ᠨᠢᠭᠡ᠄ ᠢᠵᠠᠭᠤᠷ ᠤᠩᠭᠤᠨ ᠤ ᠤᠨᠴᠠᠯᠢᠭ | 58 ᠤᠩᠭᠤᠨ ᠬᠢᠭᠡᠳ ᠠᠳᠠᠯᠢ ᠬᠤᠭᠤᠴᠠᠭᠠᠨ ᠤ 2 ᠦᠨᠡᠰᠤᠨ ᠨᠦᠭᠡ ᠨᠢ ᠠᠭᠤᠯᠠᠨ ᠬᠢᠷ᠎ᠠ ᠶᠢᠨ ᠦᠨᠳᠤᠷ | ᠶᠢᠨ ᠬᠡᠮᠵᠢᠶ᠎ᠡ ᠨᠢ ᠠᠳᠠᠯᠢᠪᠳᠤᠷ ᠭᠠᠵᠠᠷ ᠲᠤ ᠵᠡᠷᠭᠡᠴᠡᠨ ᠪᠠᠶᠢᠷᠢᠰᠢᠵᠤ᠂ ᠲᠠᠷᠬᠠᠯᠳᠠ ᠨᠢ ᠡᠮᠬᠢ ᠵᠢᠷᠦᠮ ᠲᠡᠰ | ᠲᠠᠷᠠᠭ᠎ᠠ ᠲᠠᠢ᠂ ᠤᠩᠭᠤᠨ ᠨᠢ ᠪᠦᠬᠦᠳᠡᠭᠡᠷ ᠪᠠᠷᠠᠭᠤᠨ ᠬᠤᠶᠢᠨ᠎ᠠ ᠠᠴᠠ ᠵᠡᠭᠦᠨ ᠡᠮᠦᠨᠡᠰᠢ ᠬᠠᠷᠠᠴᠨ ᠲᠠᠢ ᠂ | ᠪᠤᠰᠤᠭ᠎ᠠ ᠴᠤᠭᠴᠠᠯᠠᠭᠰᠠᠨ ᠰᠢᠷᠦᠢ ᠶᠢᠨ ᠨᠦᠭᠡ ᠪᠠᠶᠢᠪᠠ᠃ ᠬᠠᠪᠳᠠᠭᠠᠢ ᠨᠢᠭᠤᠷ ᠨᠢ ᠤᠯᠠᠩᠬᠢ ᠨᠢ | ᠵᠤᠤᠪᠠᠩ ᠤᠷᠳᠤ ᠲᠦᠷᠪᠡᠯᠵᠢᠨ ᠬᠡᠯᠪᠡᠷᠢᠳᠠᠢ ᠪᠤᠶᠤ ᠱᠠᠳᠤᠯᠵᠢᠨ ᠬᠡᠯᠪᠡᠷᠢ ᠲᠠᠢ᠂ ᠤᠯᠠᠩᠬᠢ ᠨᠢ 200 — | 230 ᠰᠡᠨᠲ᠋ᠢᠮᠧᠲᠷ ᠤᠷᠳᠤ ᠂ 60 — 80 ᠰᠡᠨᠲ᠋ᠢᠮᠧᠲᠷ ᠦᠷᠭᠡᠨ ᠂ ᠬᠠᠭᠤᠴᠢᠳ ᠤᠨ ᠠᠮᠰᠠᠷ ᠠᠴᠠ | ᠢᠷᠦᠭᠠᠷ ᠬᠦᠷᠳᠡᠯ᠎ᠡ 50 —110 ᠰᠡᠨᠲ᠋ᠢᠮᠧᠲᠷ ᠬᠦᠨ᠃ ᠵᠠᠷᠢᠮ ᠬᠠᠭᠤᠴᠢᠳ ᠤᠨ ᠨᠦᠭᠡ ᠨᠢ ᠲᠡᠷᠢ | ᠲᠡᠭᠰᠢ ᠃ ᠬᠤᠶᠠᠳᠤᠠᠭᠠᠷ ᠲᠠᠪᠬᠤᠷᠠᠭᠠ ᠪᠠ ᠰᠠᠳᠠᠭᠠᠯᠠᠭᠰᠠᠨ ᠪᠠᠭᠠᠵᠢ ᠬᠠᠷᠠᠭᠳᠠᠭᠰᠠᠨ ᠦᠭᠡᠢ᠃ | 58 ᠤᠩᠭᠤᠨ ᠤ ᠲᠤᠮᠳᠠ M1 ᠨᠢ ᠲᠤᠨᠤᠭᠳᠠᠵᠤ᠂ M8 ᠂ M9 ᠵᠡᠷᠭᠡ ᠬᠠᠳᠠᠭᠠᠯᠠᠭᠳᠠᠭᠰᠠᠨ ᠢᠶᠠᠷ | ᠲᠤᠩ ᠮᠠᠭᠤ ᠂ ᠪᠤᠰᠤᠳ 55 ᠤᠩᠭᠤᠨ ᠨᠢ ᠵᠦᠭᠡᠷ ᠰᠢᠭ ᠬᠠᠳᠠᠭᠠᠯᠠᠭᠳᠠᠭᠰᠠᠨ ᠪᠤᠯᠪᠠᠴᠦ ᠵᠦᠪᠭᠡᠨ 4 | ᠤᠩᠭᠤᠨ ᠨᠢ ᠬᠦᠮᠦᠨ ᠳᠤ ᠲᠦᠢᠪᠡᠭᠳᠡᠭᠰᠡᠨ ᠦᠭᠡᠢ ᠂ 51 ᠨᠢ ᠪᠤᠰᠤᠳ ᠬᠦᠮᠦᠰ ᠲᠤ ᠤᠩᠬᠢᠴᠠᠭᠳᠠᠵᠤ | ᠦᠩᠭᠡᠷᠡᠵᠠᠢ᠃ ᠵᠠᠷᠢᠮ ᠨᠢ ᠪᠦᠷᠢᠮᠦᠰᠤᠨ ᠤᠩᠬᠢᠴᠠᠭᠳᠠᠭᠰᠠᠨ ᠪᠤᠶᠤ ᠵᠠᠷᠢᠮ ᠨᠢ ᠪᠤᠰᠤᠳ ᠲᠤ | ᠭᠡᠰᠡᠭ ᠪᠦᠯᠦᠭ ᠨᠢ ᠤᠩᠬᠢᠴᠠᠭᠳᠠᠵᠠᠢ᠃ ᠵᠠᠷᠢᠮ ᠨᠢ ᠲᠡᠭᠡᠷ᠎ᠡ ᠬᠠᠭᠠᠰ ᠪᠡᠶ᠎ᠡ ᠨᠢ ᠬᠦᠳᠡᠯᠭᠡᠭᠳᠡᠵᠦ ᠂ | ᠲᠤᠤᠷ᠎ᠠ ᠬᠠᠭᠠᠰ ᠪᠡᠶ᠎ᠡ ᠨᠢ ᠦᠯᠦ ᠬᠦᠳᠡᠯᠦᠭᠳᠡᠭᠰᠡᠨ ᠦᠭᠡᠢ ᠪᠠᠶᠢᠳᠠᠯ ᠬᠠᠷᠢᠨ ᠤᠯᠠᠨ᠃ ᠬᠦᠮᠦᠨ ᠤ ᠶᠠᠰᠤ | ᠪᠤᠶᠤ ᠵᠠᠷᠢᠮ ᠰᠠᠳᠠᠭᠠᠯᠠᠭᠰᠠᠨ ᠪᠤᠳᠠᠰ ᠨᠢ ᠤᠩᠭᠤᠨ ᠤ ᠢᠷᠦᠭᠠᠷ ᠲᠤ ᠪᠤᠳᠠᠷᠠᠨ ᠰᠠᠴᠤᠭᠳᠠᠬᠤ ᠪᠤᠶᠤ ᠰᠢᠷᠦᠢ ᠳᠤ | ᠬᠤᠯᠢᠯᠳᠤᠵᠠᠢ᠃ ᠤᠩᠭᠤᠨ ᠤ ᠲᠤᠳᠤᠷᠠᠬᠢ ᠬᠡᠭᠦᠷ ᠶᠠᠰᠤ ᠨᠢ ᠲᠤᠳᠠᠭᠤ ᠵᠡᠷᠡᠮᠳᠡᠭ ᠪᠤᠶᠤ ᠪᠤᠰᠤᠳ ᠶᠠᠮᠠᠷ | ᠨᠢᠭᠡᠨ ᠶᠠᠰᠤ ᠭᠠᠷᠴᠦ ᠢᠷᠡᠳᠡᠭ ᠨᠢ ᠶᠡᠷᠦ ᠶᠢᠨ ᠦᠵᠡᠭᠳᠡᠯ ᠪᠠᠶᠢᠳᠠᠭ᠃ ᠡᠳᠡᠭᠡᠷ ᠤᠩᠭᠤᠨ ᠤ ᠲᠤᠳᠤᠷ᠎ᠠ | ᠭᠠᠭᠴᠨ ᠬᠦᠮᠦᠨ ᠤ ᠲᠤᠰᠭᠠᠷ ᠤᠩᠭᠤᠨ ᠪᠠᠶᠢᠬᠤ ᠪᠤᠶᠤ ᠵᠠᠷᠢᠮ ᠨᠢ ᠬᠤᠶᠠᠷ ᠬᠦᠮᠦᠨ ᠂ ᠤᠯᠠᠨ ᠬᠦᠮᠦᠨ ᠤ | ᠤᠩᠭᠤᠨ ᠴᠦ ᠪᠠᠶᠢᠳᠠᠭ᠃ ᠡᠭᠦᠨ ᠳᠤ ᠭᠠᠭᠴᠨ ᠬᠦᠮᠦᠨ ᠤ ᠤᠩᠭᠤᠨ 21 ᠪᠠᠶᠢᠵᠤ ᠂ 36.2 % ᠢ ᠡᠵᠡᠯᠡᠵᠦ | ᠂ ᠬᠤᠶᠠᠷ ᠬᠦᠮᠦᠨ ᠤ ᠤᠩᠭᠤᠨ 12 ᠪᠠᠶᠢᠵᠤ ᠂ 20.7% ᠶᠢ ᠡᠵᠡᠯᠡᠨ᠎ᠡ᠃ ᠤᠯᠠᠨ ᠬᠦᠮᠦᠨ ᠤ ᠤᠩᠭᠤᠨ | 22 ᠪᠠᠶᠢᠵᠤ᠂ 37.9% ᠶᠢ ᠡᠵᠡᠯᠡᠨ᠎ᠡ᠃ ᠴᠦᠭᠡᠨ ᠲᠤᠭᠠᠨ ᠤ ᠴᠤᠭᠭᠠᠷ ᠤᠷᠤᠰᠢᠭᠤᠯᠤᠭᠰᠠᠨ ᠤᠩᠭᠤᠨ ᠤ | ᠲᠤᠳᠤᠷ᠎ᠠ ᠭᠤᠤᠯ ᠤᠷᠤᠰᠢᠭᠤᠯᠤᠭᠰᠠᠨ ᠬᠦᠮᠦᠨ ᠤ ᠶᠠᠰᠤ ᠠᠴᠠ ᠭᠠᠳᠠᠨ᠎ᠠ ᠵᠦᠪᠭᠡᠨ ᠲᠤᠯᠤᠭᠠᠢ ᠶᠢᠨ ᠶᠠᠰᠤ | ᠶᠢᠨ ᠬᠡᠮᠭᠡᠷᠭᠡᠢ ᠪᠤᠶᠤ ᠡᠷᠡᠦ ᠶᠢᠨ ᠶᠠᠰᠤ ᠬᠠᠳᠠᠭᠠᠯᠠᠭᠳᠠᠵᠤ ᠪᠠᠶᠢᠬᠤ ᠪᠠᠷ ᠨᠢ ᠪᠤᠰᠤᠳ ᠤᠩᠭᠤᠨ ᠤ ᠬᠦᠮᠦᠨ | ᠳᠤ ᠲᠦᠢᠪᠡᠭᠳᠡᠭᠡᠰᠡᠨ ᠪᠠᠶᠢᠬᠤ ᠪᠤᠯᠤᠯᠴᠠᠭ᠎ᠠ ᠲᠠᠢ ᠭᠡᠵᠦ ᠵᠦᠢᠴᠢᠯᠡᠨᠡ᠃ ᠡᠶᠢᠮᠦ ᠠᠴᠠ ᠭᠠᠭᠴᠠᠭᠠᠷ | ᠤᠷᠤᠰᠢᠭᠤᠯᠤᠭᠰᠠᠨ ᠤᠩᠭᠤᠨ ᠤ ᠬᠠᠷᠢᠴᠠᠯ ᠨᠢ ᠨᠡᠩ ᠦᠨᠳᠤᠷ ᠪᠠᠶᠢᠵᠤ ᠮᠡᠳᠡᠨ᠎ᠡ᠃ ᠭᠡᠳᠡᠯ᠎ᠡ ᠶᠠᠭᠠᠬᠢᠯ᠎ᠠ ᠴᠦ | ᠭᠡᠰᠡᠨ ᠬᠠᠮᠳᠤᠷᠠᠭᠤᠯᠤᠨ ᠤᠷᠤᠰᠢᠭᠤᠯᠤᠭᠰᠠᠨ ᠬᠠᠷᠢᠴᠠᠯ ᠨᠢ ᠲᠤᠰᠭᠠᠷ ᠤᠷᠤᠰᠢᠭᠤᠯᠤᠭᠰᠠᠨ ᠤᠩᠭᠤᠨ ᠤ | ᠬᠠᠷᠢᠴᠠᠯ ᠠᠴᠠ ᠦᠨᠳᠤᠷ᠃ ᠬᠠᠮᠳᠤᠪᠡᠷ ᠤᠷᠤᠰᠢᠭᠤᠯᠤᠭᠰᠠᠨ ᠤᠩᠭᠤᠨ ᠤ ᠲᠤᠳᠤᠷ᠎ᠠ ᠪᠠᠰᠠ ᠢᠵᠢᠯ ᠪᠤᠰᠤ | ᠬᠦᠢᠰᠦᠳᠠᠢ ᠭᠡᠳᠦᠨ ᠲᠤᠮᠤ ᠬᠦᠮᠦᠨ ᠤ ᠬᠡᠭᠦᠷ ᠢ ᠬᠠᠮᠳᠤᠷᠠᠭᠤᠯᠤᠭᠰᠠᠨ ᠪᠤᠶᠤ ᠢᠵᠢᠯ ᠪᠡᠯᠭᠡ ᠲᠠᠢ | ᠲᠤᠮᠤ ᠬᠦᠮᠦᠨ ᠤ ᠭᠡᠭᠦᠷ ᠢ ᠴᠦ ᠨᠡᠶᠢᠯᠡᠭᠦᠯᠵᠤ ᠤᠷᠤᠰᠢᠭᠤᠯᠵᠤ᠂ ᠴᠦᠭᠡᠨ ᠭᠡᠳᠦ ᠨᠢ ᠪᠠᠰᠠ ᠲᠤᠮᠤ | ᠬᠦᠮᠦᠨ ᠬᠢᠭᠡᠳ ᠭᠡᠦᠭᠡᠳ ᠢ ᠬᠠᠮᠳᠤ ᠤᠷᠤᠰᠢᠭᠤᠯᠤᠭᠰᠠᠨ ᠪᠠᠶᠢᠨ᠎ᠠ᠃ ᠤᠯᠠᠨ ᠵᠦᠢᠯ ᠤᠨ ᠬᠠᠮᠳᠤᠪᠠᠷ | ᠤᠷᠤᠰᠢᠭᠤᠯᠤᠭᠰᠠᠨ ᠤᠩᠭᠤᠨ ᠤ ᠲᠡᠯᠭᠡᠷᠡᠵᠦ ᠪᠠᠶᠢᠭᠰᠠᠨ ᠪᠠᠶᠢᠳᠠᠯ ᠨᠢ ᠡᠳᠡᠭᠡᠷ ᠪᠦᠯᠦᠭ ᠬᠦᠮᠦᠨ ᠤ ᠪᠠᠳᠤ | ᠪᠠᠬᠢ ᠴᠢᠰᠤᠨ ᠲᠦᠷᠦᠯ ᠤᠨ ᠬᠠᠷᠢᠴᠠᠭ᠎ᠠ ᠪᠦᠷᠢᠯᠳᠤᠭ᠍ᠰᠡᠨ ᠢ ᠬᠠᠷᠠᠭᠤᠯᠵᠤ ᠪᠠᠶᠢᠨ᠎ᠠ᠃ ᠵᠠᠷᠢᠮ ᠤᠩᠭᠤᠨ ᠤ | ᠲᠤᠳᠤᠷ᠎ᠠ ᠴᠦᠭᠡᠨ ᠲᠤᠭᠠᠨ ᠤ ᠬᠠᠯᠢᠭᠰᠠᠳ ᠨᠢ ᠬᠡᠪ ᠤᠨ ᠪᠤᠰᠤ ᠪᠠᠶᠢᠳᠠᠯ ᠢᠶᠠᠷ ᠦᠬᠦᠵᠠᠢ᠂ ᠪᠠᠷᠤᠭ | ᠰᠠᠳᠠᠭᠠᠯᠠᠨ ᠤᠷᠤᠰᠢᠭᠤᠯᠤᠭᠰᠠᠨ ᠪᠠᠶᠢᠬᠤ ᠲᠦᠯᠦᠪᠳᠠᠢ᠃ ᠬᠡᠭᠦᠷ ᠶᠠᠰᠤᠨ ᠤ ᠤᠷᠤᠰᠢᠭᠤᠯᠤᠭᠰᠠᠨ ᠪᠠᠶᠢᠳᠠᠯ ᠢ | ᠨᠢ ᠲᠤᠳᠤᠯᠠᠵᠤ ᠲᠡᠶᠢᠯᠬᠦ ᠤᠩᠭᠤᠨ ᠤ ᠤᠯᠠᠩᠬᠢ ᠬᠡᠭᠦᠷ ᠱᠠᠷᠢᠯ ᠨᠢ ᠲᠦᠷᠪᠡᠨ ᠮᠦᠴᠨ ᠨᠢ ᠲᠡᠭᠡᠭᠰᠢ ᠬᠠᠨᠳᠤᠵᠤ | ᠬᠡᠪᠳᠡᠵᠦ ᠂ ᠬᠠᠶᠠ ᠵᠠᠷᠢᠮ ᠨᠢ ᠪᠠᠷᠠᠭᠤᠨ ᠬᠤᠶᠢᠰᠢ ᠬᠠᠨᠳᠤᠵᠤ ᠬᠠᠵᠠᠭᠤᠯᠠᠵᠤ ᠬᠡᠪᠳᠡᠵᠠᠢ᠃ ᠲᠠᠷᠦᠢ ︽ | ᠰᠢᠷ᠎ᠠ ᠦᠨᠳᠤᠷ ︾ ᠤᠨ ᠤᠷᠬᠢᠯ ᠢ ᠪᠠᠷᠠᠯᠠᠨ ᠠᠭᠤᠯᠠᠨ ᠤ ᠪᠠᠯ ᠤᠨ ᠲᠤᠤᠷᠠᠬᠢ ᠭᠤᠤᠯ ᠢ ᠢᠰᠭᠦᠯᠦᠨ | ᠬᠡᠪᠳᠡᠭᠰᠡᠨ ᠪᠠᠶᠢᠨ᠎ᠠ᠃ ᠬᠤᠶᠠᠷ ᠪᠤᠶᠤ ᠬᠤᠶᠠᠷ ᠠᠴᠠ ᠲᠡᠭᠡᠭᠰᠢ ᠲᠤᠭᠠᠨ ᠤ ᠭᠡᠬᠦᠷ ᠢ ᠬᠠᠮᠳᠤᠷᠠᠭᠤᠯᠤᠨ | ᠤᠷᠤᠰᠢᠭᠤᠯᠤᠭᠰᠠᠨ ᠤᠩᠭᠤᠨ ᠳᠤ ᠬᠠᠮᠤᠭ ᠢᠨᠠᠳᠤ ᠵᠠᠭ᠎ᠠ ᠳᠠᠭᠠᠨ ᠨᠢᠭᠡ ᠬᠦᠮᠦᠨ ᠤ ᠲᠤᠯᠤᠭᠠᠢ ᠨᠢ ᠪᠠᠷᠠᠭᠤᠨ | ᠬᠤᠶᠢᠰᠢ ᠬᠠᠨᠳᠤᠵᠠᠢ᠃ ᠲᠤᠯᠤᠭᠠᠢ ᠶᠢᠨ ᠬᠦᠳᠡᠯᠦᠯ ᠪᠠᠶᠢᠳᠠᠯ ᠳᠠᠬᠢ ᠨᠢ ᠦᠨᠳᠤᠰᠤᠨ ᠲᠡᠭᠡᠨ 305。 | — 350。 ᠦᠨᠴᠦᠭ ᠬᠠᠪᠴᠢᠵᠠᠢ᠃ ᠡᠳᠡᠭᠡᠷ ᠨᠢ ᠤᠩᠭᠤᠨ ᠤ ᠤᠷᠤᠨ ᠰᠤᠩᠭᠤᠭᠰᠠᠨ ᠂ | ᠤᠷᠤᠰᠢᠭᠤᠯᠤᠭᠰᠠᠨ ᠮᠦᠷ ᠰᠠᠭᠤᠳᠠᠯ ᠲᠤᠬᠢᠷᠠᠭᠤᠯᠤᠭᠰᠠᠨ᠂ ᠤᠩᠭᠤᠨ ᠬᠠᠷᠠᠴᠨ ᠰᠤᠩᠭᠤᠭᠰᠠᠨ ᠵᠡᠷᠭᠡ ᠨᠢ | ᠪᠦᠬᠦᠨ ᠢᠶᠠᠷ ᠨᠢᠭᠡᠨ ᠤᠷᠤᠰᠢᠭᠤᠯᠭ᠎ᠠ ᠶᠢᠨ ᠦᠵᠡᠯᠳᠡ ᠶᠢᠨ ᠲᠤᠬᠢᠷᠠᠭᠤᠯᠭ᠎ᠠ ᠪᠠᠷ ᠶᠠᠪᠤᠭᠳᠠᠭᠭᠰᠠᠨ ᠪᠠᠶᠢᠬᠤ ᠶᠢ | ᠬᠠᠷᠠᠭᠤᠯᠵᠤ ᠪᠠᠶᠢᠨ᠎ᠠ᠃ | 58 ᠤᠩᠭᠤᠨ ᠢᠵᠠᠭᠤᠷ ᠤᠨ ᠪᠦᠬᠦᠨ ᠢᠶᠠᠷ ᠢᠶᠠᠨ ᠰᠠᠳᠠᠭᠠᠯᠠᠨ ᠤᠷᠤᠰᠢᠭᠤᠯᠤᠭᠰᠠᠨ ᠪᠤᠳᠠᠰ ᠲᠠᠢ ᠂ ᠤᠯᠠᠨ | ᠴᠦᠭᠡᠨ ᠨᠢ ᠲᠡᠩᠴᠡᠭᠦᠷᠢ ᠦᠭᠡᠢ᠂ ᠭᠡᠳᠡᠯ᠎ᠡ ᠦᠩᠭᠡᠷᠡᠦ ᠶᠡᠭᠡ ᠵᠦᠷᠢᠶ᠎ᠡ ᠦᠭᠡᠢ᠃ ᠲᠦᠷᠦᠯ ᠵᠦᠢᠯ ᠳᠤ | ᠱᠠᠭᠠᠵᠠᠩ ᠬᠡᠷᠡᠭᠰᠡᠯ᠂ ᠬᠦᠷᠡᠯ ᠬᠡᠷᠡᠭᠰᠡᠯ᠂ ᠶᠠᠰᠤ ᠡᠪᠡᠷ ᠤᠨ ᠬᠡᠷᠡᠭᠰᠡᠯ᠂ ᠬᠠᠰ ᠬᠡᠷᠡᠭᠰᠡᠯ ᠵᠡᠷᠭᠡ ᠪᠠ | ᠬᠢᠰᠤᠭ᠎ᠠ ᠶᠢᠨ ᠬᠡᠷᠡᠭᠰᠡᠯ ᠵᠡᠷᠭᠡ ᠪᠠᠶᠢᠨ᠎ᠠ᠃ ᠨᠡᠶᠢᠳᠡ 2083 ᠵᠦᠢᠯ ᠃ 46 ᠢᠵᠠᠭᠤᠷ ᠤᠩᠭᠤᠨ ᠠᠴᠠ | ᠱᠠᠭᠠᠵᠠᠩ ᠬᠡᠷᠡᠭᠰᠡᠯ ᠢᠯᠡᠷᠡᠵᠦ᠂ ᠶᠡᠭᠡ ᠲᠦᠯᠦᠪ ᠤᠩᠭᠤᠨ ᠪᠦᠬᠦᠨ ᠳᠤ 1 — 3 ᠬᠡᠷᠡᠭᠰᠡᠯ ᠪᠠᠶᠢᠵᠤ᠂ | ᠬᠠᠮᠤᠭ ᠠᠷᠪᠢᠨ ᠳᠠᠭᠠᠨ 6 ᠪᠠᠭᠠᠵᠢ ᠬᠡᠷᠡᠭᠰᠡᠯ ᠢᠯᠡᠷᠡᠵᠠᠢ ᠃ ᠡᠳᠡᠭᠡᠷ ᠬᠡᠷᠡᠭᠰᠡᠯ ᠳᠤ ᠡᠯᠡᠰᠤ | ᠬᠠᠪᠴᠢᠭᠤᠯᠤᠭᠰᠠᠨ ᠪᠤᠳᠤᠩ ᠵᠡᠷᠭᠡ ᠤᠯᠠᠨ᠃ ᠬᠦᠷᠡᠯ ᠬᠡᠷᠡᠭᠰᠡᠯ ᠳᠤ ᠵᠠᠰᠠᠯ ᠵᠡᠮᠰᠡᠭ ᠤᠨ ᠵᠦᠢᠯ ᠤᠯᠠᠨ ᠂ | ᠲᠡᠭᠦᠨ ᠤ ᠲᠤᠮᠳᠠ ᠬᠦᠷᠡᠯ ᠲᠤᠯᠢ ᠬᠢᠭᠡᠳ ᠡᠭᠡᠮᠦᠭ ᠶᠡᠭᠡᠳᠡ ᠲᠡᠯᠭᠡᠷᠡᠵᠦ᠂ ᠲᠤᠭ᠎ᠠ ᠨᠢ ᠤᠯᠠᠨ | ᠮᠦᠷᠳᠡᠭᠡᠨ ᠢᠯᠡᠷᠡᠬᠦ ᠲᠠᠪᠳᠠᠮᠵᠢ ᠨᠢ ᠦᠨᠳᠤᠷ ᠃ ᠡᠭᠦᠨ ᠠᠴᠠ ᠭᠠᠳᠠᠨ᠎ᠠ ︽S︾ ᠬᠡᠯᠪᠡᠷᠢ ᠶᠢᠨ ᠡᠭᠦᠯᠡᠨ | ᠤᠭᠠᠯᠵᠠ ᠶᠢᠨ ᠰᠡᠶᠢᠯᠦᠮᠡᠯ ᠂ ᠬᠤᠭᠤᠯᠠᠢ ᠬᠡᠯᠪᠡᠷᠢ ᠲᠠᠢ ᠵᠠᠰᠠᠯ ᠵᠡᠮᠰᠡᠭ᠂ ᠡᠭᠡᠮᠦᠭ᠂ ᠬᠤᠶᠠᠷ ᠨᠢᠭᠤᠷᠳᠤ ᠲᠤᠯᠢ | ᠵᠡᠷᠭᠡ ᠨᠡᠯᠢᠶᠡᠳ ᠤᠯᠠᠨ ᠂ ᠬᠦᠷᠡᠯ ᠬᠤᠩᠬᠤ᠂ ᠬᠦᠷᠡᠯ ᠬᠢᠨᠵᠢ᠂ ᠲᠤᠯᠬᠢᠶᠠᠨ ᠰᠢᠷᠬᠢᠭᠳᠦ ᠬᠦᠷᠡᠯ ᠵᠡᠰᠠᠯ | ᠵᠡᠮᠰᠡᠭ ᠂ ᠦᠨᠡᠭᠡᠨ ᠲᠤᠯᠤᠭᠠᠢ ᠶᠢᠨ ᠬᠡᠯᠪᠡᠷᠢ ᠲᠠᠢ ᠵᠠᠰᠠᠯ ᠤᠨ ᠬᠡᠷᠡᠭᠰᠡᠯ ᠨᠢ ᠲᠤᠩ ᠴᠦᠭᠡᠨ ᠃ ᠬᠦᠷᠡᠯ | ᠪᠠᠭᠠᠵᠢ ᠳᠤ ᠵᠡᠪᠰᠡᠭ ᠤᠨ ᠲᠦᠷᠦᠯ ᠤᠨ ᠲᠤᠭ᠎ᠠ ᠪᠠᠷ ᠤᠯᠠᠨ ᠪᠠᠶᠢᠵᠤ᠂ ᠭᠤᠤᠯᠳᠠᠭᠤ ᠬᠦᠷᠡᠯ ᠬᠢᠳᠤᠭ᠎ᠠ ᠪᠠ | ᠬᠦᠷᠡᠯ ᠰᠢᠪᠦᠭᠡ᠂ ᠪᠠᠰᠠ ᠴᠦᠭᠡᠨ ᠲᠤᠭᠠᠨ ᠤ ᠬᠦᠷᠡᠯ ᠢᠯᠳᠤ ᠪᠠ ᠬᠦᠷᠡᠯ ᠵᠠᠪᠡ ᠢᠯᠡᠷᠡᠵᠠᠢ ᠃ | ᠶᠠᠰᠤᠨ ᠪᠠᠭᠠᠵᠢ ᠨᠡᠯᠢᠶᠡᠳ ᠬᠦᠭᠵᠢᠵᠠᠢ᠃ ᠲᠡᠭᠦᠨ ᠤ ᠲᠤᠮᠳᠠ ᠶᠠᠰᠤᠨ ᠵᠠᠪᠠ ᠨᠡᠯᠢᠶᠡᠳ ᠤᠯᠠᠨ ᠃ ᠭᠠᠷᠭ᠎ᠠ᠂ | ᠲᠤᠪᠴᠢ ᠂ ᠬᠢᠳᠤᠭ᠎ᠠ᠂ ᠬᠠᠪᠴᠢᠭᠤᠷ᠂ ᠭᠤᠬ᠎ᠠ᠂ ᠵᠡᠷᠭᠡ ᠪᠠᠰᠠ ᠨᠡᠯᠢᠶᠡᠳ ᠪᠠᠶᠢᠵᠠᠢ᠃ ᠭᠡᠳᠡᠯ᠎ᠡ ᠢᠯᠡᠷᠡᠬᠦ | ᠲᠠᠪᠳᠠᠮᠵᠢ ᠨᠢ ᠴᠦᠭᠡᠨ᠂ ᠪᠠᠷᠤᠭ ᠪᠦᠬᠦᠶᠢᠯᠡ ᠤᠩᠭᠤᠨ ᠤ ᠴᠢᠬᠤᠯᠠᠴᠢᠯᠠᠵᠤ ᠪᠠᠶᠢᠭᠰᠨ ᠪᠠᠭᠠᠵᠢ ᠬᠡᠷᠡᠭᠰᠡᠯ ᠪᠢᠰᠢ | ᠲᠦᠯᠦᠪᠳᠠᠢ ᠂ ᠭᠡᠳᠡᠯ᠎ᠡ ᠮᠠᠰᠢ ᠶᠡᠭᠡ ᠤᠨᠴᠠᠯᠢᠭ ᠲᠠᠢ᠃ ᠪᠦᠬᠦᠶᠢᠯᠡ ᠡᠪᠡᠷ ᠂ ᠶᠠᠰᠤᠨ ᠪᠠᠭᠠᠵᠢ ᠶᠢᠨ | ᠲᠤᠮᠳᠠ ᠴᠦᠭᠡᠨ ᠲᠤᠭᠠᠨ ᠤ ᠶᠠᠰᠤᠨ ᠰᠢᠪᠦᠭᠡ ᠂ ᠶᠠᠰᠤᠨ ᠬᠢᠳᠤᠭ᠎ᠠ᠂ ᠶᠠᠰᠤᠨ ᠬᠤᠭᠤᠯᠠᠢ ᠵᠡᠷᠭᠡ ᠨᠢ ᠠᠮᠢᠳᠠᠨ | ᠤ ᠬᠠᠪᠢᠷᠭ᠎ᠠ᠂ ᠴᠢᠮᠦᠭᠡ ᠪᠠ ᠪᠤᠭᠳᠤᠭᠠᠰᠤ ᠶᠢᠨ ᠶᠠᠰᠤ ᠪᠠᠷ ᠬᠢᠵᠤ ᠪᠦᠳᠦᠭᠡᠭᠰᠡᠨ ᠠᠴᠠ ᠭᠠᠳᠠᠨ᠎ᠠ 90% | ᠤᠷᠴᠢᠮ ᠨᠢ ᠬᠠᠨᠳᠠᠭᠠᠢ ᠪᠤᠭᠤ ᠶᠢᠨ ᠡᠪᠡᠷ ᠢᠶᠠᠷ ᠦᠢᠯᠡᠳᠴᠠᠢ᠃ ᠡᠪᠡᠷ᠂ ᠶᠠᠰᠤᠨ ᠤ ᠪᠠᠭᠠᠵᠢ ᠬᠡᠷᠡᠭᠰᠡᠯ | ᠬᠡᠯᠪᠡᠷᠢ ᠲᠦᠷᠡᠰᠦ ᠨᠢ ᠡᠮᠬᠢ ᠲᠡᠭᠦᠯᠳᠡᠷ ᠂ ᠭᠠᠷ ᠤᠷᠠᠯᠢᠭ ᠨᠢ ᠨᠠᠷᠢᠯᠢᠭ ᠪᠠᠶᠢᠵᠤ ᠨᠡᠯᠢᠶᠡᠳ ᠦᠨᠳᠤᠷ | ᠲᠦᠪᠰᠢᠨ ᠤ ᠤᠷᠠᠯᠠᠨ ᠦᠢᠯᠡᠳᠬᠦ ᠲᠦᠪᠰᠢᠨ ᠢ ᠬᠠᠷᠠᠭᠤᠯᠤᠭᠰᠠᠨ ᠪᠠᠶᠢᠨ᠎ᠠ᠃ ᠬᠡᠷᠡᠭᠯᠡᠭᠰᠡᠨ ᠮᠠᠲ᠋ᠡᠷᠢᠶᠠᠯ ᠤᠨ | ᠲᠠᠩ ᠴᠤᠯᠭᠤᠢ ᠪᠠᠶᠢᠳᠠᠯ ᠲᠠᠢ ᠤᠶᠠᠯᠳᠠᠭᠤᠯᠤᠨ ᠦᠵᠡᠪᠡᠯ ᠶᠠᠰᠤᠨ ᠵᠡᠪᠰᠡᠭ ᠤᠨ ᠦᠢᠯᠡᠳᠬᠦ ᠬᠢᠷᠢ ᠬᠡᠮᠵᠢᠶ᠎ᠡ | ᠨᠢ ᠨᠢᠭᠡᠨᠳᠡ ᠨᠢᠭᠡ ᠬᠡᠮᠵᠢᠶᠡᠨ ᠤ ᠲᠤᠰᠬᠠᠢ ᠮᠡᠷᠭᠡᠵᠢᠯ ᠤᠨ ᠲᠦᠪᠰᠢᠨ ᠳᠤ ᠬᠦᠷᠦᠭᠰᠡᠨ ᠢ ᠬᠠᠷᠠᠭᠤᠯᠵᠤ | ᠪᠠᠶᠢᠨ᠎ᠠ ᠃ ᠬᠠᠰ ᠵᠡᠪᠰᠡᠭ ᠬᠢᠭᠡᠳ ᠬᠢᠰᠤᠭ᠎ᠠ ᠶᠢᠨ ᠶᠠᠰᠤᠨ ᠪᠠᠭᠠᠵᠢ ᠨᠢ ᠭᠤᠤᠯᠳᠠᠭᠤ ᠵᠠᠰᠠᠯ ᠵᠡᠮᠰᠡᠩ ᠤᠨ | ᠲᠦᠷᠦᠯ ᠳᠤ ᠬᠠᠷᠢᠶᠠᠯᠠᠭᠳᠠᠵᠤ ᠂ ᠨᠤᠭᠤᠭᠠᠨ ᠬᠠᠰ ᠤᠨ ᠮᠦᠭᠦᠯᠢᠭ ᠶᠡᠭᠡᠳᠡ ᠲᠡᠯᠭᠡᠷᠡᠵᠦ᠂ ᠮᠠᠨᠤ ᠬᠢᠭᠡᠳ | ᠬᠢᠰᠤᠭ᠎ᠠ ᠶᠢᠨ ᠶᠠᠰᠤᠨ ᠲᠦᠷᠦᠯ ᠵᠦᠢᠯ ᠨᠢ ᠪᠠᠰᠠ ᠨᠡᠯᠢᠶᠡᠳ ᠲᠡᠯᠭᠡᠷᠡᠵᠦ ᠂ ᠪᠤᠰᠤᠳ ᠨᠢ ᠭᠤᠤᠯᠳᠠᠭᠤ | ᠮᠠᠲ᠋ᠡᠷᠢᠶᠠᠯ ᠮᠦᠭᠦᠯᠢᠭ᠂ ᠨᠤᠭᠤᠭᠠᠨ ᠬᠠᠰ ᠤᠨ ᠬᠤᠭᠤᠯᠠᠢ᠂ ᠲᠡᠪᠢᠭᠦᠷ ᠬᠡᠯᠪᠡᠷᠢ ᠶᠢᠨ ᠮᠡᠯᠡᠬᠡᠢ ᠶᠢᠨ ᠵᠠᠰᠠᠯ ᠵᠡᠷᠭᠡ | ᠤᠨ ᠢᠯᠡᠷᠡᠬᠦ ᠲᠠᠪᠳᠠᠮᠵᠢ ᠨᠢ ᠨᠡᠯᠢᠶᠡᠳ ᠲᠤᠤᠷ᠎ᠠ᠃ | ᠤᠯᠠᠨ ᠲᠤᠭᠠᠨ ᠤ ᠤᠩᠭᠤᠨ ᠪᠤᠩᠬᠤᠨ ᠨᠢ ᠠᠳᠠᠯᠢ ᠪᠤᠰᠤ ᠬᠡᠮᠵᠢᠶ᠎ᠡ ᠪᠠᠷ ᠡᠪᠳᠡᠭᠳᠡᠭᠰᠡᠨ ᠠᠴᠠ ᠲᠠᠭᠠᠭᠤᠯᠤᠨ | ᠤᠷᠤᠰᠢᠭᠤᠯᠤᠭᠰᠠᠨ ᠪᠤᠳᠠᠰ ᠪᠠ ᠬᠦᠮᠦᠨ ᠤ ᠶᠠᠰᠤ ᠨᠢ ᠴᠦ ᠬᠦᠳᠡᠯᠭᠡᠭᠳᠡᠳᠡᠵᠦ ᠂ ᠤᠨᠤᠪᠴᠢᠳᠠᠢ ᠤᠷᠤᠨ | ᠪᠠᠶᠢᠷᠢ ᠨᠢ ᠲᠤᠳᠤᠷᠠᠬᠠᠢ ᠦᠭᠡᠢ᠂ ᠭᠡᠳᠡᠯ᠎ᠡ ᠶᠡᠭᠡ ᠬᠠᠭᠠᠰ ᠨᠢ ᠬᠡᠭᠦᠷ ᠤᠨ ᠲᠡᠭᠡᠷ᠎ᠡ ᠬᠠᠭᠠᠰ ᠪᠡᠶ᠎ᠡ ᠶᠢᠨ | ᠤᠷᠴᠢᠨ ᠲᠤᠭᠤᠷᠢᠨ ᠳᠤ ᠲᠠᠷᠬᠠᠭᠳᠠᠨ ᠪᠤᠳᠠᠷᠠᠵᠠᠢ᠃ ᠡᠰᠡ ᠬᠦᠳᠡᠯᠦᠭᠳᠡᠭᠰᠡᠨ ᠪᠤᠶᠤ ᠵᠢᠭᠠᠬᠠᠨ | ᠬᠦᠳᠡᠯᠦᠭᠳᠡᠭᠰᠡᠨ ᠤᠩᠭᠤᠨ ᠢ ᠠᠵᠢᠭᠯᠠᠪᠠᠯ ᠰᠠᠳᠠᠭᠠᠯᠠᠨ ᠤᠷᠤᠰᠢᠭᠤᠯᠤᠭᠰᠠᠨ ᠱᠠᠭᠠᠵᠠᠩ ᠭᠡᠷᠡᠭᠰᠡᠯ ᠨᠢ | ᠭᠤᠤᠯᠳᠠᠭᠤ ᠤᠩᠭᠤᠨ ᠤ ᠪᠠᠷᠠᠭᠤᠨ ᠲᠠᠯ᠎ᠠ ᠶᠢᠨ ᠬᠠᠨ᠎ᠠ ᠶᠢ ᠲᠠᠭᠠᠭᠤᠯᠤᠨ ᠲᠠᠯᠪᠢᠵᠤ ᠂ ᠲᠠᠷᠦᠢ ᠬᠡᠭᠦᠷ ᠶᠠᠰᠤᠨ | ᠤ ᠲᠤᠯᠤᠭᠠᠢ ᠶᠢᠨ ᠬᠡᠰᠡᠭ ᠲᠤ ᠲᠠᠯᠪᠢᠵᠠᠢ᠃ ᠬᠦᠷᠡᠯ ᠂ ᠬᠠᠰ᠂ ᠬᠢᠰᠤᠭ᠎ᠠ ᠵᠡᠷᠭᠡ ᠬᠢᠴᠢᠳᠠᠢ ᠵᠠᠰᠠᠯ ᠤᠨ | ᠵᠡᠮᠰᠡᠭ ᠤᠨ ᠬᠡᠷᠡᠭᠰᠡᠯ ᠤᠨ ᠤᠯᠠᠩᠬᠢ ᠨᠢ ᠬᠡᠭᠦᠷ ᠤᠨ ᠲᠤᠯᠤᠭᠠᠢ᠂ ᠬᠦᠵᠦᠭᠦᠦ᠂ ᠨᠢᠷᠤᠭᠤ᠂ ᠪᠠᠭᠤᠤ ᠵᠡᠷᠭᠡ | ᠬᠡᠰᠡᠭ ᠢᠶᠠᠷ ᠲᠦᠪᠯᠡᠷᠡᠵᠦ᠂ ᠪᠠᠭᠠᠵᠢ᠂ ᠵᠡᠪᠰᠡᠭ ᠵᠡᠷᠭᠡ ᠨᠢ ᠶᠡᠷᠦᠩᠬᠢ ᠳᠡᠭᠡᠨ ᠱᠠᠷᠢᠯ ᠤᠨ ᠨᠢᠷᠤᠭᠤ ᠤᠷᠴᠢᠮ | ᠢᠶᠠᠷ ᠲᠠᠯᠪᠢᠭᠳᠠᠵᠤ᠂ ᠶᠠᠰᠤᠨ ᠵᠠᠪᠠ ᠵᠡᠷᠭᠡ ᠶᠢᠨ ᠤᠯᠠᠩᠬᠢ ᠨᠢ ᠬᠡᠭᠦᠷ ᠤᠨ ᠴᠡᠭᠡᠵᠢ ᠂ ᠨᠢᠷᠤᠭᠤ ᠶᠢᠨ | ᠤᠷᠴᠢᠮ ᠢᠶᠠᠷ ᠲᠠᠯᠪᠢᠭᠳᠠᠵᠤ ᠂ ᠪᠠᠰᠠ ᠪᠦᠬᠦᠨ ᠢ ᠤᠩᠭᠤᠨ ᠤ ᠬᠤᠶᠢᠳᠤ ᠬᠡᠰᠡᠭ ᠲᠠᠷᠦᠢ ᠲᠡᠷᠢᠭᠦᠨ ᠤ | ᠬᠡᠰᠡᠭ ᠤᠷᠴᠢᠮ ᠲᠠᠯᠪᠢᠭᠰᠠᠨ ᠤᠩᠭᠤᠨ ᠴᠦ ᠪᠠᠶᠢᠨ᠎ᠠ᠃ ᠰᠠᠳᠠᠭᠠᠯᠠᠨ ᠤᠷᠤᠰᠢᠭᠤᠯᠤᠭᠰᠠᠨ ᠶᠠᠰᠤᠨ ᠵᠠᠪᠠ ᠨᠢ | ᠢᠯᠡᠷᠭᠡᠢ ᠡᠵᠡᠨ ᠲᠠᠢ ᠪᠠᠶᠢᠳᠠᠭ ᠪᠦᠭᠡᠳ ᠪᠦᠬᠦᠨ ᠢᠶᠠᠷ ᠢᠶᠠᠨ ᠡᠷᠡᠭᠳᠠᠢ ᠬᠦᠮᠦᠨ ᠬᠢ ᠪᠠᠶᠢᠳᠠᠭ᠃ | ᠠᠩᠬᠠᠷᠤᠭᠤᠰᠢᠳᠠᠢ ᠨᠢ ᠵᠢᠩ ᠭᠸᠦ ᠽᠢ ᠪᠠᠷᠠᠭᠤᠨ ᠲᠤᠭᠤᠷᠢᠭ ᠤᠨ ᠤᠩᠭᠤᠨ ᠤ ᠵᠠᠰᠠᠯ ᠵᠡᠮᠰᠡᠭ ᠤᠨ ᠵᠠᠩ | ᠵᠠᠩᠰᠢᠯ ᠶᠡᠭᠡᠳᠡ ᠲᠡᠯᠭᠡᠷᠡᠵᠦ ᠬᠦᠷᠡᠯ ᠲᠤᠯᠢ ᠪᠠᠷ ᠬᠠᠮᠤᠭ ᠤᠨ ᠡᠩ ᠤᠨ ᠵᠦᠢᠯ ᠪᠤᠯᠭᠠᠵᠤ 90% ᠤᠷᠴᠢᠮ | ᠤᠨ ᠤᠩᠭᠤᠨ ᠳᠤ ᠪᠦᠬᠦᠨ ᠢᠶᠠᠷ ᠢᠶᠠᠨ ᠬᠦᠷᠡᠯ ᠲᠤᠯᠢ ᠪᠠᠶᠢᠵᠤ ᠲᠤᠭ᠎ᠠ ᠪᠠᠷ ᠬᠠᠮᠤᠭ ᠤᠯᠠᠨ᠂ ᠡᠭᠡᠮᠦᠭ | ᠬᠢᠭᠡᠳᠡᠯᠡ ᠵᠦᠢᠯ ᠤᠨ ᠰᠤᠪᠤᠳ ᠵᠠᠰᠠᠯ ᠤᠨ ᠡᠳ᠋ ᠂ ᠡᠭᠡᠮᠦᠭ ᠤᠨ ᠲᠦᠷᠦᠯ ᠤᠨ ᠬᠡᠯᠭᠢᠭᠰᠡᠨ ᠵᠠᠰᠠᠯ ᠤᠨ | ᠲᠦᠷᠦᠯ ᠨᠡᠯᠢᠶᠡᠳ ᠤᠯᠠᠨ ᠃ ᠨᠡᠯᠢᠶᠡᠳ ᠪᠦᠷᠢᠨ ᠪᠦᠳᠦᠨ ᠬᠠᠳᠠᠭᠠᠯᠠᠭᠳᠠᠭᠰᠠᠨ ᠤᠩᠭᠤᠨ ᠢ ᠠᠵᠢᠭᠯᠠᠪᠠᠯ | ᠡᠭᠡᠮᠦᠭ ᠤᠨ ᠤᠯᠠᠩᠬᠢ ᠨᠢ ᠹᠦᠷᠰ ᠬᠡᠯᠪᠡᠷᠢ ᠶᠢᠨ ᠡᠭᠡᠮᠦᠭ ᠭᠡᠷᠡᠭᠯᠡᠵᠦ ᠂ ᠬᠦᠵᠦᠭᠦᠨ ᠳᠤ ᠬᠦᠷᠡᠯ ᠲᠤᠯᠢ ᠂ | ᠬᠦᠷᠡᠯ ᠮᠦᠬᠦᠯᠢᠭ᠂ ᠡᠯᠭᠦᠭᠦᠷ ᠂ ᠭᠤᠤᠷᠠᠰᠤ ᠬᠡᠯᠪᠡᠷᠢ ᠶᠢᠨ ᠵᠠᠰᠠᠯ᠂ ᠨᠤᠭᠤᠭᠠᠨ ᠴᠢᠯᠠᠭᠤᠨ ᠮᠦᠭᠦᠯᠢᠭ ᠂ | ᠡᠷᠳᠡᠨᠢᠳᠤ ᠮᠦᠭᠦᠯᠢᠭ᠂ ᠮᠨᠨᠤ ᠂ ᠬᠢᠰᠤᠭ᠎ᠠ ᠶᠢᠨ ᠵᠠᠰᠠᠯ ᠵᠢᠴᠢ ᠲᠡᠪᠢᠭᠦᠷ ᠬᠡᠯᠪᠡᠷᠢ ᠶᠢᠨ ᠵᠠᠰᠠᠯ ᠵᠡᠷᠭᠡ | ᠪᠠᠶᠢᠨ᠎ᠠ᠃ ᠡᠭᠦᠨ ᠳᠤ ᠨᠢᠭᠡ ᠪᠦᠯᠦᠭ ᠨᠢ ᠬᠦᠵᠦᠭᠦᠨ ᠤ ᠵᠠᠰᠠᠯ ᠤᠨ ᠨᠢᠭᠡᠨ ᠬᠡᠰᠡᠭ᠂ ᠨᠢᠭᠡ ᠪᠦᠯᠦᠭ ᠨᠢ | ᠤᠷᠭᠠᠨᠢᠭ ᠴᠢᠨᠠᠷ ᠲᠠᠢ ᠪᠦᠳᠡᠭᠡᠯᠭᠡ ᠠᠴᠠ ᠤᠨᠠᠵᠤ ᠢᠷᠡᠭᠰᠡᠨ ᠲᠦᠯᠦᠪᠳᠠᠢ ᠃ ᠵᠠᠷᠢᠮ ᠬᠦᠮᠦᠨ ᠤ | ᠲᠤᠯᠤᠭᠠᠢ ᠶᠢᠨ ᠬᠤᠶᠠᠷ ᠨᠢᠳᠤᠨ ᠤ ᠤᠬᠤᠷᠬᠠᠢ ᠳᠤ ᠲᠤᠰᠪᠤᠷᠢ ᠨᠢᠭᠡᠨ ᠬᠦᠷᠡᠯ ᠲᠤᠯᠢ ᠲᠠᠯᠪᠢᠵᠤ ᠂ ᠬᠦᠷᠡᠯ | ᠲᠤᠯᠢ ᠶᠢᠨ ᠠᠷᠤ ᠲᠠᠯ᠎ᠠ ᠳᠤ ᠪᠠᠯᠠᠷᠠᠬᠠᠢ ᠪᠦᠳᠡᠩᠬᠢ ᠨᠡᠭᠡᠮᠡᠯ ᠪᠠᠷᠠᠭᠠᠨ ᠤ ᠤᠯᠠ ᠮᠦᠷ ᠲᠠᠢ᠂ ᠪᠠᠶᠢᠵᠤ | ᠲᠤᠬᠠᠢ ᠶᠢᠨ ᠦᠶ᠎ᠡ ᠳᠤ ᠬᠡᠭᠦᠷ ᠤᠨ ᠨᠢᠭᠤᠷ ᠢ ᠬᠦᠷᠡᠯ ᠲᠤᠯᠢ ᠬᠠᠳᠠᠭᠰᠠ ᠨᠡᠭᠡᠮᠡᠯ ᠪᠠᠷᠠᠭ᠎ᠠ ᠪᠠᠷ ᠪᠦᠳᠡᠭᠡᠵᠦ | ᠲᠠᠯᠪᠢᠭᠰᠠᠨ ᠢ ᠭᠡᠷᠡᠴᠢᠯᠡᠵᠦ ᠪᠤᠯᠤᠨ᠎ᠠ᠃ ᠵᠠᠷᠢᠮ ᠬᠡᠭᠦᠷ ᠤᠨ ᠭᠠᠷ ᠤᠨ ᠪᠠᠭᠤᠤ ᠤᠷᠴᠢᠮ ᠢᠶᠠᠷ ᠨᠢ | ᠭᠤᠤᠷᠠᠰᠤ ᠬᠡᠯᠪᠡᠷᠢ ᠶᠢᠨ ᠵᠠᠰᠠᠯ ᠵᠡᠮᠰᠡᠭ ᠪᠠ ᠬᠦᠷᠡᠯ ᠲᠤᠯᠢ ᠬᠡᠯᠬᠢᠭᠰᠡᠨ ᠪᠠᠭᠤᠤ ᠶᠢᠨ ᠴᠢᠮᠡᠭ ᠲᠠᠢ᠂ ᠵᠠᠷᠢᠮ | ᠬᠡᠭᠦᠷ ᠤᠨ ᠭᠠᠷ ᠨᠢᠷᠤᠭᠤ ᠶᠢᠨ ᠭᠡᠰᠡᠭ ᠤᠨ ᠵᠠᠰᠠᠯ ᠵᠡᠮᠰᠡᠭ ᠨᠢ ᠶᠡᠭᠡ᠂ ᠲᠤᠮᠳᠠ ᠬᠡᠯᠪᠡᠷᠢ ᠶᠢᠨ ᠬᠦᠷᠡᠯ ᠲᠤᠯᠢ | ᠵᠢᠴᠢ ᠪᠤᠰᠤᠳ ᠵᠠᠰᠠᠯ ᠵᠡᠮᠰᠡᠭ ᠢᠶᠠᠷ ᠪᠦᠷᠢᠯᠳᠤᠭ᠍ᠰᠡᠨ ᠪᠦᠰᠡ ᠵᠠᠰᠠᠯ ᠲᠠᠢ᠃ | ᠬᠠᠭᠤᠴᠢᠳ ᠲᠤ ᠠᠮᠢᠳᠠᠨ ᠭᠡᠷᠡᠭᠯᠡᠭᠰᠡᠨ ᠦᠵᠡᠭᠳᠡᠯ ᠲᠦᠭᠡᠮᠡᠯ᠂ ᠨᠢᠭᠡᠨᠳᠡ ᠴᠡᠪᠡᠷᠯᠡᠭᠰᠡᠨ 58 ᠤᠩᠭᠤᠨ | ᠠᠴᠠ 3 ᠤᠩᠭᠤᠨ ᠨᠢ ᠲᠤᠨᠤᠭᠳᠠᠨ ᠡᠪᠳᠡᠭᠳᠡᠭᠰᠡᠨ ᠠᠴᠠ ᠬᠦᠨᠳᠤ ᠨᠤᠴᠢᠳᠠᠢ ᠡᠪᠳᠡᠭᠳᠡᠵᠦ ᠪᠠᠶᠢᠳᠠᠯ | ᠲᠤᠳᠤᠷᠠᠬᠠᠢ ᠦᠭᠡᠢ ᠠᠴᠠ ᠭᠠᠳᠠᠨ᠎ᠠ ᠪᠤᠰᠤᠳ53 ᠤᠩᠭᠤᠨ ᠤ ᠲᠤᠮᠳᠠ 50 ᠤᠩᠭᠤᠨ ᠠᠴᠠ ᠴᠦᠮ | ᠠᠷᠢᠶᠠᠳᠠᠨ ᠤ ᠶᠠᠰᠤ ᠭᠠᠷᠴᠦ ᠪᠦᠭᠦᠶᠢᠯᠡ ᠤᠩᠭᠤᠨ ᠤ 86.21% ᠶᠢ ᠡᠵᠡᠯᠡᠵᠦ ᠂ ᠤᠩᠭᠤᠨ ᠢ | ᠲᠤᠶᠢᠪᠡᠭᠡᠭᠰᠡᠨ ᠦᠵᠡᠭᠳᠡᠯ ᠢ ᠤᠷᠤᠰᠢᠵᠤ ᠪᠠᠶᠢᠭ᠎ᠠ ᠪᠠᠶᠢᠳᠠᠯ ᠢ ᠪᠤᠳᠤᠯᠬᠢᠯᠠᠵᠤ ᠠᠷᠢᠶᠠᠳᠠᠨ ᠢ ᠬᠡᠷᠡᠭᠯᠡᠭᠰᠡᠨ | ᠤᠩᠭᠤᠨ ᠤ ᠬᠠᠷᠢᠴᠠᠯ ᠪᠠᠰᠠ ᠨᠡᠯᠢᠶᠡᠳ ᠦᠨᠳᠤᠷ ᠪᠠᠶᠢᠨ᠎ᠠ ᠃ ᠠᠷᠢᠶᠠᠳᠠᠨ ᠤ ᠲᠦᠷᠦᠯ ᠵᠦᠢᠯ ᠳᠤ ᠮᠤᠷᠢ᠂ | ᠦᠭᠡᠷ᠂ ᠬᠤᠨᠢ᠂ ᠡᠯᠵᠢᠭᠡ᠂ ᠯᠠᠭᠤᠰᠠ᠂ ᠨᠤᠬᠠᠢ ᠵᠡᠷᠭᠡ ᠪᠠᠶᠢᠵᠤ᠂ ᠨᠡᠶᠢᠳᠡ 98 ᠴᠤᠭᠴᠠ ᠪᠠᠶᠢᠵᠤ ᠂ | ᠪᠦᠬᠦᠨ ᠢᠶᠠᠷ ᠭᠡᠷ ᠤᠨ ᠲᠡᠵᠢᠭᠡᠪᠦᠷᠢ ᠮᠦᠨ᠃ ᠡᠭᠦᠨ ᠳᠤ ᠮᠤᠷᠢ ᠬᠠᠮᠤᠭ ᠠᠷᠪᠢᠨ ︵42.86%︶᠂ | ᠲᠠᠷᠠᠭ᠎ᠠ ᠨᠢ ᠦᠭᠡᠷ ︵22.45% ) ᠬᠢᠭᠡᠳ ᠬᠤᠨᠢ ︵21.43% ︶ ᠂ ᠡᠯᠵᠢᠭᠡ ︵9.18 % ︶ ᠂ | ᠯᠠᠭᠤᠰᠠ ︵2.04%︶ ᠂ ᠨᠤᠬᠠᠢ ︵2.04%︶ ᠴᠦᠭᠡᠨ᠂ ᠭᠠᠭ᠋ᠠᠢ ᠦᠭᠡᠢ᠃ ︵1︶ ᠡᠭᠦᠨ ᠠᠴᠠ | ᠦᠵᠡᠬᠦᠯ᠎ᠡ ᠲᠠᠭᠠᠭᠤᠯᠤᠨ ᠤᠷᠤᠰᠢᠭᠤᠯᠤᠭᠰᠠᠨ ᠠᠷᠢᠶᠠᠳᠠ ᠪᠦᠬᠦᠨ ᠢᠶᠠᠷ ᠢᠶᠠᠷ ᠠᠳᠤᠭᠤᠯᠵᠤ ᠲᠡᠵᠢᠭᠡᠭᠰᠡᠨ ᠭᠡᠷ | ᠤᠨ ᠲᠡᠵᠢᠭᠡᠪᠦᠷᠢ ᠪᠠᠶᠢᠬᠤ ᠶᠤᠰᠤᠳᠠᠢ᠃ ᠠᠷᠢᠶᠠᠳᠠᠨ ᠠᠮᠢᠳᠠᠨ ᠢ ᠲᠠᠭᠠᠭᠤᠯᠵᠤ ᠤᠷᠤᠰᠢᠭᠤᠯᠬᠤ ᠳᠠᠭᠠᠨ ᠪᠠᠰᠠ | ᠪᠦᠬᠦ ᠴᠤᠭᠴᠠ ᠶᠢ ᠨᠢ ᠬᠡᠷᠡᠭᠯᠡᠭᠰᠡᠨ ᠦᠭᠡᠢ ᠂ ᠴᠦᠮ ᠶᠠᠮᠠᠷ ᠨᠢᠭᠡᠨ ᠭᠡᠰᠡᠭ ᠢ ᠨᠢ ᠬᠡᠷᠡᠭᠯᠡᠵᠠᠢ᠃ ᠮᠠᠨ ᠳᠤ | ᠬᠠᠷᠠᠭᠳᠠᠭᠰᠠᠨ ᠦᠶ᠎ᠡ ᠬᠡᠰᠡᠭ ᠨᠢ ᠲᠤᠯᠤᠭᠠᠢ ᠶᠢᠨ ᠶᠠᠰᠤ ᠂ ᠡᠷᠡᠦ ᠶᠢᠨ ᠶᠠᠰᠤ 1— 3 ᠳ᠋ᠤᠭᠠᠷ | ᠴᠡᠭᠡᠵᠢᠨ ᠦᠶ᠎ᠡ᠂ 1—3 ᠳ᠋ᠤᠭᠠᠷ ᠬᠠᠪᠢᠷᠭᠠᠨ ᠶᠠᠰᠤ᠂ ᠴᠢᠮᠦᠭᠡ ᠶᠢᠨ ᠶᠠᠰᠤ᠂ ᠪᠤᠭᠳᠤᠭᠠᠰᠤ ᠂ | ᠲᠤᠬᠤᠢ ᠶᠢᠨ ᠶᠠᠰᠤ᠂ ᠲᠤᠭᠤᠷᠠᠢ ᠶᠢᠨ ᠶᠠᠰᠤ᠂ ᠠᠭᠠᠷᠴᠠᠭ ᠤᠨ ᠶᠠᠰᠤ ᠂ ᠨᠦᠷ ᠶᠠᠰᠤ᠂ ᠵᠠᠪᠢᠵᠢᠨ ᠶᠠᠰᠤ ᠂ | ᠲᠤᠬᠤᠢ ᠶᠢᠨ ᠶᠠᠰᠤ᠂ ᠬᠤᠷᠤᠭᠤᠨ ᠶᠠᠰᠤ᠂ ᠬᠦᠯ ᠤᠨ ᠬᠤᠷᠤᠭᠤᠨ ᠶᠠᠰᠤ ᠵᠡᠷᠭᠡ ᠪᠠᠶᠢᠨ᠎ᠠ᠃ ᠡᠭᠦᠨ ᠳᠤ | ᠬᠦᠯ ᠭᠠᠷ ᠤᠨ ᠬᠤᠷᠤᠭᠤᠨ ᠤ ᠶᠠᠰᠤ ᠨᠢ ᠦᠷᠭᠦᠯᠵᠢ ᠬᠤᠤᠰ ᠬᠤᠤᠰ ᠢᠶᠠᠷ ᠢᠯᠡᠷᠡᠬᠦ ᠠᠴᠠ ᠭᠠᠳᠠᠨ᠎ᠠ | ᠲᠡᠭᠦᠨ ᠠᠴᠠ ᠪᠤᠰᠤᠳ ᠤᠯᠠᠩᠬᠢ ᠨᠢ ᠲᠤᠰᠭᠠᠷ ᠬᠦᠮᠦᠨ ᠤ ᠤᠩᠭᠤᠨ ᠳᠤ ᠬᠠᠷᠠᠭᠳᠠᠵᠠᠢ᠃ ᠡᠯ᠎ᠡ ᠬᠡᠰᠡᠭ ᠤᠨ | ᠶᠠᠰᠤᠨ ᠠᠴᠠ ᠬᠠᠮᠤᠭ ᠠᠴᠠ ᠤᠯᠠᠨ ᠢᠯᠡᠷᠡᠭᠰᠡᠨ ᠨᠢ ᠲᠤᠭᠤᠷᠠᠢ ᠶᠢᠨ ᠶᠠᠰᠤ ᠮᠦᠨ᠃ ᠲᠠᠷᠠᠭᠠᠯᠠᠪᠠᠯ | ᠠᠭᠠᠷᠴᠠᠭ ᠤᠨ ᠶᠠᠰᠤ᠂ ᠬᠠᠪᠢᠷᠭᠠᠨ ᠶᠠᠰᠤ᠂ ᠴᠡᠭᠡᠵᠢ ᠶᠢᠨ ᠶᠠᠰᠤ᠂ ᠲᠤᠤᠷ᠎ᠠ ᠡᠷᠡᠦ ᠶᠢᠨ ᠶᠠᠰᠤ ᠪᠠ | ᠲᠤᠯᠤᠭᠠᠢ ᠶᠢᠨ ᠶᠠᠰᠤ᠂ ᠪᠤᠰᠤᠳ ᠭᠡᠰᠡᠭ ᠤᠨ ᠶᠠᠰᠤ ᠴᠦᠭᠡᠨ ᠬᠠᠷᠠᠭᠳᠠᠵᠠᠢ᠃ ᠠᠷᠢᠶᠠᠳᠠᠨ ᠢ ᠬᠡᠷᠡᠭᠯᠡᠬᠦ | ᠲᠤᠮᠳᠠ ᠪᠠᠨ ᠨᠢᠭᠡ ᠠᠴᠠ ᠬᠤᠶᠠᠷ ᠵᠦᠢᠯ ᠤᠨ ᠠᠮᠢᠳᠠᠨ ᠢ ᠭᠡᠷᠡᠭᠯᠡᠭᠰᠡᠨ ᠤᠩᠭᠤᠨ ᠬᠠᠮᠤᠭ ᠠᠴᠠ ᠤᠯᠠᠨ᠂ | ᠲᠠᠷᠠᠭᠠᠯᠠᠪᠠᠯ ᠭᠤᠷᠪᠠᠨ ᠲᠦᠷᠦᠯ ᠤᠨ ᠠᠮᠢᠳᠠᠨ ᠢ ᠬᠡᠷᠡᠭᠯᠡᠭᠰᠡᠨ ᠤᠩᠭᠤᠨ᠂ ᠲᠦᠷᠪᠡᠨ ᠵᠦᠢᠯ ᠤᠨ ᠠᠮᠢᠳᠠᠨ ᠢ | ᠴᠤᠭᠭᠠᠷ ᠬᠡᠷᠡᠭᠯᠡᠭᠰᠡᠨ ᠤᠩᠭᠤᠨ ᠬᠠᠮᠤᠭ ᠴᠦᠭᠡᠨ᠃ ᠡᠩ ᠤᠨ ᠪᠠᠶᠢᠳᠠᠯ ᠳᠤ ᠨᠢᠭᠡ ᠤᠩᠭᠤᠨ ᠳᠤ ᠠᠮᠢᠳᠠᠨ | ᠤ ᠨᠢᠭᠡ ᠮᠦᠴᠨ ᠶᠢ ᠭᠡᠷᠡᠭᠯᠡᠨ᠎ᠡ᠃ ᠬᠤᠶᠠᠷ ᠪᠤᠶᠤ ᠬᠤᠶᠠᠷ ᠠᠴᠠ ᠲᠡᠭᠡᠭᠰᠢ ᠲᠤᠭᠠᠨ ᠤ ᠮᠦᠴᠨ ᠶᠢ | ᠭᠡᠷᠡᠭᠯᠡᠭᠰᠡᠨ ᠨᠢ ᠲᠤᠩ ᠴᠦᠭᠡᠨ ᠃ ᠡᠨᠡᠬᠦ ᠪᠦᠯᠦᠭ ᠤᠩᠭᠤᠨ ᠤ ᠤᠯᠠᠩᠬᠢ ᠨᠢ ᠡᠪᠳᠡᠭᠳᠡᠭᠰᠡᠨ ᠠᠴᠠ | ᠠᠮᠢᠳᠠᠨ ᠤ ᠶᠠᠰᠤ ᠴᠦ ᠤᠩᠭᠤᠨ ᠤ ᠲᠤᠳᠤᠷ᠎ᠠ ᠪᠤᠳᠠᠷᠠᠨ ᠰᠠᠷᠨᠢᠵᠠᠢ᠃ ᠲᠠᠰᠤ ᠦᠯᠦ ᠲᠦᠢᠪᠡᠭᠡᠭᠳᠡᠭᠰᠡᠨ ᠦᠭᠡᠢ | ᠤᠩᠭᠤᠨ ᠪᠤᠶᠤ ᠵᠢᠭᠠᠯᠬᠠᠨ ᠬᠦᠨᠳᠡᠭᠳᠡᠭᠰᠡᠨ ᠤᠩᠭᠤᠨ ᠠᠴᠠ ᠦᠵᠡᠪᠡᠯ ᠠᠮᠢᠳᠠᠨ ᠤ ᠲᠤᠯᠤᠭᠠᠢ ᠪᠠ ᠮᠤᠷᠢ᠂ | ᠦᠭᠡᠷ᠂ ᠤᠨ ᠴᠢᠮᠦᠭᠡ ᠶᠢᠨ ᠶᠠᠰᠤ ᠂ ᠪᠤᠭᠳᠤᠭᠠᠰᠤ ᠵᠡᠷᠭᠡ ᠨᠡᠯᠢᠶᠡᠳ ᠲᠤᠮᠤ ᠶᠠᠰᠤ ᠶᠢ ᠱᠠᠭᠠᠵᠠᠩ ᠰᠠᠪᠠ | ᠲᠠᠢ ᠬᠠᠮᠳᠤ ᠬᠡᠭᠦᠷ ᠤᠨ ᠲᠤᠯᠤᠭᠠᠢ ᠶᠢᠨ ᠬᠡᠰᠡᠭ ᠪᠠ ᠤᠩᠭᠤᠨ ᠤ ᠬᠡᠷᠡᠮ ᠤᠨ ᠲᠤᠮᠳᠠ ᠲᠠᠯᠪᠢᠵᠠᠢ᠃ ᠪᠠᠰᠠ | ᠵᠠᠷᠢᠮ ᠨᠢ ᠡᠷᠡᠦ ᠶᠢᠨ ᠶᠠᠰᠤ ᠶᠢ ᠪᠤᠯᠠᠭᠰᠠᠨ ᠰᠢᠷᠦᠢ ᠲᠤᠮᠳᠠ ᠪᠠᠨ ᠲᠠᠯᠪᠢᠵᠠᠢ ᠂ ᠲᠤᠭᠤᠷᠠᠢ ᠶᠢᠨ ᠶᠠᠰᠤ ᠶᠢ | ᠱᠠᠭᠠᠵᠠᠩ ᠬᠡᠷᠡᠭᠰᠡᠯ ᠳᠤ ᠬᠢᠭᠰᠡᠨ ᠵᠢᠱᠢᠶ᠎ᠡ ᠪᠠᠰᠠ ᠪᠠᠶᠢᠨ᠎ᠠ᠃ ᠮᠠᠯᠳᠠᠭᠳᠠᠨ ᠭᠠᠷᠤᠭᠰᠠᠨ ᠠᠮᠢᠳᠠᠨ ᠤ ᠶᠠᠰᠤ ᠶᠢ | ᠨᠠᠷᠢᠨ ᠠᠵᠢᠭᠯᠠᠭᠰᠠᠨ ᠢᠶᠠᠷ ᠬᠤᠶᠠᠷ ᠠᠴᠠ ᠲᠡᠭᠡᠭᠰᠢ ᠶᠠᠰᠤ ᠪᠠᠷ ᠪᠦᠷᠢᠯᠳᠤᠭ᠍ᠰᠡᠨ ᠮᠦᠴᠨ ᠶᠢᠨ ᠤᠯᠠᠩᠬᠢ | ᠨᠢ ᠦᠶ᠎ᠡ ᠬᠡᠰᠢᠭᠦᠦ ᠶᠢᠨ ᠭᠡᠰᠡᠭ ᠨᠢ ᠪᠠᠰᠠ ᠬᠦᠳᠡᠯᠭᠡᠭᠰᠡᠨ ᠦᠭᠡᠢ᠂ ᠨᠢ ᠡᠳᠡᠭᠡᠷ ᠮᠦᠴᠨ ᠶᠢ ᠮᠢᠬ᠎ᠠ ᠲᠠᠢ ᠨᠢ | ᠬᠠᠮᠳᠤ ᠤᠷᠤᠰᠢᠭᠤᠯᠭ᠎ᠠ ᠳᠤ ᠵᠠᠷᠤᠭᠰᠠᠨ ᠢ ᠬᠠᠷᠠᠭᠤᠯᠵᠤ ᠪᠠᠶᠢᠨ᠎ᠠ ᠃ ᠡᠶᠢᠮᠦ ᠠᠴᠠ ᠬᠡᠷᠡᠭᠯᠡᠭᠰᠡᠨ ᠠᠮᠢᠳᠠᠨ ᠤ | ᠡᠯ᠎ᠡ ᠭᠡᠰᠡᠭ ᠤᠨ ᠶᠠᠰᠤ ᠠᠴᠠ ᠦᠵᠡᠪᠡᠯ ᠪᠦᠬᠦᠯᠢ ᠠᠮᠢᠳᠠᠨ ᠢ ᠲᠦᠯᠦᠭᠡᠯᠡᠨ ᠲᠠᠭᠠᠭᠤᠯᠵᠤ | ᠤᠷᠤᠰᠢᠭᠤᠯᠤᠭᠰᠠᠨ ᠮᠠᠶ᠋ᠢᠭᠳᠠᠢ᠃ ᠵᠢᠱᠢᠶᠡᠯᠡᠪᠡᠯ ᠠᠮᠢᠳᠠᠨ ᠤ ᠲᠤᠯᠤᠭᠠᠢ ᠶᠢᠨ ᠶᠠᠰᠤ ᠂ ᠶᠡᠭᠡ ᠭᠡᠰᠡᠭ | ᠲᠤᠭᠤᠷᠠᠢ ᠶᠢᠨ ᠶᠠᠰᠤ ︔ ᠵᠠᠷᠢᠮ ᠨᠢ ᠮᠢᠬ᠎ᠠ ᠶᠢᠨ ᠢᠳᠡᠭᠡᠨ ᠪᠤᠯᠭᠠᠵᠤ ᠲᠠᠭᠠᠭᠤᠯᠵᠤ ᠤᠷᠤᠰᠢᠭᠤᠯᠵᠠᠢ᠃ | ᠵᠢᠱᠢᠶᠡᠯᠡᠪᠡᠯ ᠰᠡᠭᠡᠷ ᠶᠠᠰᠤ᠂ ᠬᠠᠪᠢᠷᠭᠠᠨ ᠶᠠᠰᠤ᠂ ᠪᠠ ᠴᠢᠮᠦᠭᠡ ᠶᠠᠰᠤ ᠵᠡᠷᠭᠡ᠃ | ᠵᠡᠷᠯᠢᠭ ᠠᠷᠢᠶᠠᠳᠠᠨ ᠤ ᠶᠠᠰᠤ ᠭᠡᠪᠡᠯ ᠵᠦᠪᠭᠡᠨ ᠪᠤᠭᠤ ᠶᠢᠨ ᠡᠪᠡᠷ 1᠂ ᠬᠠᠭᠠᠷᠠᠭᠰᠠᠨ ᠠᠷᠠᠳᠤ ᠶᠢᠨ ᠲᠡᠭᠡᠷ᠎ᠡ | ᠰᠢᠳᠦ 1᠂ ᠦᠨᠡᠭᠡ ᠶᠢᠨ ᠮᠠᠩᠨᠠᠢ ᠶᠢᠨ ᠶᠠᠰᠤ 1᠂ ᠡᠪᠡᠷ ᠬᠢᠭᠡᠳ ᠰᠢᠳᠤ ᠦᠭᠡᠢ ᠬᠢᠰᠤᠭ᠎ᠠ 1᠂ ᠯᠠᠪᠠᠢ | 2 ᠂ ᠠᠷᠤ ᠳᠠᠭᠠᠨ ᠡᠪᠡᠷ ᠲᠠᠢ ᠰᠢᠳᠤ ᠦᠭᠡᠢ ᠬᠢᠰᠤᠭ᠎ᠠ 2 ᠶᠢ ᠪᠦᠳᠡᠯᠭᠡᠭᠡ ᠪᠤᠯᠭᠠᠨ ᠬᠡᠷᠡᠭᠯᠡᠭᠰᠡᠨ | ᠵᠤᠷᠢᠯᠭ᠎ᠠ ᠶᠢ ᠲᠠᠭᠠᠮᠠᠭᠯᠠᠬᠤ ᠡᠴ᠊ ᠪᠤᠰᠤᠳ ᠶᠠᠰᠤ ᠶᠢᠨ ᠤᠩᠭᠤᠨ ᠳᠤ ᠤᠷᠤᠭᠰᠠᠨ ᠰᠢᠯᠳᠠᠭᠠᠨ ᠪᠠ | ᠬᠡᠷᠡᠭᠴᠡᠭᠡ ᠶᠢ ᠨᠢ ᠮᠡᠳᠡᠬᠦ ᠦᠭᠡᠢ᠃ | | |