ᠡᠴᠢᠬᠡ ᠲᠡᠭᠷᠢ ᠡᠬᠡ ᠭᠠᠵᠠᠷ
ᠨᠡᠶᠢᠲᠡᠯᠡᠭᠰᠡᠨ ᠴᠠᠭ᠄
2020-07-08
ᠫᠦ᠂ ᠰᠠᠨᠠᠭᠠᠷᠪᠦᠣ                       ᠡᠴᠢᠬᠡ ᠲᠡᠭᠷᠢ ᠡᠬᠡ ᠭᠠᠵᠠᠷ                                   —ᠣᠶᠢᠵᠢᠭᠤᠯᠤᠯᠲᠠ ᠶᠢᠨ ᠪᠠᠶᠠᠷ ᠲᠤ ᠵᠣᠷᠢᠭᠤᠯᠪᠠ ᠠᠮᠢᠰᠬᠤᠯᠯᠠᠬᠤ ᠠᠭᠠᠷ ᠦᠭᠬᠦᠭᠰᠡᠨ ᠡᠴᠢᠬᠡ ᠲᠡᠭᠷᠢ   ᠠᠮᠢᠳᠣᠷᠠᠭᠠᠳ ᠶᠠᠪᠣᠬᠤ ᠳᠤ ᠬᠤᠯᠠ ᠶᠢ ᠬᠠᠷᠠᠬᠤ ᠠᠭᠤᠯᠠ ᠦᠭᠬᠦᠭᠰᠡᠨ ᠡᠬᠡ ᠭᠠᠵᠠᠷ   ᠲᠡᠪᠠᠯ ᠠᠳᠠᠯᠢ ᠨᠦᠮᠵᠦᠭ ᠬᠦᠬᠡ ᠲᠡᠭᠷᠢ ᠳᠡᠭᠡᠨ   ᠲᠣᠪᠴᠢ ᠰᠢᠯᠪᠢ ᠮᠡᠳᠣ ᠬᠡᠷᠡᠯᠳᠣᠬᠦ ᠣᠳᠣᠳ ᠦᠭᠬᠦᠭᠰᠡᠨ ᠡᠴᠢᠬᠡ ᠲᠡᠭᠷᠢ   ᠲᠡᠷᠡᠰᠣᠨ ᠨᠠᠮᠠᠭ᠎ᠠ ᠪᠠᠷ ᠴᠦ ᠬᠤᠭᠤᠷᠳᠠᠨ   ᠢᠷᠡᠬᠦ ᠨᠠᠮᠣᠷ ᠢ ᠬᠡᠬᠡᠯᠵᠡᠬᠦᠯᠬᠦ ᠭᠤᠪᠢ ᠲᠠᠯ᠎ᠠ ᠦᠭᠬᠦᠭᠰᠡᠨ‌ᠡᠬᠡ ᠭᠠᠵᠠᠷ   ᠴᠠᠬᠢᠯᠭᠠᠨ ᠪᠣᠷᠤᠭ᠎ᠠ᠂ ᠴᠠᠰᠣ ᠮᠦᠰᠣ ᠦᠭᠬᠦᠭᠰᠡᠨ ᠡᠴᠢᠬᠡ ᠲᠡᠭᠷᠢ   ᠴᠠᠭᠴᠠᠬᠠᠢ ᠪᠦᠷᠬᠦᠳ᠂ ᠮᠣᠷᠢ ᠬᠤᠨᠢ ᠵᠢᠭᠠᠰᠣ ᠮᠡᠯᠡᠬᠡᠢ ᠦᠭᠬᠦᠭᠰᠡᠨ ᠡᠬᠡ ᠭᠠᠵᠠᠷ   ᠵᠦᠪ ᠤᠨ ᠮᠡᠯᠮᠡᠢ ᠠᠷᠢᠭᠤᠰᠬᠠᠬᠤ ᠶᠢᠰᠣᠨ ᠰᠠᠴᠣᠯᠢ ᠶᠢᠨ ᠰᠦ ᠦᠭᠬᠦᠭᠰᠡᠨ ᠡᠴᠢᠬᠡ‌‍ᠲ᠋ᠡᠭᠷᠢ   ᠪᠣᠷᠣᠭᠤ ᠬᠡᠰᠬᠢᠬᠦ ᠳᠤ ᠵᠦᠬᠡᠯᠡᠨ ᠨᠢᠳᠡᠷᠡᠬᠦ ᠲᠠᠷᠨᠢᠰ ᠤᠨ ᠴᠢᠯᠠᠭᠤᠳ ᠦᠭᠬᠦᠭᠰᠡᠨ ᠡᠬᠡ ᠭᠠᠵᠠᠷ   ᠲᠠᠭᠤᠣ ᠦᠭᠬᠦᠨ ᠬᠦᠰᠡᠯ ᠬᠠᠶᠢᠷ᠎ᠠ ᠲᠦᠷᠣᠬᠦᠯᠬᠦ ᠡᠷᠴᠢᠮ ᠬᠦᠴᠣ ᠦᠭᠳᠡᠭ ᠡᠴᠢᠬᠡ ᠲᠡᠭᠷᠢ   ᠲᠣᠷᠠᠯᠠᠯ ᠲᠦᠷᠣᠬᠦᠯᠦᠨ ᠬᠡᠣᠬᠡᠳ ᠢᠨᠢᠶᠡᠯᠬᠡᠬᠦ ᠡᠵᠢ ᠠᠪᠤ‌ᠦᠭᠳᠡᠭ ᠡᠬᠡ ᠭᠠᠵᠠᠷ   ᠲᠣᠳᠠᠬᠤ ᠶᠠᠭᠤᠮ᠎ᠠ ᠦᠬᠡᠢ ᠲᠤᠶᠢᠯᠠᠬᠤ ᠪᠦᠬᠦᠨ ᠢ ᠦᠭᠬᠦᠭᠰᠡᠨ ᠳᠡᠭᠡᠨ ᠰᠠᠯᠬᠢᠯᠠᠭᠰᠠᠭᠠᠷ ᠪᠠᠶᠢᠭ᠎ᠠ ᠡᠴᠢᠬᠡ ᠲᠡᠭᠷᠢ   ᠲᠣᠳᠠᠭᠤ ᠯᠡ ᠪᠠᠶᠢᠨ᠎ᠠ ᠬᠡᠵᠣ ᠭᠠᠰᠠᠯᠠᠨ ᠴᠦᠯᠮᠦᠬᠦ ᠦᠷ᠎ᠡ ᠲᠠᠢ ᠪᠠᠶᠢᠳᠠᠭ ᠲᠠᠭᠠᠨ   ᠭᠠᠩᠳᠠᠭᠰᠠᠭᠠᠷ ᠪᠠᠶᠢᠭ᠎ᠠ ᠡᠬᠡ ᠭᠠᠵᠠᠷ ᠡ         ᠬᠥᠬᠡᠬᠤᠲᠠ ᠶᠢᠨ ᠰᠠᠶᠢᠬᠠᠨ ᠲᠣᠭᠤᠷᠢᠭ18698442717
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号