ᠬᠤᠯᠪᠤᠭ᠎ᠠ
ᠨᠡᠶᠢᠲᠡᠯᠡᠭᠰᠡᠨ ᠴᠠᠭ᠄
2020-07-08
           ᠬᠠᠮᠳᠤ ᠶᠢᠨ ᠬᠦᠴᠤ ᠢᠯᠠᠭᠳᠠᠰᠢ ᠦᠭᠡᠢ                    ᠭᠤᠶᠢᠵᠢᠳᠨᠤᠷᠪᠤ ᠵᠤᠬᠢᠶᠠᠨ ᠬᠤᠭᠤᠷᠳᠠᠨ ᠭᠡᠯᠡᠨ᠎ᠠ ᠬᠤᠭᠤᠷᠴᠢ ᠶᠢᠨ ᠠᠯᠳᠠᠷ ᠲᠠᠢ ᠪᠠᠶᠢᠭᠠᠳ ᠬᠤᠯᠪᠤᠵᠤ ᠲᠠᠭᠤᠯᠠᠬᠤ ᠦᠭᠡᠢ ᠴᠦ ᠪᠤᠯᠤᠨ᠎ᠠ ᠤᠤ ᠳ᠋ᠠ ᠬᠤᠭᠤᠷ ᠤᠨ ᠰᠠᠶᠢᠬᠠᠨ ᠡᠭᠡᠰᠢᠭ ᠢᠶᠠᠷ ᠢᠶᠠᠨ ᠬᠤᠳᠠᠯᠠ ᠳᠠᠭᠠᠨ ᠵᠤᠯᠭᠠᠬᠤ ᠦᠭᠡᠢ ᠪᠤᠯ ᠬᠠᠷᠠᠮᠰᠠᠯ ᠶᠤᠮ        ᠤᠷᠠᠯᠢᠭᠴᠢ ᠠᠯᠳᠠᠷ ᠲᠠᠢ ᠪᠠᠶᠢᠭᠠᠳ        ᠤᠬᠠᠭᠤᠯᠵᠤ ᠲᠠᠭᠤᠯᠠᠬᠤ ᠦᠭᠡᠢ ᠴᠦ ᠪᠤᠯᠤᠨ᠎ᠠ ᠤᠤ ᠳ᠋ᠠ        ᠤᠶᠠᠩᠭ᠎ᠠ ᠰᠢᠯᠦᠭ ᠤᠨ ᠬᠠᠳᠠᠭ ᠲᠠᠢ ᠪᠠᠨ        ᠤᠯᠠᠨ ᠲᠠᠢ ᠪᠠᠨ ᠤᠴᠠᠷᠠᠬᠤ ᠦᠭᠡᠢ ᠪᠤᠯ ᠭᠡᠮᠰᠢᠯ ᠶᠤᠮ ᠤᠯᠠᠨ ᠬᠦᠮᠤᠰ ᠬᠦᠳᠡᠯᠦᠯᠴᠡᠬᠦ ᠳᠤ ᠤᠪᠤᠭ᠎ᠠ ᠪᠠᠰᠠ ᠬᠦᠳᠡᠯᠳᠡᠭ ᠶᠤᠮ ᠦᠬᠠᠨ ᠤ ᠬᠢᠵᠢᠭ ᠢ ᠰᠦᠨᠦᠭᠡᠬᠦ   ᠳᠤ ᠤᠶᠤᠨ ᠤ ᠬᠦᠴᠤ ᠪᠠᠨ ᠨᠠᠮᠠᠷᠢᠯᠡᠶ᠎ᠠ        ᠠᠭᠤᠯᠠ ᠬᠠᠳᠠᠨ ᠤ ᠴᠤᠤᠷᠢᠶᠠᠨ ᠳᠤ        ᠵᠢᠬᠦᠷᠳᠡᠨ ᠠᠷᠢᠶᠠᠳᠠᠨ ᠦᠷᠬᠦᠳᠡᠭ ᠶᠤᠮ ᠰᠢᠤ        ᠤᠯᠠᠨ ᠨᠠᠶᠢᠳᠠ ᠶᠢᠨ ᠢᠶᠠᠨ ᠲᠡᠪᠵᠢᠶᠠᠨ ᠳᠤ        ᠵᠢᠷᠦᠭᠡ ᠰᠡᠳᠬᠢᠯ ᠮᠢᠨᠢ ᠲᠤᠭᠳᠤᠯᠬᠤ ᠶᠤᠮ ᠰᠢᠤ ᠳ᠋ᠧ ᠰᠠᠶᠢᠬᠠᠨ ᠢᠳᠡᠭᠡᠨ ᠰᠢᠯᠢᠭᠰᠡᠭᠡᠷ ᠪᠠᠶᠢᠭᠠᠳ ᠰᠠᠷᠢᠰᠤᠨ ᠪᠠᠭᠪᠠᠭ᠋ᠠᠢ ᠳᠤ ᠪᠠᠭᠤᠵᠠᠭᠠᠵᠤ ᠭᠡᠨ᠎ᠠ ᠰᠠᠷᠨᠢᠬᠤ ᠳᠤ ᠲᠦᠪᠡᠭᠳᠡᠢ ᠲᠢᠳᠢᠮᠯᠢᠭ ᠸᠢᠷᠦ᠋ᠰ ᠨᠢ ᠰᠠᠯᠬᠢᠨ ᠤ ᠠᠶᠠᠰ ᠢᠶᠠᠷ ᠲᠡᠭᠳᠡᠵᠤ ᠭᠡᠨ᠎ᠠ        ᠠᠮᠳᠠ ᠶᠢᠨ ᠤᠬᠢ ᠭᠡᠵᠤ ᠡᠷᠢᠭᠰᠡᠭᠡᠷ ᠪᠠᠶᠢᠵᠤ        ᠠᠭᠤᠢ ᠶᠢᠨ ᠪᠠᠭᠪᠠᠭ᠋ᠠᠢ ᠳᠤ ᠬᠦᠷᠤᠯ᠎ᠠ ᠭᠡᠨ᠎ᠠ ᠰᠢᠤ        ᠠᠶᠤᠯ ᠶᠡᠭᠡᠳᠡᠢ ᠬᠢᠵᠢᠭ ᠡᠪᠠᠳᠴᠢᠨ ᠨᠢ        ᠠᠷᠠᠳ ᠤᠨ ᠲᠤᠮᠳᠠ ᠲᠡᠯᠭᠡᠷᠡᠭᠰᠡᠨ ᠶᠤᠮ ᠰᠢᠤ ᠬᠤᠯᠤᠭᠠᠨ᠎ᠠ ᠵᠢᠯ ᠤᠨ ᠡᠬᠢᠨ ᠤ ᠡᠳᠤᠷ ᠬᠤᠷᠠᠯᠳᠤᠭᠠᠨ ᠪᠤᠯᠤᠯ᠎ᠠ ᠲᠦᠪ ᠬᠤᠷᠢᠶ᠎ᠠ ᠬᠤᠪᠸᠢ ᠳᠤ ᠲᠡᠯᠭᠡᠷᠡᠭᠰᠡᠨ ᠬᠢᠵᠢᠭ ᠢ ᠬᠤᠷᠳᠤᠨ ᠬᠤᠷᠢᠭᠯᠠᠬᠤ ᠲᠤᠭᠳᠠᠭᠠᠯ ᠭᠠᠷᠭᠠᠵᠠᠢ        ᠰᠢ ᠶᠢᠨ ᠫᠢᠩ ᠲᠠᠷᠢᠬᠦᠯᠡᠭᠴᠢ        ᠰᠢᠨ᠎ᠠ ᠶᠢᠨ ᠨᠢᠭᠡᠨ ᠳᠤ ᠬᠤᠷᠠᠯ ᠡᠷᠬᠢᠯᠡᠵᠡᠢ        ᠰᠢᠷᠦᠬᠦᠭᠡᠨ ᠲᠡᠯᠭᠡᠷᠡᠭᠰᠡᠨ ᠠᠭᠤᠰᠬᠢᠨ ᠦᠷᠪᠢᠰᠤᠯ ᠢ        ᠱᠦᠬᠦᠷᠳᠡᠵᠤ ᠠᠷᠢᠯᠭᠠᠬᠤ ᠵᠠᠷᠯᠢᠭ ᠪᠠᠭᠤᠯᠭᠠᠵᠠᠢ ᠲᠦᠭ ᠲᠦᠮᠡᠨ ᠡᠮᠴᠢ ᠰᠤᠪᠢᠯᠠᠭᠴᠢ ᠤᠳ ᠭᠠᠪᠰᠢᠭᠠᠢ ᠪᠤᠯᠵᠤ ᠪᠠᠶᠢᠯᠳᠤᠭᠠᠳ ᠤᠷᠤᠯ᠎ᠠ ᠲᠦᠷᠤ ᠶᠢᠨ ᠶᠠᠪᠤᠳᠠᠯ ᠤᠨ ᠶᠠᠷᠦᠩᠭᠡᠢ ᠰᠠᠶᠢᠳ ᠭᠠᠯ ᠹᠷᠤᠨᠲ ᠢ ᠵᠢᠯᠤᠭᠤᠳᠤᠯ᠎ᠠ ᠰᠢᠤ       ᠨᠠᠮ ᠤᠨ ᠭᠡᠰᠢᠬᠦᠨ ᠬᠤᠰᠢᠭᠤᠷᠠᠭᠠᠳ       ᠨᠠᠨᠳᠢᠨ ᠠᠮᠢ ᠪᠠᠨ ᠴᠦᠯᠠᠵᠤ ᠪᠠᠶᠢᠨ᠎ᠠ       ᠨᠠᠮᠤᠰᠤ ᠬᠢᠵᠢᠭ ᠤᠨ ᠲᠤᠮᠳᠠ ᠠᠴᠠ       ᠨᠠᠷᠪᠡᠭᠳᠡᠭᠰᠡᠨ ᠬᠦᠮᠤᠰ ᠢ ᠠᠪᠤᠷᠠᠵᠤ ᠪᠠᠶᠢᠨ᠎ᠠ ᠠᠮᠢ ᠪᠠᠶ᠎ᠠ ᠪᠠᠨ ᠴᠦᠯᠡᠭᠰᠡᠨ ᠠᠷᠢᠭᠤᠨ ᠵᠢᠳᠬᠦᠯᠳᠠᠨ ᠡᠮᠴᠢ ᠰᠤᠪᠢᠯᠠᠭᠴᠢ ᠤᠳ ᠠᠶᠤᠯᠳᠤ ᠬᠢᠵᠢᠭ ᠲᠠᠢ ᠪᠠᠶᠢᠯᠳᠤᠭᠠᠳ ᠠᠷᠠᠳ ᠤᠯᠤᠰ ᠢ ᠪᠠᠨ ᠲᠡᠩᠭᠡᠷᠡᠬᠦᠯᠵᠤ ᠪᠠᠶᠢᠨ᠎ᠠ      ᠡᠷᠳᠡᠮᠳᠠᠨ ᠫᠷᠤᠹᠧᠰᠰᠤᠷ ᠰᠢᠨᠵᠢᠯᠡᠬᠦ ᠤᠬᠠᠭᠠᠨᠳᠠᠳ      ᠡᠮᠤᠨ᠎ᠠ ᠹᠷᠤᠨᠲ ᠲᠤ ᠬᠦᠨᠵᠡᠭᠡᠶᠢᠷᠠᠵᠤ ᠪᠠᠶᠢᠨ᠎ᠠ      ᠡᠪᠠᠳᠴᠢᠨ ᠤ ᠬᠤᠤᠷ᠎ᠠ ᠢ ᠤᠰᠠᠳᠬᠠᠬᠤ      ᠡᠮ ᠪᠤᠯᠤᠨ ᠠᠷᠭ᠎ᠠ ᠶᠢ ᠰᠦᠪᠡᠭᠴᠢᠯᠡᠵᠤ ᠪᠠᠶᠢᠨ᠎ᠠ ᠠᠷᠠᠳ ᠤᠨ ᠴᠡᠷᠢᠭ ᠤᠨ ᠪᠠᠶᠢᠯᠳᠤᠭᠴᠢᠳ ᠠᠭᠠᠷ ᠬᠠᠭᠤᠷᠠᠢ ᠪᠠᠷ ᠮᠤᠷᠳᠠᠵᠠᠭᠠᠵᠤ ᠯᠠ ᠪᠠᠶᠢᠨ᠎ᠠ ᠠᠶᠤᠮᠰᠢᠭᠳᠤ ᠬᠢᠵᠢᠭ ᠤᠨ ᠲᠤᠮᠳᠠ ᠠᠴᠠ ᠠᠮᠢ ᠨᠠᠰᠤ ᠶᠢ ᠠᠪᠤᠷᠠᠵᠤ ᠯᠠ ᠪᠠᠶᠢᠬᠤ ᠶᠤᠮ ᠰᠢᠤ      ᠬᠦᠭᠵᠢᠶᠠᠨ ᠶᠡᠭᠡᠳᠡᠢ ᠺᠤᠮᠫᠠᠨᠢ ᠶᠢᠨ      ᠬᠦᠷᠦᠩᠭᠡ ᠵᠤᠵᠠᠭᠠᠨ ᠡᠵᠡᠨᠳᠡᠳ      ᠬᠦᠨᠦᠭᠡᠯᠳᠤ ᠬᠢᠵᠢᠭ ᠢ ᠰᠦᠨᠦᠭᠡᠬᠦ ᠳᠤ      ᠬᠦᠷᠦᠩᠭᠡ ᠮᠦᠩᠬᠦ ᠪᠠᠨ ᠬᠠᠨᠳᠢᠪᠯᠡᠵᠤ ᠪᠠᠶᠢᠨ᠎ᠠ ᠤᠷᠠᠯᠢᠭ ᠤᠨ ᠲᠡᠭᠷᠢ ᠳᠤ ᠬᠢᠯᠠᠯᠵᠠᠭᠰᠠᠨ ᠤᠳᠤᠨ ᠲᠠᠰ ᠤᠨ ᠨᠠᠷᠠᠳᠤ ᠬᠦᠮᠤᠰ ᠤᠯᠤᠭᠰᠠᠨ ᠬᠠᠷᠠᠮᠵᠢ ᠮᠦᠩᠬᠦ ᠪᠠᠷ ᠢᠶᠠᠨ ᠤᠯᠤᠰ ᠭᠡᠷ ᠢᠶᠠᠨ ᠲᠠᠮᠵᠢᠵᠤ ᠪᠠᠶᠢᠨ᠎ᠠ      ᠡᠭᠡᠯ ᠵᠢᠷ ᠤᠨ ᠠᠷᠠᠳ ᠮᠠᠯᠴᠢᠳ      ᠡᠷᠦᠭᠡ ᠳᠡᠭᠡᠨ ᠰᠠᠭᠤᠭᠠᠳ ᠰᠠᠷᠭᠡᠶᠢᠯᠡᠵᠤ ᠪᠠᠶᠢᠨ᠎ᠠ      ᠡᠪ ᠬᠠᠮᠳᠤ ᠨᠠᠮ ᠵᠠᠰᠠᠭ ᠢᠶᠠᠨ ᠲᠠᠭᠠᠭᠠᠳ      ᠡᠪᠠᠳᠴᠢᠨ ᠬᠢᠵᠢᠭ ᠲᠠᠢ ᠲᠠᠮᠠᠴᠠᠵᠤ ᠪᠠᠶᠢᠨ᠎ᠠ ᠲᠦᠭ ᠲᠦᠮᠡᠨ ᠤ ᠨᠢᠭᠳᠠᠷᠠᠯ ᠪᠤᠯ ᠲᠦᠭᠰᠢᠬᠦᠷᠢ ᠶᠢ ᠢᠯᠠᠬᠤ ᠪᠠᠳᠤᠯᠠᠭ᠎ᠠ ᠮᠥᠨ ᠲᠦᠪ ᠬᠤᠷᠢᠶᠠᠨ ᠤ ᠵᠢᠭᠠᠪᠤᠷᠢ ᠪᠤᠯ ᠲᠦᠮᠡᠨ ᠢᠶᠠᠨ ᠠᠪᠤᠷᠠᠬᠤ ᠪᠤᠳᠤᠯᠭ᠎ᠠ ᠮᠥᠨ ᠰᠢᠤ       ᠬᠠᠳᠠ ᠴᠢᠯᠠᠭᠤ ᠬᠠᠭᠠᠷᠠᠪᠠᠯ       ᠨᠦᠰᠡᠷ ᠲᠠᠭᠤᠨ ᠭᠠᠷᠳᠠᠭ ᠶᠤᠮ       ᠬᠠᠮᠳᠤ ᠶᠢᠨ ᠬᠦᠴᠤᠨ ᠨᠢᠭᠡᠳᠤᠷᠠᠪᠠᠯ       ᠨᠢᠬᠦᠯᠳᠤ ᠬᠢᠵᠢᠭ ᠰᠦᠨᠦᠬᠦ ᠶᠤᠮ ᠰᠢᠤ ᠰᠢᠨ᠎ᠠ ᠶᠠᠩᠵᠤ ᠶᠢᠨ ᠬᠢᠵᠢᠭ ᠭᠡᠵᠤ ᠰᠢᠷᠭᠢᠢᠵᠤ ᠪᠢᠳᠡᠭᠡᠢ ᠠᠶᠤᠭᠠᠷᠠᠢ ᠳ᠋ᠠ ᠰᠢᠨᠵᠢᠯᠡᠬᠦ ᠤᠬᠠᠭᠠᠨ ᠢ ᠢᠳᠡᠭᠡᠪᠠᠯ ᠰᠢᠯᠢᠳᠡᠭ ᠠᠮᠵᠢᠯᠳᠠ ᠶᠢ ᠤᠯᠬᠤ ᠶᠤᠮ  ︽ᠤᠴᠢ ᠦᠰᠦᠷᠦᠭᠡᠳ ᠠᠭᠤᠯᠠ ᠶᠢ ᠰᠢᠳᠠᠭᠠᠨ᠎ᠠ︾ ᠭᠡᠵᠤ ᠤᠳᠤᠷᠢᠳᠤᠭᠴᠢ ᠶᠢᠨ ᠰᠤᠷᠭᠠᠯ ᠪᠠᠶᠢᠳᠠᠭ ᠰᠢᠤ ᠤᠯᠤᠰ ᠤᠷᠤᠨ ᠤ ᠪᠦᠯᠬᠦᠮᠳᠠᠯ ᠨᠢ ᠸᠢᠷᠦ᠋ᠰ ᠬᠢᠵᠢᠭ ᠢ ᠢᠯᠠᠬᠤ ᠶᠤᠮ ᠰᠢᠤ ᠳ᠋ᠧ︕                               2020 ᠤᠨ ᠤ 2 ᠳ᠋ᠤᠭᠠᠷ ᠰᠠᠷ᠎ᠠ ᠶᠢᠨ 12                                                  ᠭᠡᠰᠢᠭᠳᠡᠨ ᠳᠤ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号