ᠬᠠᠪᠤᠷ ᠤᠨ ᠴᠢᠮᠡᠭᠡ
ᠨᠡᠶᠢᠲᠡᠯᠡᠭᠰᠡᠨ ᠴᠠᠭ᠄
2020-07-08
ᠨᠠ᠊ · ᠵᠢᠷᠭᠠᠯ ︵ᠠᠷᠤ ᠬᠤᠷᠴᠢᠨ ᠬᠤᠰᠢᠭᠤ 18548636731︶               ᠬᠠᠪᠤᠷ ᠤᠨ ᠴᠢᠮᠡᠭᠡᠬᠠᠪᠤᠷ ᠤᠨ ᠵᠦᠭᠡᠯᠡᠨ ᠴᠠᠭᠠᠨ ᠴᠠᠰᠤᠬᠠᠴᠠᠷ ᠢ ᠦᠨᠦᠰᠦᠨ ᠬᠠᠶᠢᠯᠬᠤ ᠳᠤᠬᠠᠰᠢᠶᠠᠨ ᠳᠠᠬᠢ ᠬᠤᠷᠠᠭ᠎ᠠ ᠢᠰᠢᠭᠡᠬᠠᠷᠠᠨ ᠬᠠᠷᠠᠨ ᠳᠠᠭᠤ ᠪᠠᠨ ᠡᠷᠭᠦᠨ᠎ᠡᠬᠠᠯᠠᠭᠤᠨ ᠬᠡᠪᠲᠡᠷᠢ ᠠᠴᠠ ᠢᠯᠴᠢ ᠢᠯᠪᠢᠬᠦ ᠳᠤᠬᠠᠮᠠᠷ ᠰᠡᠭᠰᠦᠷᠦᠭᠰᠡᠨ ᠲᠦᠯ ᠲᠤᠭᠯᠠᠯᠳᠤᠵᠤᠬᠠᠭᠠᠪᠴᠢ ᠶᠢᠨ ᠴᠠᠭᠠᠨ᠎ᠠ ᠠᠴᠠ ᠡᠪᠡᠰᠦ ᠦᠨᠦᠷᠯᠡᠨᠬᠠᠩᠭᠢᠨᠠᠲᠠᠯ᠎ᠠ ᠮᠠᠶᠢᠯᠠᠨ ᠠᠶᠢᠵᠠᠮ ᠤᠶᠠᠩᠭᠠᠷᠠᠨ᠎ᠠᠤᠭᠵᠢ ᠠᠳᠬᠤᠭᠰᠠᠨ ᠡᠵᠢ ᠶᠢᠨ ᠭᠠᠷ ᠠᠴᠠᠤᠷᠢᠳᠤ ᠶᠢᠨ ᠴᠠᠭ ᠤᠨ ᠰᠦ ᠬᠠᠩᠬᠤᠯᠵᠤᠦᠰᠦᠷᠦᠨ ᠪᠤᠵᠢᠭᠢᠨᠠᠬᠤ ᠬᠤᠷᠠᠭ᠎ᠠ ᠢᠰᠢᠭᠡᠤᠷᠤᠭᠤᠯ ᠳᠤᠯᠢᠶᠠᠨ ᠬᠤᠷᠮᠤᠢ ᠵᠢᠭᠤᠷᠠᠯᠳᠤᠨ᠎ᠠᠰᠢᠪᠡᠭᠡᠨ ᠨᠦᠮᠦᠷᠢ ᠡᠪᠡᠰᠦ ᠴᠢᠮᠬᠢᠯᠡᠬᠦᠰᠢᠭᠢᠷ᠎ᠡ ᠠᠯᠠᠭ ᠬᠠᠷ᠎ᠠ ᠴᠢᠬᠢᠲᠦ ᠬᠤᠨᠢᠰᠢᠮᠡᠯᠳᠦᠬᠦ ᠤᠭᠵᠢ ᠶᠢᠨ ᠴᠢᠮᠡᠭᠡ ᠶᠢ ᠴᠢᠩᠨᠠᠨᠰᠢᠷᠢᠯᠳᠦᠭᠰᠡᠨ ᠨᠤᠤᠰᠤ ᠪᠠᠨ ᠪᠠᠶᠢᠨ ᠪᠠᠶᠢᠨ ᠰᠡᠭᠰᠦᠷᠦᠨ᠎ᠡᠲᠤᠶᠢᠭ ᠤᠨ ᠳᠠᠭᠤᠨ ᠢᠶᠠᠷ ᠰᠦᠷᠦᠭ ᠤᠶᠠᠷᠠᠵᠤᠲᠠᠮᠢᠷ ᠰᠡᠯᠪᠢᠭᠰᠡᠨ ᠲᠦᠯ ᠨᠠᠷᠭᠢᠯᠳᠤᠵᠤᠲᠠᠪᠠᠭ ᠠᠳᠬᠤᠭᠰᠠᠨ ᠬᠡᠤᠬᠡᠳ ᠶᠠᠭᠠᠷᠠᠵᠤᠲᠠᠩᠬᠢᠯ ᠪᠦᠰᠡᠭᠦᠢ ᠰᠠᠨᠴᠢᠭ ᠢᠶᠠᠨ ᠢᠯᠪᠢᠨ᠎ᠡᠢᠰᠡᠭᠡᠢ ᠤᠭᠤᠲᠠ ᠡᠭᠦᠷᠦᠭᠰᠡᠨ ᠢᠳᠡᠷ ᠡᠷ᠎ᠡᠢᠰᠢᠭᠡ ᠬᠤᠷᠠᠭ᠎ᠠ ᠶᠢ ᠡᠬᠡ ᠳᠤᠨᠢ ᠬᠦᠬᠦᠭᠦᠯᠵᠦᠢᠨᠢᠶᠡᠳᠦ ᠲᠤᠳᠤᠷᠠᠭᠰᠠᠨ ᠬᠦᠷᠦᠰᠦᠯᠢᠭ ᠴᠢᠷᠠᠢ ᠨᠢᠡᠰᠡᠷᠡᠭ ᠬᠠᠪᠤᠷ ᠤᠨ ᠴᠠᠰᠤ ᠶᠢ ᠱᠠᠭᠰᠢᠨ᠎ᠠᠤᠭᠤᠷᠠᠭ ᠪᠤᠴᠠᠯᠭᠠᠬᠤ ᠡᠮᠡᠭᠡ ᠶᠢᠨ ᠮᠠᠩᠨᠠᠢ ᠳᠤᠤᠷᠲᠤ ᠡᠪᠦᠯ ᠤᠨ ᠵᠦᠳᠡᠷᠡᠭᠡ ᠨᠢ ᠠᠶᠠᠷᠯᠠᠵᠤᠦᠷᠦᠮ᠎ᠡ ᠵᠤᠵᠠᠭᠠᠷᠠᠬᠤ ᠲᠤᠭᠤᠭ᠎ᠠ ᠪᠠᠨ ᠬᠠᠷᠠᠵᠤᠦᠨᠢᠷ ᠰᠦᠷᠦᠭ ᠤᠨ ᠬᠡᠰᠢᠭ ᠳᠠᠯᠠᠯᠤᠨ᠎ᠠᠰᠦᠷᠦᠭ ᠢᠶᠠᠨ ᠬᠠᠷᠠᠭᠰᠠᠨ ᠪᠤᠭᠤᠷᠤᠯ ᠡᠪᠦᠭᠡᠰᠠᠬᠠᠯ ᠢᠮᠡᠷᠦᠨ ᠴᠠᠭ ᠠᠭᠠᠷ ᠢ ᠰᠢᠨᠵᠢᠵᠤᠰᠡᠭᠦᠯ ᠭᠤᠶᠠᠳᠠᠬᠤ ᠤᠨᠠᠭ᠎ᠠ ᠰᠠᠷᠪᠠ ᠶᠢ ᠪᠠᠭ᠋ᠠᠷᠬᠠᠨᠰᠦᠮᠡᠶᠢᠨ ᠰᠡᠬᠦᠶᠢᠬᠦ ᠠᠰᠬ᠎ᠠ ᠬᠠᠶᠢᠷᠠᠬᠠᠨ ᠳᠤ ᠨᠠᠮᠠᠨᠴᠢᠯᠠᠨ᠎ᠠᠬᠦᠳᠡᠭᠡ ᠠᠶᠢᠯ ᠤᠨ ᠪᠠᠭᠤᠴᠠ ᠨᠡᠭᠦᠳᠡᠯ ᠳᠤᠬᠦᠬᠡᠷᠡᠬᠦ ᠬᠠᠪᠤᠷ ᠤᠨ ᠴᠢᠮᠡᠭᠡ ᠠᠶᠢᠰᠤᠢᠬᠦᠯᠦᠭ ᠴᠤᠪᠬᠤᠴᠠᠬᠤ ᠲᠦᠯᠵᠢᠬᠦ ᠤᠯᠠᠷᠢᠯᠬᠦᠬᠦᠬᠡ ᠶᠢᠨ ᠳᠠᠭᠤ ᠲᠠᠢ ᠠᠶᠢᠯᠴᠢᠯᠠᠨ᠎ᠠᠬᠠᠭᠳᠠ ᠶᠢᠨ ᠨᠤᠭᠤᠭ᠎ᠠ ᠰᠡᠷᠪᠡᠶᠢᠬᠦ ᠳᠤᠬᠠᠯᠠᠭᠤᠨ ᠠᠮᠢᠰᠬᠤᠯ ᠨᠤᠲᠤᠭ ᠢ ᠢᠯᠪᠢᠨ᠎ᠡᠬᠠᠷᠠᠭᠠᠨ ᠤ ᠡᠮᠦᠨ᠎ᠡ ᠰᠦᠷᠦᠭ ᠨᠠᠯᠠᠶᠢᠭᠠᠳᠬᠠᠪᠤᠷ ᠤᠨ ᠳᠠᠭᠤᠤ ᠰᠣᠨᠣᠷ ᠢ ᠪᠠᠶᠠᠰᠬᠠᠨ᠎ᠠ᠃ ᠢᠴᠡᠭᠰᠡᠳ ᠭᠰᠡᠳ ᠬᠦᠳᠡᠯᠬᠦ ᠴᠠᠰᠤ ᠤᠶᠠᠷᠠᠨ ᠴᠢᠭᠢᠭ ᠨᠢ ᠰᠡᠩᠭᠢᠨᠡᠭᠡᠳ ᠬᠦᠷᠦᠰᠦ ᠨᠢ ᠵᠦᠭᠡᠯᠡᠨᠴᠠᠭ ᠠᠭᠠᠷ ᠤᠶᠠᠬᠠᠨ ᠢᠯᠪᠢᠭᠡᠳ ᠨᠠᠷᠠ ᠨᠢ ᠢᠯᠴᠢ  ᠳᠤᠯᠠᠭᠠᠬᠠᠨᠴᠢᠮᠡᠭᠡ ᠠᠨᠢᠷ ᠨᠢ ᠬᠦᠭᠵᠢᠮ ᠰᠢᠭ ᠠᠶᠢᠵᠠᠮᠯᠠᠵᠤ ᠲᠠᠭᠠᠲᠠᠢ ᠡᠶᠡᠯᠰᠡᠭᠴᠡᠴᠡᠭᠯᠡᠬᠦ ᠬᠠᠪᠤᠷ ᠨᠤᠲᠤᠭ ᠲᠤ ᠮᠢᠨᠢ ᠬᠤᠷᠭᠤᠲᠠᠨ ᠠᠶᠠᠲᠠᠢ ᠡᠶᠡᠷᠡᠭᠦᠨᠨᠢᠳᠤᠨᠤᠨ ᠨᠠᠮᠤᠷ ᠢᠴᠡᠭᠡᠯᠡᠵᠦ ᠬᠤᠨᠤᠭᠯᠠᠭᠰᠠᠨ ᠪᠤᠮᠠᠨ ᠠᠮᠢᠲᠠᠨᠨᠠᠷᠠ ᠰᠠᠷᠠᠨ ᠤ ᠤᠷᠴᠢᠯ ᠵᠢᠮ᠎ᠡ ᠪᠠᠷ ᠡᠰᠡᠨ ᠮᠡᠨᠳᠦ ᠴᠠᠭ ᠲᠤᠭᠠᠯᠠᠵᠤᠨᠠᠭᠠᠲᠦ ᠶᠢᠷᠲᠢᠨᠴᠦ ᠶᠢᠨ ᠦᠢᠮᠡᠭᠡᠨ ᠲᠡᠪᠵᠢᠶᠡᠨ ᠠᠯᠢ ᠪᠦᠬᠦᠨ ᠢᠨᠤᠶᠢᠷ ᠠᠴᠠ ᠰᠡᠷᠢᠭᠰᠡᠨ ᠮᠡᠲᠦ ᠠᠵᠢᠭ ᠴᠦ ᠦᠭᠡᠢ ᠬᠤᠷᠸ᠎ᠠ ᠰᠤᠨᠢᠷᠬᠠᠨ᠎ᠠᠤᠳᠠ ᠤᠯᠢᠶᠠᠰᠤ ᠤᠰᠤ ᠭᠦᠶᠦᠭᠡᠳ ᠨᠠᠮᠠᠭ᠎ᠠ ᠰᠠᠯᠠᠭ᠎ᠠ ᠦᠶᠦᠭᠯᠢᠭᠠᠭᠤᠯᠠ ᠶᠢᠨ ᠪᠡᠯᠴᠢᠭᠡᠷ ᠦᠵᠢᠯ ᠪᠤᠲᠠ ᠡᠭᠡᠯᠵᠢᠯᠡᠬᠦ ᠤᠯᠠᠷᠢᠯ ᠢ ᠲᠠᠭᠤᠵᠤᠠᠳᠤᠭᠤ ᠦᠬᠡᠷ ᠬᠦᠴᠦ ᠰᠡᠯᠪᠢᠨ ᠨᠡᠭᠦᠳᠡᠯ ᠤᠨ ᠴᠤᠪᠤᠭ᠎ᠠ ᠮᠦᠰᠭᠢᠵᠦᠠᠭᠢ ᠦᠨᠦᠷᠯᠡᠨ ᠨᠤᠭᠤᠭ᠎ᠠ ᠴᠢᠮᠬᠢᠯᠡᠬᠦ ᠰᠠᠶᠢᠬᠠᠨ ᠴᠠᠭ ᠢ ᠴᠢᠩᠨᠠᠨ᠎ᠠᠡᠷᠭᠢᠯᠲᠡ ᠪᠠᠷ ᠢᠷᠡᠬᠦ ᠬᠤᠷᠢᠨ ᠳᠦᠷᠪᠡᠨ ᠤᠯᠠᠷᠢᠯ ᠵᠢᠷᠦᠮ ᠢᠶᠠᠷ ᠴᠦᠷᠬᠦᠯᠡᠵᠦᠡᠰᠡᠨ ᠮᠡᠨᠳᠦ ᠶᠢᠨ ᠪᠡᠯᠭᠡᠲᠦ ᠴᠠᠭ ᠬᠤᠷ᠎ᠠ ᠰᠢᠮᠡᠳᠬᠦ ᠲᠡᠵᠢᠭᠡᠯ ᠢᠪᠡᠭᠡᠵᠦᠡᠩ ᠳᠡᠯᠡᠬᠡᠢ ᠡᠩᠬᠡᠵᠢ ᠠᠮᠢᠯᠠᠬᠤ ᠲᠡᠷᠡ ᠴᠠᠭ ᠰᠦᠷᠦᠭ ᠪᠠᠶᠠᠰᠤᠨ ᠲᠤᠭᠯᠠᠵᠤᠡᠮᠡᠭᠡᠯ ᠳᠡᠭᠡᠷ᠎ᠡ ᠪᠠᠨ ᠲᠠᠪᠠᠲᠠᠢ ᠰᠠᠭᠤᠬᠤ ᠡᠷ᠎ᠡ ᠡᠷᠭᠢᠨ ᠬᠠᠷᠠᠵᠤ ᠰᠠᠷᠠᠪᠴᠢᠯᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号