢ ᠳᠤ ᠨᠢ ᠦᠵᠡᠪᠡᠯ  ᠵᠢᠩ ᠭᠸᠦ ᠽᠢ  ᠲᠦᠷᠦᠯ ᠵᠦᠢᠯ ᠤᠨ  ᠤᠩᠭᠤᠨ ᠤ  ᠤᠷᠤᠰᠢᠭᠤᠯᠭ᠎ᠠ ᠨᠢ  ᠠᠵᠤ ᠠᠬᠤᠢ ᠶᠢᠨ ᠬᠡᠯᠪᠡᠷᠢ ᠪᠠᠶᠢᠳᠠᠯ ᠢ  ᠲᠤᠰᠬᠠᠵᠤ  ᠂ ᠤᠯᠠᠭᠠᠨᠬᠠᠳᠠ ᠬᠤᠳᠠ ᠤᠷᠤᠨ ᠤ  ᠤᠨ ᠵᠢᠯ ᠢᠶᠠᠷ ᠲᠡᠭᠦᠨ ᠠᠴᠠ ᠡᠷᠳᠡ  ᠡᠷᠳᠡᠨ ᠤ  ᠬᠠᠶᠢᠨ ᠰᠢᠨᠵᠢᠯᠡᠭᠡᠨ ᠤ ᠰᠤᠶᠤᠯ ᠠᠴᠠ   ᠢᠯᠭᠠᠭᠠᠳᠠᠵᠤ  ᠂ ᠠᠳᠠᠯᠢ ᠬᠤᠭᠤᠴᠠᠭᠠᠨ ᠤ  ᠶᠡᠭᠡ ᠬᠡᠯᠪᠡᠷᠢ ᠶᠢᠨ  ᠠᠳᠠᠯᠢ ᠬᠡᠪᠴᠢᠶᠡᠨ ᠤ  ᠱᠦᠢ ᠴᠢᠤᠸᠠᠨ ᠰᠤᠶᠤᠯ     ᠲᠠᠢ ᠠᠳᠠᠯᠢ ᠪᠤᠰᠤ  ᠪᠠᠶᠢᠳᠠᠭ ᠨᠢ  ᠡᠨᠡᠬᠦ ᠤᠷᠤᠨ ᠤ  ᠡᠷᠳᠡᠨ ᠤ ᠬᠠᠶᠢᠨ ᠰᠢᠨᠵᠢᠯᠡᠭᠡᠨ   ᠢᠶᠠᠷ  ᠢᠯᠠᠷᠡᠭᠦᠯᠦᠭᠰᠡᠨ ᠨᠢᠭᠡ ᠵᠦᠢᠯ ᠠᠵᠤ ᠠᠬᠤᠢ ᠶᠢᠨ  ᠲᠦᠷᠦᠯ ᠵᠦᠢᠯ ᠮᠦᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号