ᠮᠤᠩᠭᠤᠯ ᠰᠤᠨᠢᠨ ᠢᠶᠠᠨ ᠤᠩᠰᠢᠯ᠎ᠠ ᠪᠢ ᠁
ᠨᠡᠶᠢᠲᠡᠯᠡᠭᠰᠡᠨ ᠴᠠᠭ᠄
2020-07-08
ᠮᠤᠩᠭᠤᠯ ᠰᠤᠨᠢᠨ ᠢᠶᠠᠨ ᠤᠩᠰᠢᠯ᠎ᠠ ᠪᠢ ᠁ ᠮᠤᠩᠭᠤᠯ ᠰᠤᠨᠢᠨ ᠢᠶᠠᠨ ᠤᠩᠰᠢᠯ᠎ᠠ ᠪᠢ︕ ᠪᠤᠰᠤᠭ᠎ᠠ ᠵᠢᠯᠤᠭᠤ ᠲᠠᠢ ᠮᠤᠩᠭᠤᠯ ᠤᠨ ᠮᠢᠨᠢ ᠬᠡᠶᠢᠮᠦᠷᠢ ᠪᠤᠢ ᠬᠡᠵᠤ ᠤᠩᠰᠢᠯ᠎ᠠ᠂ ᠪᠤᠯᠵᠤᠭ᠎ᠠ ᠤᠯᠠᠨ ᠲᠠᠢ ᠮᠠᠷᠭᠠᠰᠢ ᠤᠨ ᠮᠢᠨᠢ ᠢᠳᠡᠬᠡᠯ ᠪᠤᠢ ᠬᠡᠵᠤ ᠤᠩᠰᠢᠯ᠎ᠠ᠂ ᠪᠤᠷᠬᠠᠨ ᠬᠠᠯᠳᠤᠨ ᠠᠴᠠ ᠡᠰᠢᠯᠡᠭᠰᠡᠨ ᠤᠮᠤᠭᠰᠢᠯ ᠪᠤᠢ ᠬᠡᠵᠤ ᠤᠩᠰᠢᠯ᠎ᠠ  ᠂ ᠪᠤᠱᠤᠭ ᠤᠯᠠᠷᠢᠯ ᠤᠨ ᠲᠡᠪᠴᠢᠶᠠᠨ ᠳᠤ ᠤᠬᠠᠭᠠᠷᠠᠯ ᠪᠤᠢ ᠬᠡᠵᠤ ᠤᠩᠰᠢᠯ᠎ᠠ  ᠃ ᠦᠰᠬᠦ ᠠᠴᠠ ᠰᠤᠷᠤᠭᠰᠠᠨ ᠬᠡᠯᠡ᠂ ᠠᠮᠢ ᠮᠢᠨᠢ ᠪᠤᠢ ᠬᠡᠵᠤ ᠤᠩᠰᠢᠯ᠎ᠠ᠂ ᠦᠨᠢᠳᠡ ᠤᠷᠤᠰᠢᠬᠤ ᠰᠤᠶᠤᠯ ᠦᠨᠳᠤᠰᠤ ᠮᠢᠨᠢ ᠪᠤᠢ ᠬᠡᠵᠤ ᠤᠩᠰᠢᠯ᠎ᠠ᠂ ᠦᠢᠯᠡᠰ ᠤᠨ ᠲᠤᠷᠭᠠᠨ ᠵᠢᠯᠤᠭᠤ ᠲᠦᠯᠬᠢᠬᠦᠷ ᠮᠢᠨᠢ ᠪᠤᠢ ᠬᠡᠵᠤ ᠤᠩᠰᠢᠯ᠎ᠠ᠂ ᠦᠨᠡᠯᠡᠰᠢ ᠦᠭᠡᠢ ᠬᠦᠷᠦᠩᠬᠡ ᠪᠤᠶᠠᠨ ᠮᠢᠨᠢ ᠪᠤᠢ ᠬᠡᠵᠤ ᠤᠩᠰᠢᠯ᠎ᠠ᠃ ᠮᠤᠩᠭᠤᠯ ᠰᠤᠨᠢᠨ ᠢᠶᠠᠨ ᠤᠩᠰᠢᠯ᠎ᠠ︕ ᠭᠠᠭᠴᠠ ᠪᠤᠰᠤᠭ᠎ᠠ ᠦᠰᠦᠭ ᠢᠶᠠᠨ ᠭᠠᠵᠠᠷᠳᠠᠭᠤᠯᠬᠤ ᠦᠭᠡᠢ ᠬᠡᠵᠤ ᠤᠩᠰᠢᠯ᠎ᠠ᠂ ᠭᠠᠯᠪᠠ ᠳᠤ ᠬᠤᠪᠤᠷᠬᠠᠨ ᠲᠡᠤᠬᠡ ᠪᠠᠨ ᠲᠠᠰᠤᠯᠳᠠᠭᠤᠯᠬᠤ ᠦᠭᠡᠢ ᠬᠡᠵᠤ ᠤᠩᠰᠢᠯ᠎ᠠ᠂ ᠭᠠᠵᠠᠷ ᠠᠭᠤᠳᠠᠮ ᠨᠤᠳᠤᠭ ᠢᠶᠠᠨ ᠭᠭᠢᠷᠳᠦᠬᠦᠯᠬᠦ ᠦᠭᠡᠢ ᠬᠡᠵᠤ ᠤᠩᠰᠢᠯ᠎ᠠ᠂ ᠭᠠᠯᠠᠭᠤ ᠲᠠᠬᠡᠰᠤᠯᠡᠭᠰᠡᠨ ᠬᠦᠨᠳᠡᠢ ᠪᠠᠨ ᠭᠠᠩᠰᠠᠷᠠᠭᠤᠯᠬᠤ ᠦᠭᠡᠢ ᠬᠡᠵᠤ ᠤᠩᠰᠢᠯ᠎ᠠ᠃ ᠭᠠᠳᠠᠭᠠᠳᠦ ᠲᠡᠩᠬᠢᠰ ᠲᠡᠯᠡᠢ ᠶᠢᠨ ᠶᠡᠭᠡ ᠶᠢ ᠬᠠᠷᠠᠨ ᠤᠩᠰᠢᠯ᠎ᠠ᠂ ᠭᠠᠶᠢᠬᠠᠮ ᠬᠤᠷᠢᠨ ᠨᠢᠬᠡᠳᠦᠬᠡᠷ ᠵᠠᠭᠤᠨ ᠤ ᠨᠢᠭᠤᠴᠠ ᠶᠢ ᠠᠵᠢᠨ ᠤᠩᠰᠢᠯ᠎ᠠ᠂ ᠭᠠᠨᠵᠤᠭ᠎ᠠ ᠲᠦᠬᠦᠷᠡᠩ ᠮᠠᠷᠭᠠᠰᠢ ᠤᠨ ᠬᠢ ᠪᠠᠨ ᠬᠦᠨᠳᠦ ᠶᠢ ᠰᠡᠳᠬᠢᠨ ᠤᠩᠰᠢᠯ᠎ᠠ᠂ ᠭᠠᠳᠠᠨ᠎ᠠ ᠬᠡᠳᠦᠢ ᠬᠢᠮᠦᠷᠤᠯᠳᠦᠭᠰᠡᠨ ᠴᠦ ᠦᠨᠡᠨ ᠢ ᠮᠦᠷᠳᠡᠨ ᠤᠩᠰᠢᠯ᠎ᠠ᠃ ᠮᠤᠩᠭᠤᠯ ᠰᠤᠨᠢᠨ ᠢᠶᠠᠨ ᠤᠩᠰᠢᠯ᠎ᠠ︕ ᠠᠬᠢ ᠶᠢᠨ ᠦᠨᠦᠷ ᠲᠠᠢ ᠰᠡᠯᠬᠢ ᠪᠠᠨ ᠬᠡᠵᠤ ᠴᠡᠪᠡᠷᠬᠡᠨ ᠢ ᠰᠠᠨᠠᠨ ᠤᠩᠰᠢᠯ᠎ᠠ᠂ ᠠᠯᠠᠭ ᠴᠡᠴᠡᠭ ᠤᠨ ᠬᠠᠩᠭᠠᠢ ᠪᠠᠨ ᠬᠡᠵᠤ ᠠᠭᠤᠳᠠᠮ ᠢ ᠰᠠᠨᠠᠨ ᠤᠩᠰᠢᠯ᠎ᠠ᠂ ᠠᠯᠳᠠᠭᠠᠨ᠎ᠠ ᠬᠠᠷᠭᠠᠨ᠎ᠠ ᠲᠠᠢ ᠴᠠᠶᠢᠳᠠᠮ ᠢᠶᠠᠨ ᠬᠡᠵᠤ ᠦᠨᠳᠦᠷᠯᠢᠭ ᠢᠶᠠᠨ ᠰᠠᠨᠠᠨ ᠤᠩᠰᠢᠯ᠎ᠠ᠂ ᠠᠯᠤᠰ ᠲᠤ ᠠᠨᠢᠷᠳᠤᠬᠤ ᠴᠤᠤᠷᠢᠶᠠᠨ ᠬᠡᠵᠤ ᠡᠬᠡᠰᠢᠭ ᠨᠡᠮᠡᠨ ᠤᠩᠰᠢᠯ᠎ᠠ᠃ ᠲᠠᠯ᠎ᠠ ᠤᠨ ᠴᠡᠩᠬᠡᠷ ᠭᠤᠷᠤᠬ᠎ᠠ ᠬᠡᠵᠤ ᠴᠢᠬᠢᠭ ᠢ ᠰᠠᠨᠠᠨ ᠤᠩᠰᠢᠯ᠎ᠠ᠂ ᠲᠠᠪᠤᠨ ᠦᠩᠬᠡ ᠶᠢᠨ ᠴᠡᠴᠡᠬᠡᠰ ᠢᠶᠠᠨ ᠬᠡᠵᠤ ᠰᠠᠶᠢᠨ ᠢ ᠰᠠᠨᠠᠨ ᠤᠩᠰᠢᠯ᠎ᠠ᠂ ᠲᠠᠶᠢᠷᠠᠭ ᠤᠨ ᠠᠮᠳᠠ ᠲᠠᠢ ᠬᠦᠳᠡᠭᠡ ᠪᠠᠨ ᠬᠡᠵᠤ ᠨᠤᠳᠤᠭ ᠢᠶᠠᠨ ᠰᠠᠨᠠᠨ ᠤᠩᠰᠢᠯ᠎ᠠ᠂ ᠲᠠᠯᠪᠢᠭᠤᠨ ᠡᠶᠠᠯᠰᠡᠭ ᠮᠤᠩᠭᠤᠯ ᠢᠶᠠᠨ ᠬᠡᠵᠤ ᠪᠦᠬᠦᠳᠡ ᠶᠢ ᠰᠠᠨᠠᠨ ᠤᠩᠰᠢᠯ᠎ᠠ᠃ ᠮᠤᠩᠭᠤᠯ ᠰᠤᠨᠢᠨ ᠢᠶᠠᠨ ᠤᠩᠰᠢᠯ᠎ᠠ︕ ᠭᠠᠩ ᠬᠡᠴᠡᠬᠦᠦ ᠴᠠᠭ ᠤᠨ ᠬᠤᠷ᠎ᠠ ᠶᠢ ᠰᠠᠨᠠᠨ ᠤᠩᠰᠢᠯ᠎ᠠ᠂ ᠭᠠᠯ ᠢᠶᠠᠨ ᠮᠠᠨᠠᠭᠰᠠᠨ ᠦᠴᠦᠬᠡᠳᠦᠷ ᠤᠨ ᠬᠢ ᠪᠠᠨ ᠴᠤᠭ ᠢ ᠰᠠᠨᠠᠨ ᠤᠩᠰᠢᠯ᠎ᠠ᠂ ᠭᠠᠭᠴᠠᠭᠠᠷᠳᠡᠮᠠᠷ ᠨᠤᠮᠤᠢ ᠦᠶᠡᠰ ᠤᠨ ᠬᠠᠨᠢ ᠪᠠᠨ ᠰᠠᠨᠠᠨ ᠤᠩᠰᠢᠯ᠎ᠠ᠂ ᠭᠠᠯᠳᠠᠢ ᠴᠤᠭᠳᠠᠢ ᠦᠢᠯᠡᠰ ᠢ ᠬᠢ ᠪᠠᠨ ᠬᠡᠶᠢᠮᠦᠷᠢ ᠪᠠᠨ ᠰᠠᠨᠠᠨ ᠤᠩᠰᠢᠯ᠎ᠠ᠃ ᠮᠤᠩᠭᠤᠯ ᠨᠤᠳᠤᠭ ᠲᠤ ᠲᠦᠷᠦᠭᠰᠡᠨ ᠳᠤ ᠪᠠᠨ ᠤᠳᠤᠳ ᠢᠶᠠᠨ ᠰᠠᠨᠠᠨ ᠤᠩᠰᠢᠯ᠎ᠠ᠂ ᠮᠤᠷᠢᠨ ᠨᠢᠷᠤᠭᠤᠨ ᠲᠡᠬᠡᠷ᠎ᠡ ᠦᠰᠦᠭᠰᠡᠨ ᠳᠤ ᠪᠠᠨ ᠲᠦᠷᠦᠬᠡ ᠪᠠᠨ ᠰᠠᠨᠠᠨ ᠤᠩᠰᠢᠯ᠎ᠠ᠂ ᠮᠤᠳᠤᠨ ᠲᠡᠷᠬᠡ ᠪᠠᠷ ᠨᠡᠬᠦᠳᠡᠭ ᠳᠤ ᠪᠠᠨ ᠴᠤᠪᠤᠭ᠎ᠠ ᠪᠠᠨ ᠰᠠᠨᠠᠨ ᠤᠩᠰᠢᠯ᠎ᠠ᠂ ᠮᠦᠩᠬᠡ ᠲᠡᠭᠷᠢ ᠰᠢᠳᠦᠬᠡᠨ ᠲᠠᠢ ᠪᠠᠨ ᠶᠡᠷᠳᠢᠨᠴᠦ ᠪᠠᠨ ᠰᠠᠨᠠᠨ ᠤᠩᠰᠢᠯ᠎ᠠ᠃ ᠮᠤᠩᠭᠤᠯ ᠰᠤᠨᠢᠨ ᠢᠶᠠᠨ ᠤᠩᠰᠢᠭᠰᠠᠨ ᠶᠤᠮ︕ ᠪᠤᠯᠪᠠᠰᠤᠨ ᠰᠠᠶᠢᠬᠠᠨ ᠰᠤᠶᠤᠯ ᠮᠢᠨᠢ ᠪᠤᠯᠬᠤᠷ ᠪᠠᠭ᠋ᠠᠷᠬᠠᠨ ᠪᠠᠶᠢᠵᠤ ᠤᠩᠰᠢᠭᠰᠠᠨ ᠶᠤᠮ᠂ ᠪᠤᠰᠴᠦ ᠬᠠᠳᠠᠭᠤᠵᠢᠭᠰᠠᠨ ᠮᠦᠷ ᠮᠢᠨᠢ ᠪᠤᠯᠬᠤᠷ ᠤᠬᠠᠭᠠᠷᠠᠨ ᠪᠠᠶᠢᠵᠤ ᠤᠩᠰᠢᠭᠰᠠᠨ ᠶᠤᠮ᠂ ᠪᠤᠳᠤᠯ ᠤᠬᠠᠭᠠᠨ ᠤ ᠲᠡᠯᠡᠰᠳᠦ ᠮᠢᠨᠢ ᠪᠤᠯᠬᠤᠷ ᠰᠢᠮᠢᠵᠢᠨ ᠪᠠᠶᠢᠵᠤ ᠤᠩᠰᠢᠭᠰᠠᠨ ᠶᠤᠮ᠂ ᠪᠤᠴᠠᠵᠤ ᠪᠤᠯᠤᠰᠢ ᠦᠭᠡᠢ ᠮᠦᠷ ᠮᠢᠨᠢ ᠪᠤᠯᠬᠤᠷ ᠰᠢᠭᠰᠢᠯᠡᠨ ᠪᠠᠶᠢᠵᠤ ᠤᠩᠰᠢᠭᠰᠠᠨ ᠶᠤᠮ᠃ ᠰᠦᠮᠪᠦᠷ ᠠᠭᠤᠯᠠ ᠶᠢ ᠲᠠᠪᠠᠭ᠋ᠤ ᠰᠦᠰᠦ ᠮᠢᠨᠢ ᠪᠤᠢ ᠬᠡᠵᠤ ᠤᠩᠰᠢᠭᠰᠠᠨ ᠶᠤᠮ᠂ ᠰᠦᠨ ᠲᠠᠯᠠᠢ ᠶᠢ ᠬᠡᠳᠦᠯᠬᠦ ᠬᠠᠶᠢᠷ᠎ᠠ ᠮᠢᠨᠢ ᠪᠤᠢ ᠬᠡᠵᠤ ᠤᠩᠰᠢᠭᠰᠠᠨ ᠶᠤᠮ᠂ ᠰᠡᠬᠦᠳᠡᠷ ᠲᠠᠢ ᠲᠠᠯ᠎ᠠ ᠪᠠᠨ ᠡᠭᠰᠢᠬᠡᠬᠦ ᠢᠯᠴᠢ ᠮᠢᠨᠢ ᠪᠤᠢ ᠬᠡᠵᠤ ᠤᠩᠰᠢᠭᠰᠠᠨ ᠶᠤᠮ᠂ ᠰᠡᠵᠢᠭ ᠤᠯᠠᠨ ᠲᠠᠢ ᠮᠤᠩᠭᠤᠯᠴᠤᠳ ᠤᠨ ᠮᠢᠨᠢ ᠰᠦᠵᠦᠭ ᠪᠤᠢ ᠬᠡᠵᠤ ᠤᠩᠰᠢᠭᠰᠠᠨ ᠶᠤᠮ᠃ ᠮᠤᠩᠭᠤᠯ ᠰᠤᠨᠢᠨ ᠢᠶᠠᠨ ᠤᠩᠰᠢᠭᠰᠠᠨ ᠶᠤᠮ︕ ᠠᠪᠤ ᠶᠢᠨ ᠠᠪᠤ ᠶᠢᠨ ᠦᠯᠡᠳᠡᠬᠡᠭᠰᠡᠨ ᠲᠠᠶ᠋ᠢᠭ ᠪᠤᠢ ᠬᠡᠵᠤ ᠤᠩᠰᠢᠭᠰᠠᠨ ᠶᠤᠮ᠂ ᠠᠬ᠎ᠠ ᠶᠢᠨ ᠠᠬ᠎ᠠ ᠶᠢᠨ ᠴᠡᠯᠬᠢᠭᠤᠯᠤᠭᠰᠠᠨ ᠬᠦᠯᠦᠭ ᠪᠤᠢ ᠬᠡᠵᠤ ᠤᠩᠰᠢᠭᠰᠠᠨ ᠶᠤᠮ᠂ ᠠᠩᠭ᠎ᠠ ᠶᠢᠨ ᠠᠩᠭ᠎ᠠ ᠳᠤ ᠠᠮᠳᠠᠷᠠᠬᠤ ᠬᠦᠨᠡᠰᠦ ᠪᠤᠢ ᠬᠡᠵᠤ ᠤᠩᠰᠢᠭᠰᠠᠨ ᠶᠤᠮ᠂ ᠠᠯᠳᠠᠷ ᠨᠢ ᠪᠤᠰᠤᠭ᠎ᠠ ᠮᠤᠩᠭᠤᠯ ᠤᠨ ᠮᠢᠨᠢ ︽ᠬᠦᠮᠦᠨ︾ ᠨᠢ ᠪᠤᠢ ᠬᠡᠵᠤ ᠤᠩᠰᠢᠭᠰᠠᠨ ᠶᠤᠮ᠃ ᠲᠤᠰᠤᠯ ᠬᠤᠷᠠᠭᠰᠠᠭᠠᠷ ᠲᠠᠯᠠᠢ ᠪᠤᠯᠬᠤ ᠶᠢᠨ ᠨᠡᠮᠡᠬᠦᠷᠢ ᠪᠡᠶᠢᠯᠬᠦᠢ ᠬᠡᠵᠤ ᠤᠩᠰᠢᠭᠰᠠᠨ ᠶᠤᠮ᠂ ᠲᠤᠷᠠᠰᠢᠯ ᠨᠡᠮᠡᠭᠳᠡᠭᠰᠡᠬᠡᠷ ᠪᠠᠭ᠋ᠠᠷᠬᠠᠯ ᠪᠤᠯᠬᠤ ᠶᠢᠨ ᠤᠷᠢᠳᠠᠯ ᠪᠠᠶᠢᠯᠬᠦᠢ ᠬᠡᠵᠤ ᠤᠩᠰᠢᠭᠰᠠᠨ ᠶᠤᠮ᠂ ᠲᠤᠷ᠎ᠠ ᠠᠯᠳᠠᠷᠠᠭᠰᠠᠨ ᠨᠢᠬᠡᠨ ᠳᠤ ᠨᠢ ᠲᠠᠶᠢᠳᠬᠤᠷᠠᠯ ᠪᠠᠶᠢᠯᠬᠦᠢ ᠬᠡᠵᠤ ᠤᠩᠰᠢᠭᠰᠠᠨ ᠶᠤᠮ᠂ ᠲᠤᠮᠳᠠᠳᠦ ᠶᠢᠨ ᠠᠷᠤᠤᠬᠠᠨ ᠵᠡᠬᠦᠳᠦ ᠲᠡᠷᠬᠡᠯᠰᠢᠬᠦ ᠪᠠᠶᠢᠯᠬᠦᠢ ᠬᠡᠵᠤ ᠤᠩᠰᠢᠭᠰᠠᠨ ᠶᠤᠮ᠃ ᠮᠤᠩᠭᠤᠯ ᠰᠤᠨᠢᠨ ᠢᠶᠠᠨ ᠤᠩᠰᠢᠭᠰᠠᠨ ᠶᠤᠮ ᠡ︕  ᠡᠬᠡ ᠪᠢᠴᠢᠭ᠄  ᠰ᠊᠂ ᠪᠠᠶ᠋ᠬᠠᠷᠳᠡᠨᠢ  ᠬᠠᠷᠢᠯᠴᠠᠬᠤ ᠬᠠᠶ᠋ᠢᠭ᠄赤峰市巴林右旗大板镇查干沐沦街西     段84号大板镇农村信用社值班室 ᠬᠠᠷᠢᠯᠴᠠᠬᠤ ᠬᠦᠮᠦᠨ᠄ ᠲᠡᠬᠦᠰᠪᠢᠯᠢᠭ ᠤᠳᠠᠰᠤ᠄ 15124962485
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号