| ᠨᠠ᠊᠂ ᠰᠤᠩᠳᠤᠢ ᠶᠢᠨ ᠨᠠᠶᠢᠷᠠᠭᠤᠯᠤᠯ ᠠᠴᠠ ᠲᠡᠭᠦᠭᠰᠡᠨ ᠰᠡᠩᠭᠡᠷᠡᠭᠦᠯᠦᠯ | ᠸ᠊᠂ ᠠᠭᠤᠯᠠ ︵ 13847456589︶ | ᠤᠯᠳᠤᠢ ᠪᠢ ᠤᠯᠠᠨ ᠵᠢᠯ ᠤᠨ ᠲᠤᠷᠰᠢ᠂ ᠬᠤᠰᠢᠭᠤ ᠵᠢᠴᠢ ᠰᠤᠷᠭᠠᠭᠤᠯᠢ ᠶᠢᠨ ᠰᠤᠨᠢᠨ ᠰᠡᠳᠭᠦᠯ ᠢ ᠭᠠᠷᠳᠠᠨ | ᠨᠠᠶᠢᠷᠠᠭᠤᠯᠤᠭᠰᠠᠨ ᠵᠢᠴᠢ ᠨᠤᠮ ᠵᠤᠬᠢᠶᠠᠯ ᠲᠠᠢ ᠨᠦᠬᠦᠷᠯᠡᠭᠰᠡᠨ ᠠᠴᠠ ᠪᠤᠯᠤᠭᠰᠠᠨ ᠪᠢᠵᠠ᠃ ᠶᠡᠷᠦ ᠶᠢᠨ ᠪᠠᠶᠢᠳᠠᠯ ᠤᠨ | ᠲᠤᠥᠷ᠎ᠠ᠂ ᠰᠠᠶ᠋ᠢ ᠡᠬᠢᠯᠡᠨ ᠵᠤᠬᠢᠶᠠᠨ ᠪᠢᠴᠢᠵᠤ ᠪᠠᠶᠢᠭ᠎ᠠ ᠵᠠᠯᠠᠭᠤᠴᠤᠳ ᠪᠠᠭᠠᠴᠤᠳ ᠢ ᠱᠠᠭᠠᠷᠳᠠᠨ᠂ | ᠨᠠᠶᠢᠷᠠᠭᠤᠯᠤᠯ ᠤᠨ ᠵᠤᠬᠢᠶᠠᠯ ᠢ ᠢᠯᠡᠭᠦᠥ ᠰᠢᠭ ᠤᠩᠰᠢᠬᠤ ᠪᠤᠶᠤ ᠨᠠᠶᠢᠷᠠᠭᠤᠯᠤᠯ ᠤᠨ ᠵᠤᠬᠢᠶᠠᠯ ᠢ ᠵᠤᠬᠢᠶᠠᠨ ᠪᠢᠴᠢᠬᠦ | ᠪᠠᠷ ᠲᠠᠮᠵᠢᠨ ᠵᠤᠬᠢᠶᠠᠨ ᠪᠢᠴᠢᠯᠭᠡ ᠶᠢᠨ ᠴᠠᠳᠠᠪᠤᠷᠢ ᠪᠠᠨ ᠲᠡᠭᠡᠭᠰᠢᠯᠡᠭᠦᠯᠬᠦ ᠶᠢ ᠱᠠᠭᠠᠷᠳᠠᠳᠠᠭ ᠶᠤᠮ᠃ ᠠᠳᠡ ᠪᠢ ᠮᠠᠨ | ᠤ ᠤᠷᠤᠨ ᠤ ᠨᠡᠷᠡᠳᠦ ᠢᠷᠠᠭᠤ ᠨᠠᠶᠢᠷᠠᠭᠴᠢ᠂ ᠦᠨᠳᠦᠰᠦᠳᠡᠨ ᠤ ᠤᠳᠬ᠎ᠠ ᠵᠤᠬᠢᠶᠠᠯ ᠤᠨ ᠲᠦᠷᠦ ᠶᠢᠨ ᠱᠠᠩᠨᠠᠯᠳᠤ | ᠰᠢᠯᠦᠭᠴᠢ᠂ ᠨᠠᠶᠢᠷᠠᠭᠤᠯᠤᠯ ᠤᠨ ᠵᠤᠬᠢᠶᠠᠯᠴᠢ ᠨᠠ᠊᠂ ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠳᠠᠬᠢ ᠬᠡᠰᠡᠭ | ᠨᠠᠶᠢᠷᠠᠭᠤᠯᠤᠯ ᠢᠶᠠᠷ ᠵᠢᠱᠢᠶ᠎ᠡ ᠪᠤᠯᠭᠠᠨ᠂ ᠨᠠᠶᠢᠷᠠᠭᠤᠯᠤᠯ ᠤᠨ ᠵᠤᠬᠢᠶᠠᠯ ᠤᠨ ᠲᠤᠬᠠᠢ ᠬᠤᠪᠢᠨ ᠤ ᠮᠦᠴᠢᠳ | ᠰᠠᠨᠠᠭᠤᠯᠭ᠎ᠠ ᠪᠠᠨ ᠶᠠᠷᠢᠶ᠎ᠠ᠃ | ᠮᠢᠨᠦ ᠡᠨᠡᠬᠦ ᠰᠠᠨᠠᠭᠤᠯᠭ᠎ᠠ ᠨᠢ ᠦᠨᠡᠨᠳᠡᠭᠡᠨ ᠰᠠᠶ᠋ᠢ ᠡᠬᠢᠯᠡᠨ ᠵᠤᠬᠢᠶᠠᠨ ᠪᠢᠴᠢᠵᠤ ᠪᠠᠶᠢᠭ᠎ᠠ ᠵᠠᠯᠠᠭᠤᠴᠤᠳ | ᠪᠠᠭᠠᠴᠤᠳ ᠤᠨ ᠢᠷᠡᠭᠡᠳᠦᠢ ᠶᠢᠨ ᠵᠤᠬᠢᠶᠠᠨ ᠪᠢᠴᠢᠯᠡᠭᠡ ᠶᠢᠨ ᠤᠷ᠎ᠠ ᠠᠪᠢᠶᠠᠰ ᠢᠶᠠᠨ ᠪᠠᠳᠠᠷᠠᠭᠤᠯᠬᠤ ᠳᠤ ᠂ ᠤᠳᠤ | ᠠᠴᠠ ᠪᠠᠨ ᠡᠬᠢᠯᠡᠨ ᠨᠠᠶᠢᠷᠠᠭᠤᠯᠤᠯ ᠤᠨ ᠵᠤᠬᠢᠶᠠᠯ ᠢ ᠰᠦᠪᠡᠭᠴᠢᠯᠡᠨ ᠤᠷᠤᠯᠳᠤᠬᠤ ᠨᠢ ᠯᠠᠪᠳᠠᠢ ᠲᠤᠬᠢᠷᠠᠬᠤ ᠶᠤᠮ | ᠭᠡᠵᠤ ᠪᠢ ᠦᠵᠡᠳᠡᠭ᠃ ᠡᠭᠦᠨ ᠳᠤ ᠨᠡᠷᠡᠳᠦ ᠢᠷᠠᠭᠤ ᠨᠠᠶᠢᠷᠠᠭᠴᠢ᠂ ᠤᠥᠯ ᠤᠨ ᠰᠤᠷᠭᠠᠨ ᠬᠦᠮᠦᠵᠢᠯ ᠤᠨ | ᠬᠡᠪᠯᠡᠯ ᠤᠨ ᠬᠤᠷᠢᠶᠠᠨ ᠤ ᠲᠡᠷᠢᠭᠦᠯᠡᠬᠦ ᠨᠡᠶᠢᠷᠠᠭᠤᠯᠤᠭᠴᠢ ᠨᠠ᠊᠂ ᠰᠤᠩᠳᠤᠢ ᠶᠢᠨ ︽ᠬᠠᠶᠢᠷ᠎ᠠ︾᠂ ︽ᠰᠢᠭᠦᠳᠡᠷᠢ︾᠂ | ︽ᠨᠠᠶᠢᠷᠠᠭᠤᠯᠤᠯ︾ ᠵᠡᠷᠭᠡ ᠨᠠᠶᠢᠷᠠᠭᠤᠯᠤᠯ ᠳᠤ ᠬᠦᠮᠦᠨ ᠤ ᠬᠠᠷᠢᠴᠠᠭ᠎ᠠ ᠂ ᠤᠯᠠᠨ ᠲᠦᠮᠡᠨ ᠤ ᠪᠤᠳᠤᠯ ᠂ ᠪᠠᠭ᠎ᠠ | ᠨᠠᠰᠤᠨ ᠤ ᠲᠤᠷᠠᠳᠬᠠᠯ᠂ ᠮᠠᠩᠬᠠᠨ ᠪᠤᠷᠤ ᠵᠠᠮ᠂ ᠨᠤᠳᠤᠭ ᠤᠨ ᠠᠬᠠᠮᠠᠳ ᠤᠨ ᠲᠤᠬᠠᠢ ᠲᠤᠷᠠᠰᠤᠮᠵᠢ᠂ ᠬᠠᠶᠢᠷ᠎ᠠ | ᠰᠡᠳᠭᠢᠯᠭᠡ᠂ ᠪᠠᠶᠢᠭᠠᠯᠢ ᠤᠷᠴᠢᠨ ᠤ ᠰᠡᠷᠡᠭᠳᠡᠯ᠂ ᠠᠮᠢᠳᠠᠨ ᠤᠷᠭᠤᠮᠠᠯ ᠤᠨ ᠲᠤᠬᠠᠢ ᠲᠦᠷᠰᠦᠯᠡᠯ᠂ ᠠᠵᠤ ᠠᠮᠢᠳᠤᠷᠠᠯ | ᠬᠢᠭᠡᠳ ᠠᠬᠤᠢ ᠤᠷᠴᠢᠨ ᠲᠠᠢ ᠬᠤᠯᠪᠤᠨ ᠪᠤᠳᠤᠯᠳᠠ᠂ ᠬᠦᠰᠡᠯ ᠰᠡᠳᠭᠢᠯ᠂ ᠬᠦᠮᠦᠨᠴᠢ ᠴᠢᠨᠠᠷ ᠤᠨ ᠢᠭᠳᠤᠯᠤᠯ᠂᠂᠂ | ᠂᠂᠂ ᠵᠡᠷᠭᠡ ᠶᠢ | ︽ᠬᠤᠷᠸ᠎ᠠ ᠶᠢᠨ ᠬᠠᠶᠢᠷ᠎ᠠ ᠮᠦᠩᠬᠡᠷᠡᠬᠦ ᠳᠡᠭᠡᠨ ᠲᠠᠯᠠᠢ ᠪᠤᠯᠤᠨ ᠬᠠᠷᠠᠯᠠᠬᠤ ᠳᠤ ᠮᠢᠨᠦ ᠬᠠᠶᠢᠷ᠎ᠠ ᠨᠢᠳᠦᠯᠡᠬᠦ ᠳᠡᠭᠡᠨ | ᠰᠢᠭᠦᠳᠡᠷᠢ ᠪᠤᠯᠤᠨ ᠭᠢᠯᠠᠯᠵᠠᠨ᠎ᠠ ︾ ᠭᠡᠵᠤ ᠪᠢᠷ ᠤᠨ ᠦᠵᠦᠭᠦᠷ ᠢᠶᠠᠨ ᠬᠤᠪᠢᠨ ᠤ ᠰᠠᠨᠠᠭ᠎ᠠ ᠰᠡᠳᠭᠢᠯᠭᠡ ᠶᠢᠨ ᠦᠩᠬᠡ | ᠪᠠᠨ ᠲᠠᠭᠠᠵᠤ᠂ ︽ᠵᠢᠯ ᠵᠢᠯ ᠢᠷᠡᠳᠡᠭ ᠵᠤᠨ ᠤ ᠰᠠᠶᠢᠬᠠᠨ᠂ ᠵᠢᠷᠭᠢᠨ ᠵᠢᠷᠭᠢᠨ ᠡᠷᠭᠦᠳᠡᠭ ᠪᠤᠯᠵᠤᠮᠤᠷ ᠤᠨ ᠲᠠᠭᠤᠥ︾ | ᠲᠠᠢ ᠡᠭᠡᠰᠢᠭ ᠨᠡᠶᠢᠯᠡᠭᠦᠯᠦᠨ ᠦᠨᠡᠨᠴᠢ ᠬᠠᠶᠢᠷ᠎ᠠ᠂ ᠦᠬᠢᠶᠡᠮᠦᠷᠴᠢ ᠰᠡᠳᠭᠢᠯᠭᠡ ᠪᠠᠨ ᠠᠭᠤᠰᠬᠠᠨ᠂ ᠬᠤᠯᠠ ᠵᠢᠢᠨ | ᠬᠠᠷᠠᠴᠠ ᠪᠠᠷ ᠰᠠᠨᠠᠭᠠᠰᠢᠷᠠᠨ ᠤᠶᠠᠩᠭᠠᠯᠠᠭᠰᠠᠨ ᠪᠠᠶᠢᠨ᠎ᠠ᠃ ᠨᠠ᠊᠂ ᠰᠤᠩᠳᠤᠢ ᠶᠢᠨ ᠨᠠᠶᠢᠷᠠᠭᠤᠯᠤᠯ ᠨᠢ ᠯᠤᠳᠤ ᠶᠡᠭᠡ | ᠠᠮᠢᠯᠠᠯ ᠤᠨ ᠬᠦᠴᠦᠨ ᠲᠠᠢ ᠶᠤᠮ᠃ ᠲᠡᠷᠡ ᠵᠢᠷᠦᠬᠡᠨ ᠡᠪᠡᠳᠴᠢᠨ ᠳᠤ ᠨᠡᠷᠪᠡᠭᠳᠡᠵᠤ᠂ ᠠᠮᠢ ᠨᠠᠰᠤᠨ ᠤ | ᠲᠦᠭᠰᠢᠭᠦᠷᠢᠳᠦ ᠴᠠᠭ ᠬᠤᠭᠤᠴᠠᠭᠠᠨ ᠳᠤ ᠪᠠᠨ ᠴᠤ ᠨᠠᠶᠢᠷᠠᠭᠤᠯᠤᠯ ᠢᠶᠠᠨ ᠲᠤᠭᠤᠷᠪᠢᠨ ᠪᠢᠴᠢᠳᠡᠭ᠂ ᠲᠡᠷᠡ ᠡᠳᠡᠭᠡᠷ | ᠨᠠᠶᠢᠷᠠᠭᠤᠯᠤᠯ ᠤᠨ ᠢᠶᠠᠨ ᠡᠮᠦᠨ᠎ᠡ ᠨᠢ ︽ᠠᠮᠢ ᠪᠠᠷ ᠪᠦᠷᠢᠭᠰᠡᠨ ᠬᠠᠶᠢᠷ᠎ᠠ ᠮᠢᠨᠢ᠂ ᠠᠶᠢᠬᠤᠪᠳᠤᠷ ᠬᠠᠳᠠᠭᠤ | ᠮᠦᠷᠦᠭᠡᠳᠦᠯ ᠪᠠᠶᠢᠨ᠎ᠠ᠂ ᠠᠯᠢᠮᠠᠳ ᠨᠢᠭᠡᠨ ᠰᠢᠭᠦᠳᠡᠷᠢ ᠮᠢᠨᠢ᠂ ᠠᠮᠢᠳᠤᠷᠠᠯ ᠤᠨ ᠮᠦᠩᠬᠡ ᠲᠤᠷᠠᠳᠬᠠᠯ ᠪᠠᠶᠢᠨ᠎ᠠ︾ | ᠬᠡᠮᠡᠨ ᠬᠤᠷᠢᠶᠠᠩᠭᠤᠢ ᠰᠠᠶᠢᠬᠠᠨ ᠰᠡᠳᠭᠢᠯ ᠲᠤᠭᠳᠤᠯᠠᠩᠭᠤᠢ ᠪᠠᠷ ᠤᠶᠠᠩᠭᠠᠯᠠᠭᠰᠠᠨ ᠪᠠᠶᠢᠨ᠎ᠠ᠃ | ᠨᠢᠭᠡ ᠂ ᠨᠠᠶᠢᠷᠠᠭᠤᠯᠤᠯ ᠤᠨ ᠵᠤᠬᠢᠶᠠᠯ ᠢ ᠪᠢᠴᠢᠬᠦ ᠶᠢᠨ ᠠᠷᠭ᠎ᠠ ᠪᠠᠷᠢᠯ ᠭᠡᠪᠡᠯ᠂ ᠲᠡᠷᠡ ᠨᠢ ᠲᠦᠢᠯ ᠤᠨ | ᠴᠢᠯᠦᠭᠡᠳᠡᠢ᠂ ᠠᠮᠢᠳᠤ ᠲᠦᠷᠢᠰᠦᠯᠢᠭ ᠪᠦᠭᠡᠳ ᠲᠡᠭᠡᠳᠦ ᠬᠡᠮᠵᠢᠶᠡᠨ ᠤ ᠠᠮᠢᠳᠤᠯᠢᠭ ᠴᠢᠨᠠᠷᠳᠠᠢ ᠪᠠᠶᠢᠳᠠᠭ᠃ ᠨᠠ᠊᠂ | ᠰᠤᠩᠳᠤᠢ ᠶᠢᠨ ᠨᠠᠶᠢᠷᠠᠭᠤᠯᠤᠯ ︽ᠮᠢᠩᠭᠠᠨ ᠨᠠᠪᠴᠢᠨ ᠤ ᠤᠷᠠᠢ︾᠂ ︽ᠠᠰᠬ᠎ᠠ ᠳᠤ ᠰᠠᠭᠤᠭᠰᠠᠨ ᠬᠠᠶᠢᠷ᠎ᠠ︾᠂ ︽ | ᠮᠠᠩᠬᠠᠨ ᠤ ᠵᠠᠮ︾᠂ ︽ᠬᠦᠬᠡ ᠬᠤᠳᠠ ᠶᠢᠨ ᠬᠦᠬᠡ ︾᠂ ︽ᠬᠤᠨᠢ ᠲᠠᠢ ᠬᠦᠮᠦᠨ︾ ᠳᠤ ᠠᠬᠤᠢ ᠰᠤᠶᠤᠯ ᠨᠢ | ︽ᠰᠡᠳᠭᠢᠯ ᠳᠤ ᠪᠠᠶᠢᠬᠤ᠂ ᠬᠦᠰᠡᠯ ᠳᠤ ᠪᠠᠶᠢᠬᠤ᠂ ᠰᠤᠨᠢᠷᠬᠠᠯ ᠳᠤ ᠪᠠᠶᠢᠬᠤ᠂ ᠵᠠᠩᠰᠢᠯ ᠳᠤ ᠪᠠᠶᠢᠬᠤ᠂ ᠠᠮᠢᠳᠤᠷᠠᠯ | ᠳᠤ ᠪᠠᠶᠢᠬᠤ ︾ ᠶᠢ ᠵᠢᠷᠤᠭ ᠮᠡᠳᠦ ᠬᠠᠷᠠᠭᠤᠯᠵᠤ᠂ ︽ᠲᠡᠯᠡᠬᠡᠢ ᠶᠢᠨ ᠲᠦᠮᠡᠨ ᠪᠤᠳᠤᠯᠢᠶᠠᠨᠳᠤ ᠶᠠᠪᠤᠳᠠᠯ ᠤᠨ | ᠲᠤᠳᠤᠷ᠎ᠠ ᠬᠦᠮᠦᠨ ᠤ ᠪᠤᠳᠤᠯᠢᠶᠠᠨ ᠲᠡᠷᠢᠬᠦᠨ ᠳᠤ ᠤᠷᠤᠬᠤ᠂ ᠬᠦᠮᠦᠨ ᠤ | ᠵᠠᠭᠤᠨ ᠪᠤᠳᠤᠯᠢᠶᠠᠨ ᠤ ᠲᠤᠳᠤᠷ᠎ᠠ ᠰᠡᠳᠭᠢᠯ ᠤᠨ ᠡᠭᠡᠳᠡᠷᠡᠭᠡᠨ ᠲᠡᠷᠢᠭᠦᠨ ᠳᠤ ᠤᠷᠤᠬᠤ︾ ᠭᠡᠬᠦ ᠦᠪᠡᠷ ᠤᠨ | ᠦᠵᠡᠯᠳᠡ ᠪᠠᠨ ᠨᠠᠶᠢᠷᠠᠭᠤᠯᠤᠯ ᠳᠠᠭᠠᠨ ᠨᠡᠪᠴᠢᠭᠡᠨ ᠤᠷᠤᠭᠤᠯᠵᠤ᠂ ︽ᠭᠡᠷᠡᠯ ᠰᠢᠭᠦᠳᠡᠷᠢ ᠬᠤᠶᠠᠷ ᠬᠠᠪᠰᠤᠷᠤᠭᠠᠳ | ᠠᠮᠢᠳᠤᠷᠠᠯ ᠢ ᠪᠦᠷᠢᠨ ᠲᠤᠰᠬᠠᠵᠤ᠂ ᠵᠢᠩᠭᠢᠨᠢ ᠠᠮᠢᠳᠤᠷᠠᠯ ᠢ ᠲᠤᠰᠬᠠᠳᠠᠭ ᠵᠤᠬᠢᠶᠠᠯ ᠴᠤ ᠲᠡᠶᠢᠮᠦ ᠪᠠᠶᠢᠯᠭᠦᠢ︾ ᠬᠡᠮᠡᠨ | ᠨᠠᠶᠢᠷᠠᠭᠤᠯᠤᠯ ᠤᠨ ᠵᠤᠬᠢᠶᠠᠯ ᠤᠨ ᠵᠢᠩᠭᠢᠨᠢ ᠦᠨ᠎ᠡ ᠦᠷᠳᠡᠭ ᠢ ᠦᠭᠦᠯᠡᠭᠰᠡᠨ ᠪᠠᠶᠢᠨ᠎ᠠ᠃ ᠡᠭᠦᠨ ᠠᠴᠠ ᠦᠵᠡᠬᠦᠯ᠎ᠡ | ᠨᠠᠶᠢᠷᠠᠭᠤᠯᠤᠯ ᠤᠨ ᠵᠤᠬᠢᠶᠠᠯ ᠤᠨ ᠬᠡᠯᠪᠡᠷᠢ ᠶᠢᠨ ᠲᠠᠯ᠎ᠠ ᠪᠠᠷ ᠠᠪᠴᠤ ᠬᠡᠯᠡᠪᠡᠯ᠂ ᠤᠯᠠᠨ ᠶᠠᠩᠵᠤ ᠶᠢᠨ ᠪᠠᠶᠢᠵᠤ | ᠪᠤᠯᠤᠨ᠎ᠠ᠂ ᠡᠭᠦᠨ ᠳᠤ᠂ ᠴᠢᠮᠡᠭᠡ ᠵᠠᠬᠢᠳᠠᠯ᠂ ᠡᠳᠦᠷ ᠤᠨ ᠲᠡᠮᠳᠡᠭᠯᠡᠯ᠂ ᠤᠶᠢᠯᠭᠠᠯᠳᠠ ᠲᠦᠷᠦᠭᠳᠡᠯ᠂ ᠴᠢᠯᠦᠭᠡᠳᠦ | ᠪᠢᠴᠢᠯᠭᠡ᠂ ᠠᠶᠠᠯᠠᠯ ᠤᠨ ᠲᠡᠮᠳᠡᠭᠯᠡᠯ᠂ ᠭᠡᠬᠦ ᠮᠡᠳᠦ ᠪᠠᠷ ᠪᠢᠴᠢᠶ᠎ᠡ ᠭᠡᠰᠡᠨ ᠰᠠᠨᠠᠭ᠎ᠠ ᠪᠤᠳᠤᠯᠭ᠎ᠠ ᠪᠠᠨ ᠴᠢᠯᠦᠭᠡᠳᠡᠢ ᠪᠠᠷ | ᠢᠯᠡᠷᠡᠭᠦᠯᠵᠤ ᠪᠦᠷ ᠪᠤᠯᠤᠨ᠎ᠠ᠃ ᠪᠢᠴᠢᠬᠦ ᠶᠠᠪᠤᠴᠠ ᠳᠠᠭᠠᠨ ᠪᠤᠳᠠᠳᠠᠢ ᠮᠠᠲ᠋ᠧᠷᠢᠶᠠᠯ ᠤᠨ ᠠᠭᠤᠯᠭ᠎ᠠ ᠪᠠᠨ ᠡᠮᠬᠢᠯᠡᠬᠦ | ᠳᠡᠭᠡᠨ᠂ ᠮᠦᠨᠴᠦ ᠬᠦᠨᠳᠡᠯᠦᠨ ᠭᠤᠯᠳᠤ ᠪᠠᠷ ᠬᠢᠵᠠᠭᠠᠷᠯᠠᠭᠳᠠᠬᠤ ᠦᠭᠡᠢ᠂ ᠲᠡᠭᠡᠭᠡᠰᠢ ᠲᠤᠷᠤᠭᠰᠢ ᠪᠠᠨ ᠬᠦᠷᠢᠶ᠎ᠡ | ᠬᠡᠪᠴᠢᠶ᠎ᠡ ᠭᠡᠵᠤ ᠦᠭᠡᠢ᠂ ᠲᠦᠢᠯ ᠤᠨ ᠦᠷᠭᠡᠨ ᠲᠡᠯᠭᠡᠷᠡᠩᠭᠦᠢ ᠪᠠᠷ ᠤᠴᠢᠷ ᠶᠠᠪᠤᠳᠠᠯ ᠳᠤ ᠪᠠᠷᠢᠭᠳᠠᠬᠤ ᠦᠭᠡᠢ᠂ | ᠠᠭᠤᠳᠠᠮ ᠶᠡᠭᠡ ᠤᠷᠤᠨ ᠵᠠᠢ ᠲᠠᠢ ᠪᠠᠶᠢᠳᠠᠭ ᠶᠤᠮ᠃ ᠪᠢᠴᠢᠭᠳᠡᠬᠦ ᠠᠭᠤᠯᠭ᠎ᠠ ᠨᠢ ᠶᠡᠭᠡ ᠪᠠᠷ ᠬᠡᠯᠡᠪᠡᠯ᠂ | ᠤᠷᠴᠢᠯᠠᠩ ᠶᠢᠷᠳᠢᠨᠴᠦ᠂ ᠪᠦᠬᠦᠶᠢᠯᠡ ᠤᠳᠤᠨ ᠭᠠᠷᠠᠭ ᠤᠨ ᠤᠷᠤᠨ ᠵᠠᠢ᠂ ᠪᠠᠭ᠎ᠠ ᠪᠠᠷ ᠬᠡᠯᠡᠪᠡᠯ ᠡᠪᠡᠰᠦ ᠤᠷᠭᠤᠮᠠᠯ᠂ | ᠬᠤᠷᠤᠬᠠᠢ ᠰᠢᠪᠠᠵᠢ᠂ ᠠᠮᠢᠳᠠᠨ ᠭᠤᠥᠯᠳᠠᠨ ᠂ ᠵᠢᠭᠦᠷᠳᠡᠡᠨ ᠠᠷᠢᠶᠠᠳᠠᠨ᠂ ᠵᠢᠭᠠᠰᠤ ᠵᠢᠷᠭᠠᠬᠠᠢ ᠬᠦᠷᠳᠡᠯ᠎ᠡ ᠪᠠᠶᠢᠵᠤ | ᠪᠤᠯᠤᠨ᠎ᠠ᠃ ᠨᠠᠶᠢᠷᠠᠭᠤᠯᠤᠯ ︽ᠲᠡᠮᠡᠭᠡ ᠪᠤᠶᠢᠯᠠᠵᠤ ᠪᠠᠶᠢᠨ᠎ᠠ︾ ᠳᠤ ᠵᠤᠬᠢᠶᠠᠭᠴᠢ ᠶᠢᠨ ᠵᠠᠮ ᠶᠠᠪᠤᠬᠤ ᠳᠤ ᠭᠤᠪᠠᠢ | ᠶᠢᠨ ᠲᠡᠮᠡᠭᠡᠨ ᠰᠦᠷᠦᠭ ᠢ ᠬᠠᠷᠠᠭᠰᠠᠨ ᠢᠶᠠᠷ ᠲᠠᠮᠵᠢᠨ᠂ ᠲᠡᠮᠡᠭᠡᠨ ᠲᠤᠬᠠᠢ ᠭᠠᠳᠠᠭᠠᠳᠤ ᠦᠵᠡᠭᠳᠡᠯ᠂ ᠪᠦᠬᠦ ᠪᠠᠨ | ᠰᠡᠷᠡᠶᠢᠯᠭᠡᠨ ᠬᠦᠵᠦᠭᠦᠥ ᠪᠠᠨ ᠰᠤᠩᠭᠠᠨ︾ ᠪᠠᠶᠢᠬᠤ ᠲᠠᠯ᠎ᠠ ᠨᠤᠳᠤᠭ ᠤᠨ ᠡᠵᠡᠨ ᠶᠤᠰᠤ ᠪᠠᠷ ᠪᠡᠯᠴᠢᠭᠡᠷᠯᠡᠬᠦ ᠶᠢ | ᠲᠤᠭᠠᠴᠢᠨ ᠶᠠᠷᠢᠵᠤ᠂ ᠲᠡᠮᠡᠭᠡ ᠶᠢᠨ ᠲᠤᠬᠠᠢ ᠭᠤᠨᠢᠭᠳᠤ ᠶᠠᠪᠤᠳᠠᠯ᠂ ᠢᠩᠭᠡ ᠶᠢᠨ ᠨᠢᠯᠪᠤᠰᠤ ᠪᠦᠮᠪᠦᠷᠢᠭᠦᠯᠦᠨ ᠭᠠᠵᠠᠷ | ᠦᠨᠦᠷᠯᠡᠵᠤ ᠪᠤᠳᠤᠭᠤ ᠪᠠᠨ ᠲᠠᠭᠤᠳᠠᠨ ᠪᠤᠶᠢᠯᠠᠵᠤ ᠪᠠᠶᠢᠬᠤ᠂ ᠲᠡᠮᠡᠭᠡᠨ ᠤ ᠲᠤᠬᠠᠢ ᠲᠡᠥᠬᠡᠨ ᠳᠠᠬᠢ ᠭᠠᠪᠢᠶ᠎ᠠ᠂ ᠠᠴᠢ | ᠲᠤᠰᠠ᠂ ᠬᠢᠭᠡᠳ ᠲᠡᠮᠡᠭᠡᠨ ᠤ ᠬᠤᠷᠴᠠ ᠰᠡᠷᠭᠡᠭ ᠲᠠᠷᠢᠬᠢ ᠲᠤᠯᠤᠭᠠᠢ᠂ ᠡᠪᠦᠯ ᠴᠠᠭ ᠤᠨ ᠪᠤᠥᠷ᠎ᠠ ᠲᠠᠢ ᠲᠠᠭᠠᠷᠢᠯᠳᠤᠬᠤ | ᠭᠡᠨᠡᠳᠳᠡ ᠶᠢᠨ ᠠᠶᠤᠯ ᠰᠦᠷᠳᠡᠭᠦᠯᠦᠯᠭᠡ᠂᠂᠂᠂ ᠵᠡᠷᠭᠡ ᠦᠨᠡᠨ ᠪᠤᠳᠠᠳᠤ ᠶᠠᠪᠤᠳᠠᠯ ᠢ ᠲᠤᠭᠠᠴᠢᠨ ᠶᠠᠷᠢᠵᠤ᠂ | ᠴᠡᠴᠡᠷᠯᠢᠭ ᠲᠤ ᠪᠠᠶᠢᠬᠤ ᠲᠡᠮᠡᠭᠡ ᠬᠢᠭᠡᠳ ᠲᠠᠯ᠎ᠠ ᠨᠤᠳᠤᠭ ᠤᠨ ᠲᠡᠮᠡᠭᠡᠨ ᠤ ᠵᠦᠷᠢᠶ᠎ᠡ ᠬᠢᠭᠡᠳ ᠲᠡᠮᠡᠭᠡ ᠶᠢᠨ | ᠤᠨᠴᠠᠭᠠᠶᠢᠯᠠᠨ ᠲᠡᠷᠡᠬᠦ ᠦᠷ᠎ᠡ ᠪᠠᠨ ᠠᠯᠳᠠᠭᠠᠳ ᠤᠬᠢᠯᠠᠴᠬᠠᠳᠠᠭ ᠲᠡᠮᠡᠭᠡ ᠶᠢ ᠵᠤᠬᠢᠶᠠᠭᠴᠢ ᠮᠠᠨᠢ ᠲᠡᠷᠡ ᠦᠶᠡᠰ ᠠᠴᠠ | ᠡᠬᠢᠯᠡᠨ ᠦᠷᠦ ᠦᠪᠡᠳᠦᠨ᠂ ᠲᠡᠮᠡᠭᠡᠨ ᠤ ᠲᠤᠬᠠᠢ ᠮᠠᠭᠤ ᠬᠤᠪᠢ ᠲᠠᠪᠢᠯᠠᠩ ᠢ ᠲᠤᠭᠠᠴᠢᠵᠤ᠂ ᠲᠠᠯ᠎ᠠ ᠨᠤᠳᠤᠭ ᠵᠢᠴᠢ | ᠲᠡᠮᠡᠭᠡ ᠪᠠᠨ ᠴᠢᠩ ᠦᠨᠡᠨᠴᠢ ᠰᠡᠳᠭᠢᠯᠬᠡ ᠠᠴᠠ ᠪᠠᠨ ᠬᠠᠶᠢᠷᠠᠯᠠᠨ ᠬᠠᠮᠠᠭᠠᠯᠠᠬᠤ ᠨᠤᠳᠤᠭᠴᠢ ᠦᠵᠡᠯ ᠪᠦᠬᠦᠢ ᠴᠢᠩ | ᠬᠠᠶᠢᠷ᠎ᠠ ᠶᠢᠨ ᠰᠡᠳᠭᠢᠯᠭᠡ ᠪᠠᠨ ᠢᠯᠡᠳᠭᠡᠨ ᠦᠭᠦᠯᠡᠭᠰᠡᠨ ᠪᠠᠶᠢᠨ᠎ᠠ᠃ ᠨᠠᠶᠢᠷᠠᠭᠤᠯᠤᠯ ︽ᠭᠠᠯ︾ ᠳᠤ ᠵᠤᠬᠢᠶᠠᠭᠴᠢ | ᠶᠢᠨ ᠪᠠᠭ᠎ᠠ ᠰᠤᠷᠭᠠᠭᠤᠯᠢ ᠶᠢᠨ ᠬᠤᠶᠠᠳᠤᠭᠠᠷ ᠤᠨ ᠳᠤ ᠰᠤᠷᠤᠯᠴᠠᠵᠤ ᠪᠠᠶᠢᠭᠰᠠᠨ ᠬᠤᠭᠤᠴᠠᠭᠠᠨ ᠳᠠᠬᠢ ᠪᠠᠭᠰᠢ ᠶᠢᠨ | ᠨᠢᠭᠡᠨ ᠤᠳᠠᠭᠠᠨ ᠤ ᠪᠠᠶ᠎ᠡ ᠶᠢᠨ ᠡᠷᠡᠭᠦᠯ ᠪᠠᠶᠢᠴᠠᠭᠠᠬᠤ ᠶᠠᠪᠤᠴᠠ ᠳᠤ ᠭᠠᠷᠤᠭᠰᠠᠨ ᠬᠠᠮᠳᠤ ᠰᠤᠷᠤᠯᠭᠠᠳᠠᠨ | ᠭᠠᠯᠴᠡᠴᠡᠭ ᠤᠨ ᠲᠤᠬᠠᠢ ᠰᠠᠶᠢᠬᠠᠨ ᠡᠷᠭᠢᠴᠡᠭᠦᠯᠬᠦ ᠪᠠᠷ ᠲᠠᠮᠵᠢᠨ᠂ ᠭᠠᠯᠴᠡᠴᠡᠭ ᠤᠨ ᠦᠨᠡᠨᠴᠢ ᠴᠠᠭᠠᠪᠤᠷᠢ ᠰᠡᠳᠭᠢᠯ | ᠰᠠᠨᠠᠭ᠎ᠠ᠂ ᠴᠡᠪᠡᠷ ᠪᠤᠷᠤᠭᠵᠢᠭᠤᠨ ᠴᠠᠶᠢᠯᠭᠠᠨ ᠰᠡᠳᠭᠢᠯᠭᠡ᠂ ᠴᠢᠩ ᠦᠨᠡᠨᠴᠢ ᠬᠠᠶᠢᠷ᠎ᠠ ᠵᠢᠷᠦᠮ ᠵᠡᠷᠭᠡ ᠦᠢᠯᠭᠡᠷᠴᠢᠯᠡᠨ | ᠶᠠᠷᠢᠭᠰᠠᠨ ᠪᠠᠶᠢᠨ᠎ᠠ᠃ ᠡᠭᠦᠨ ᠠᠴᠠ ᠲᠠᠷᠤᠢ ᠨᠠᠶᠢᠷᠠᠭᠤᠯᠤᠯ ᠤᠨ ᠵᠤᠬᠢᠶᠠᠨ ᠪᠢᠴᠢᠯᠡᠭᠡ ᠳᠤ ᠶᠠᠭᠤᠨ ᠤ ᠡᠮᠦᠨ᠎ᠡ᠂ | ᠵᠤᠬᠢᠶᠠᠨ ᠪᠦᠳᠦᠭᠡᠬᠦ ᠬᠡᠷᠡᠭ ᠶᠠᠪᠤᠳᠠᠯ ᠤᠨ ᠲᠠᠯ᠎ᠠ ᠪᠠᠷ᠂ ᠲᠡᠭᠡᠭᠡᠰᠢ ᠪᠠᠨ ᠤᠯᠤᠰ ᠭᠡᠷ᠂ ᠲᠡᠯᠡᠬᠡᠢ ᠲᠠᠶᠠᠭᠠᠷ ᠤᠨ | ᠠᠬᠤᠢ ᠪᠠᠶᠢᠳᠠᠯ᠂ ᠲᠤᠷᠤᠭᠰᠢ ᠪᠠᠨ ᠭᠦᠷᠡᠰᠢ ᠵᠡᠷᠭᠡᠯᠡᠳᠡᠭᠡ ᠶᠢᠨ ᠵᠢᠵᠢᠭ ᠰᠠᠵᠢᠭ ᠶᠠᠪᠤᠳᠠᠯ᠂ ᠭᠡᠷ ᠪᠦᠯᠢ ᠶᠢᠨ ᠠᠷᠰᠠᠷ | ᠤᠴᠢᠷ ᠪᠦᠷ ᠪᠠᠶᠢᠵᠤ ᠪᠤᠯᠤᠨ᠎ᠠ᠃ ᠡᠰᠡᠭᠦᠯ᠎ᠡ ᠬᠡᠷᠡᠭ ᠶᠠᠪᠤᠳᠠᠯ ᠳᠤ ᠵᠠᠳᠠᠯᠤᠯᠳᠠ ᠬᠢᠬᠦ᠂ ᠡᠷᠳᠡ ᠡᠳᠦᠭᠡ ᠶᠢ | ᠰᠢᠨᠵᠢᠯᠡᠨ ᠲᠤᠩᠭᠠᠬᠤ ᠮᠡᠳᠦ ᠪᠠᠷ ᠴᠠᠭ ᠦᠶ᠎ᠡ ᠶᠢᠨ ᠬᠦᠭ ᠠᠶᠠᠰ ᠢ ᠬᠦᠴᠦᠳᠡᠢ ᠴᠠᠪᠠᠭᠳᠠᠵᠤ᠂ ᠬᠤᠪᠢᠨ ᠤ | ᠦᠵᠡᠯᠳᠡ ᠰᠡᠳᠭᠢᠯᠭᠡ ᠪᠠᠨ ᠴᠢᠯᠦᠭᠡᠳᠡᠢ ᠪᠠᠷ ᠢᠯᠡᠷᠡᠭᠦᠯᠦᠨ ᠲᠤᠰᠬᠠᠵᠤ ᠪᠤᠯᠤᠨ᠎ᠠ᠃ ᠡᠰᠡᠭᠦᠯ᠎ᠡ ᠬᠡᠷᠡᠭ ᠪᠤᠳᠠᠰ ᠢ | ᠵᠠᠳᠠᠯᠤᠨ ᠦᠭᠦᠯᠡᠬᠦ ᠪᠠᠷ ᠲᠠᠮᠵᠢᠨ᠂ ᠬᠤᠪᠢᠨ ᠤ ᠰᠠᠨᠠᠭ᠎ᠠ ᠰᠡᠳᠭᠢᠯᠭᠡ ᠶᠢᠨ ᠢᠶᠠᠨ ᠡᠴᠡᠨ᠎ᠡ ᠭᠦᠨ ᠳᠠᠬᠢ ᠬᠠᠶᠢᠷ᠎ᠠ | ᠬᠤᠷᠤᠰᠤᠯ᠂ ᠪᠢᠰᠢᠷᠡᠯ ᠪᠠᠭ᠋ᠠᠳᠤᠯ᠂ ᠭᠤᠨᠢᠭ ᠤᠶᠢᠳᠬᠠᠷ᠂ ᠬᠦᠨᠳᠦᠳᠭᠡᠯ ᠲᠠᠯᠠᠷᠬᠠᠯ ᠢᠶᠠᠨ ᠦᠨᠡᠨ ᠪᠤᠳᠠᠳᠠᠢ | ᠪᠦᠭᠡᠳ ᠡᠶ᠎ᠡ ᠵᠤᠬᠢᠴᠠᠩᠭᠤᠢ ᠪᠠᠷ ᠢᠯᠡᠷᠡᠭᠦᠯᠦᠨ ᠭᠠᠷᠭᠠᠳᠠᠭ᠃ ᠡᠳᠡᠭᠡᠷ ᠴᠢᠨᠢ ᠲᠠᠷᠤᠢ ᠲᠡᠭᠡᠭᠡᠰᠢ ᠲᠤᠷᠤᠭᠰᠢ ᠪᠠᠨ | ᠬᠡᠳᠦᠨ ᠮᠢᠩᠭᠠᠨ ᠵᠢᠯ᠂ ᠬᠦᠨᠳᠡᠯᠦᠨ ᠭᠤᠯᠳᠤ ᠪᠠᠷ ᠬᠡᠳᠦᠨ ᠲᠦᠮᠡᠨ ᠭᠠᠵᠠᠷ ᠤᠨ ᠪᠠᠭᠳᠠᠭᠠᠮᠵᠢ ᠪᠠᠷ᠂ ᠬᠦᠪᠡᠭᠡ | ᠬᠢᠵᠠᠭᠠᠷ ᠦᠭᠡᠢ ᠬᠡᠷᠡᠭ ᠪᠤᠳᠠᠰ᠂ ᠡᠩ ᠲᠡᠯᠡᠬᠡᠢ᠂ ᠤᠷᠴᠢᠯᠠᠩ ᠲᠠᠶᠠᠭᠠᠷ ᠤᠨ ᠤᠴᠢᠷ ᠤᠳ ᠢ ᠬᠠᠮᠤᠷᠴᠤ ᠪᠤᠯᠤᠨ᠎ᠠ᠃ | | ᠨᠠ᠊᠂ ᠰᠤᠩᠳᠤᠢ ᠶᠢᠨ ᠨᠠᠶᠢᠷᠠᠭᠤᠯᠤᠯ ᠲᠤᠷᠠᠳᠬᠠᠨ ᠰᠠᠨᠠᠭᠠᠯᠵᠠᠬᠤ᠂ ᠢᠯᠭᠠᠨ ᠲᠤᠳᠤᠯᠠᠬᠤ᠂ ᠭᠡᠮᠰᠢᠨ | ᠤᠬᠠᠭᠠᠷᠠᠬᠤ ᠵᠡᠷᠡᠭᠡ ᠰᠠᠶᠢᠨ ᠰᠠᠶᠢᠬᠠᠨ ᠤ ᠵᠦᠭ ᠲᠡᠮᠡᠥᠯᠡᠬᠦ᠂ ᠵᠢᠩᠭᠢᠨᠢ ᠢᠳᠡᠪᠬᠢ ᠡᠷᠴᠢ ᠪᠠᠨ ᠪᠠᠳᠠᠷᠠᠭᠤᠯᠬᠤ | ᠡᠭᠦᠳᠦᠨ ᠠᠴᠠ ᠲᠤᠩᠭᠠᠨ ᠰᠦᠪᠡᠭᠴᠢᠯᠡᠵᠤ ᠪᠢᠴᠢᠭᠰᠡᠨ ᠨᠢ ᠮᠠᠰᠢ ᠢᠯᠡᠷᠬᠡᠢ᠃ ︽ᠮᠢᠨᠦ ᠲᠡᠭᠦᠥ ᠰᠡᠷᠭᠦᠯᠡᠩ ︾ | ︽ᠲᠦᠷᠦᠭᠰᠡᠨ ᠡᠳᠦᠷ ᠤᠨ ᠪᠠᠶᠠᠷ︾ ᠭᠡᠬᠦ ᠨᠠᠶᠢᠷᠠᠭᠤᠯᠤᠯ ᠳᠤ ᠶᠢᠷᠳᠢᠨᠴᠤ ᠶᠢᠨ ᠬᠠᠳᠠᠭᠤᠬᠠᠨ ᠵᠢᠮ᠎ᠡ ᠪᠠᠷ | ᠬᠡᠳᠦᠷᠭᠡᠢ ᠡᠷᠳᠡ ᠨᠠᠰᠤ ᠪᠠᠷᠠᠭᠰᠠᠨ ᠲᠡᠭᠦᠥ ᠪᠠᠨ ᠲᠤᠷᠠᠰᠤᠨ ᠰᠠᠨᠠᠭᠠᠯᠵᠠᠨ᠂ ᠮᠦᠷᠦᠭᠡᠳᠦᠨ ᠬᠠᠶᠢᠷᠠᠯᠠᠵᠤ ︽ᠮᠢᠨᠦ | ᠰᠡᠳᠭᠢᠯ ᠳᠤ ᠴᠡᠴᠡᠭᠯᠡᠬᠦ ᠪᠠᠷ ᠴᠤ ᠦᠭᠡᠢ ᠵᠤᠯᠭᠠᠷᠠᠬᠤ ᠪᠠᠷ ᠴᠦ ᠦᠭᠡᠢ ᠡᠷᠢᠭᠦᠯᠦᠭᠡᠳ ᠪᠠᠶᠢᠳᠠᠭ ᠨᠢ ᠮᠢᠨᠦ ᠲᠡᠭᠦᠥ | ᠰᠡᠷᠭᠦᠯᠡᠩ ᠶᠤᠮ︾ ᠭᠡᠵᠤ ᠦᠨᠡᠨ ᠰᠡᠳᠭᠢᠯ ᠤᠨ ᠤᠭ ᠠᠴᠠ ᠪᠠᠨ ᠬᠠᠶᠢᠷᠬᠠᠨ ᠲᠡᠭᠦᠥ ᠪᠠᠨ ᠰᠠᠨᠠᠨ ᠮᠦᠷᠦᠭᠡᠳᠴᠦ᠂ | ︽ᠮᠠᠩᠬᠠᠨ ᠤ ᠤᠷᠤᠢ ᠳᠤ ᠭᠠᠷᠤᠭᠠᠳ ᠦᠪᠡᠷ ᠤᠨ ᠡᠷᠡᠭᠡ ᠦᠭᠡᠢ ᠭᠡᠳᠡᠷᠭᠦ ᠬᠠᠷᠠᠬᠤ ᠳᠤ ᠡᠪᠡᠰᠦ ᠪᠤᠷᠭᠠᠰᠤᠨ ᠤ | ᠲᠠᠯᠳᠠ ᠪᠤᠯᠤᠭᠠᠳ ᠰ᠊ ᠤᠨᠠᠭᠰᠠᠨ ᠰᠢᠷᠤᠢ ᠠᠯᠳᠠ ᠤᠥᠭᠤᠭᠰᠠᠨ ᠤᠰᠤ ᠷᠠᠰᠢᠶᠠᠨ ᠭᠡᠬᠦ ᠨᠢ ᠡᠨᠡ ᠲᠡᠯᠡᠬᠡᠢ ᠳᠤ | ᠬᠦᠮᠦᠨ ᠪᠤᠯᠵᠤ ᠲᠦᠷᠦᠭᠰᠡᠨ ᠳᠡᠭᠡᠨ ᠦᠩᠭᠡ ᠲᠠᠢ ᠦᠭᠡᠳᠡ ᠲᠠᠢ ᠶᠠᠪᠤᠬᠤ ᠶᠢ ᠬᠦᠰᠡᠳᠡᠭ ᠤᠯᠤᠰ ᠤᠨ | ᠰᠡᠳᠭᠢᠯ ᠤᠨ ᠲᠡᠪᠢᠰᠭᠡᠷ ᠪᠠᠶᠢᠭ᠎ᠠ ᠶᠤᠮ︾ ᠭᠡᠵᠤ ᠬᠡᠥᠬᠡᠳ ᠪᠠᠭ᠎ᠠ ᠨᠠᠰᠤᠨ ᠳᠠᠭᠠᠨ ᠲᠦᠷᠦᠭᠰᠡᠨ ᠡᠳᠦᠷ ᠤᠨ ᠪᠠᠶᠠᠷ | ᠢ ᠦᠩᠭᠡᠷᠭᠡᠬᠦ ᠪᠠᠷ ᠲᠠᠮᠵᠢᠨ᠂ ᠮᠦᠩᠭᠡ ᠲᠤᠷᠠᠰᠬᠠᠯᠳᠤ ᠬᠡᠥᠬᠡᠳ ᠦᠶ᠎ᠡ ᠶᠢᠨ ᠲᠦᠢᠯ ᠤᠨ ᠤᠴᠢᠷ ᠤᠳᠬ᠎ᠠ ᠲᠠᠢ᠂ | ᠲᠤᠷᠠᠰᠬᠠᠯᠳᠤ ᠰᠠᠶᠢᠬᠠᠨ ᠨᠡᠷ᠎ᠡ ᠶᠢᠨ ᠢᠶᠠᠨ ᠢᠷᠡᠯᠳᠡ᠂ ᠡᠪᠡᠳᠴᠢᠨ ᠡᠮᠬᠡᠭ ᠤᠨ ᠲᠠᠷᠴᠢᠯᠠᠭᠠᠯ᠂ ᠡᠯᠳᠡᠪ ᠵᠦᠢᠯ ᠢᠶᠠᠷ | ᠠᠪᠤ ᠶᠢᠨ ᠢᠶᠠᠨ ᠲᠡᠭᠦᠨ ᠳᠤ ᠲᠠᠯᠪᠢᠵᠤ ᠪᠠᠶᠢᠭ᠎ᠠ ᠬᠦᠰᠡᠯ ᠡᠷᠡᠮᠡᠯᠵᠡᠯᠡᠯ᠂ ᠲᠡᠷᠡᠬᠦ ᠬᠦᠴᠢᠷ ᠪᠡᠷᠬᠡᠰᠢᠶᠡᠯᠳᠤ ᠤᠨ ᠰᠠᠷ᠎ᠠ | ᠳᠤ ᠲᠡᠳᠡᠨ ᠤ ᠬᠢᠨᠢ ᠠᠬ᠎ᠠ ᠲᠡᠭᠦᠥ ᠤᠯᠠᠨ᠂ ᠲᠤᠮᠳᠠᠳᠤ ᠰᠤᠷᠭᠠᠭᠤᠯᠢ ᠳᠤ ᠤᠷᠤᠭᠰᠠᠨ ᠠᠬᠤᠢ ᠪᠠᠶᠢᠳᠠᠯ᠂᠂᠂ | ᠵᠡᠷᠭᠡ ᠭᠡᠷ ᠪᠦᠯᠢ ᠶᠢᠨ ᠢᠶᠠᠨ ᠨᠠᠭᠠᠨ᠎ᠠ ᠴᠠᠭᠠᠨ᠎ᠠ ᠶᠢ ᠭᠦᠨ ᠪᠤᠳᠤᠯᠬᠢᠯᠠᠨ᠂ ᠬᠦᠮᠦᠨ ᠠᠮᠢᠳᠤᠷᠠᠯ ᠭᠤᠨᠢᠭ ᠪᠠᠶᠠᠰᠤᠯ ᠢ | ︽ᠠᠷᠭ᠎ᠠ ᠪᠢᠯᠢᠭ ᠤᠨ ᠬᠤᠭᠤᠷᠤᠨᠳᠤ᠂ ᠡᠯᠳᠡᠪ ᠵᠦᠢᠯ ᠢᠶᠠᠷ ᠬᠦᠥ ᠶᠢᠨ ᠲᠤᠮᠳᠠ ᠨᠠᠰᠤᠨ ᠪᠠᠶᠠᠷ ᠪᠤᠯᠵᠤ ᠯᠡ ᠪᠠᠶᠢᠪᠠᠯ | ᠂ ᠲᠡᠷᠡ ᠨᠢ ᠶᠠᠭ ᠬᠡᠷᠴᠢᠮ ᠤᠨ ᠨᠢᠭᠡ ᠦᠵᠦᠭᠦᠷ ᠠᠴᠠ ᠨᠦᠭᠦᠭᠡ ᠦᠵᠦᠭᠦᠷ ᠲᠤ ᠬᠦᠷᠦ ᠪᠠᠶᠢᠯᠭᠦᠢ︕︾ ᠬᠡᠮᠡᠨ | ᠲᠤᠪᠴᠢᠯᠠᠨ ᠰᠠᠶᠢᠬᠠᠨ ᠶᠠᠷᠢᠵᠠᠢ᠃ ᠡᠭᠦᠨ ᠠᠴᠠ ᠲᠠᠷᠤᠢ ᠨᠠᠶᠢᠷᠠᠭᠤᠯᠤᠯ ᠤᠨ ᠵᠤᠬᠢᠶᠠᠯ ᠤᠨ ᠬᠡᠯᠪᠡᠷᠢ ᠮᠠᠶ᠋ᠢᠭ ᠨᠢ | ᠤᠯᠠᠨ ᠶᠠᠩᠵᠤ ᠶᠢᠨ ᠪᠠᠶᠢᠳᠠᠭ ᠠᠴᠠ᠂ ᠰᠡᠳᠦᠪ ᠤᠨ ᠬᠦᠷᠢᠶ᠎ᠡ ᠬᠡᠪᠴᠢᠶ᠎ᠡ ᠨᠢ ᠲᠦᠢᠯ ᠤᠨ ᠦᠷᠡᠭᠡᠨ ᠲᠡᠯᠭᠡᠷᠡᠩᠭᠦᠢ | ᠪᠠᠶᠢᠬᠤ ᠶᠤᠮ᠃ ᠶᠠᠭ ᠡᠶᠢᠮᠦ ᠠᠴᠠ ᠪᠠᠭᠠᠴᠤᠳ ᠬᠡᠥᠬᠡᠳ ᠤᠨ ᠵᠤᠬᠢᠶᠠᠨ ᠪᠢᠴᠢᠯᠭᠡ ᠪᠠᠨ ᠡᠬᠢᠯᠡᠨ ᠰᠢᠮᠳᠠᠬᠤ ᠳᠤ᠂ | ᠨᠡᠯᠢᠶᠡᠳ ᠴᠢᠯᠦᠭᠡᠳᠡᠢ᠂ ᠬᠠᠮᠤᠭ ᠤᠨ ᠬᠢᠯᠪᠠᠷ ᠲᠦᠳᠡ ᠪᠠᠶᠢᠳᠠᠭ ᠢᠶᠠᠷ ᠢᠶᠠᠨ᠂ ᠬᠡᠥᠬᠡᠳ ᠪᠠᠭᠠᠴᠤᠳ ᠠᠮᠠᠷᠬᠠᠨ ᠢᠶᠠᠷ | ᠪᠢᠴᠢᠵᠤ ᠴᠢᠳᠠᠳᠠᠭ ᠶᠤᠮ᠃ ᠭᠠᠷᠳᠠᠨ ᠪᠢᠴᠢᠬᠦ ᠳᠡᠭᠡᠨ ᠶᠠᠭᠤᠨ ᠤ ᠡᠮᠦᠨ᠎ᠡ᠂ ᠡᠩ ᠤᠨ ᠠᠵᠤ ᠠᠮᠢᠳᠤᠷᠠᠯ ᠤᠨ | ᠶᠠᠪᠤᠴᠠ ᠳᠤ᠂ ᠶᠠᠮᠠᠷ ᠤᠯᠤᠯᠳᠠ ᠲᠦᠷᠦᠭᠳᠡᠯ ᠤᠯᠤᠭᠰᠠᠨ᠂ ᠶᠠᠮᠠᠷ ᠬᠦᠰᠡᠯ ᠵᠤᠷᠢᠯᠭ᠎ᠠ ᠲᠠᠢ ᠪᠤᠯᠤᠭᠰᠠᠨ᠂ ᠬᠦᠰᠡᠯ | ᠵᠡᠭᠦᠳᠦ ᠪᠠᠨ ᠲᠡᠷᠭᠡᠯᠰᠢᠭᠦᠯᠬᠦ ᠳᠤ ᠶᠠᠮᠠᠷ ᠵᠡᠷᠭᠡ ᠶᠢᠨ ᠬᠠᠷᠰᠢ ᠰᠠᠭᠠᠳ ᠤᠴᠠᠷᠠᠭᠰᠠᠨ᠂ ᠡᠰᠡᠭᠦᠯ᠎ᠡ ᠪᠤᠰᠤᠳ ᠤᠨ | ᠶᠠᠮᠠᠷ ᠨᠢᠭᠡᠨ ᠰᠢᠯᠢᠳᠡᠭ ᠵᠠᠩ ᠠᠷᠠᠨᠰᠢᠨ᠂ ᠦᠢᠯᠡ ᠬᠦᠳᠡᠯᠭᠡᠭᠡᠨ ᠠᠴᠠ ᠪᠤᠯᠵᠤ᠂ ᠦᠪᠡᠷ ᠤᠨ ᠲᠤᠳᠤᠭᠠᠳᠤ | ᠰᠡᠳᠭᠢᠯᠭᠡ ᠶᠢᠨ ᠤᠭ ᠠᠴᠠ ᠪᠠᠨ ᠪᠠᠭ᠋ᠠᠷᠠᠨ ᠪᠢᠰᠢᠷᠡᠭᠰᠡᠨ᠂᠂᠂᠂᠂᠂ ᠵᠡᠷᠭᠡ ᠰᠡᠳᠭᠢᠯ ᠤᠨ ᠬᠦᠳᠡᠯᠭᠡᠨ ᠢᠶᠠᠨ | ᠨᠠᠷᠢᠨ ᠲᠤᠩᠭᠠᠵᠤ᠂ ᠨᠢᠮᠪᠠᠢ ᠪᠤᠳᠤᠯᠬᠢᠯᠠᠭᠠᠳ ᠂ ᠤᠯᠠᠶᠢᠭᠰᠠᠨ ᠲᠡᠮᠦᠷ ᠢ ᠬᠠᠯᠠᠭᠤᠨ ᠳᠤᠨᠢ ᠲᠠᠪᠳᠠᠬᠤ ᠮᠡᠳᠦ ᠪᠠᠷ ᠂ | ᠪᠢᠷ ᠢᠶᠠᠨ ᠠᠳᠬᠤᠨ ᠠᠪᠴᠤ᠂ ᠪᠤᠳᠤᠨ ᠰᠡᠳᠭᠢᠭᠰᠡᠨ ᠰᠡᠳᠭᠢᠬᠦᠢ ᠶᠢᠨ ᠤᠷᠠᠨ ᠰᠠᠨᠠᠭᠠᠨ ᠤ ᠠᠶ᠎ᠠ ᠪᠠᠷ ᠪᠢᠷ | ᠵᠢᠷᠪᠢᠯᠵᠢᠭᠦᠯᠦᠨ ᠲᠤᠭᠤᠷᠪᠢᠭᠠᠳ᠂ ᠤᠷᠠᠯᠢᠭ ᠰᠠᠶᠢᠬᠠᠨ ᠨᠠᠶᠢᠷᠠᠭᠤᠯᠤᠯ ᠤᠨ ᠪᠦᠳᠦᠭᠡᠯ ᠢ ᠪᠤᠢ ᠪᠤᠯᠭᠠᠵᠤ ᠪᠤᠯᠤᠨ᠎ᠠ᠃ | ᠬᠡᠯᠡᠯᠭᠡᠨ ᠦᠭᠡᠢ ᠠᠩᠬ᠎ᠠ ᠪᠢᠴᠢᠭᠰᠡᠨ ᠤ ᠪᠠᠨ ᠲᠠᠷᠠᠭ᠎ᠠ᠂ ᠪᠠᠭ᠎ᠠ ᠠᠮᠢᠰᠬᠤᠭᠠᠳ ᠵᠤᠬᠢᠬᠤ ᠬᠤᠭᠤᠴᠠᠭ᠎ᠠ ᠪᠤᠯᠪᠠᠯ᠂ | ᠡᠬᠡ ᠪᠢᠴᠢᠭ ᠢᠶᠠᠨ ᠠᠬᠢᠨ ᠲᠠᠬᠢᠨ ᠵᠠᠰᠠᠬᠤ ᠶᠢ ᠶᠠᠭᠠᠬᠢᠭᠰᠠᠨ ᠴᠦ ᠤᠮᠳᠤᠭᠠᠶᠢᠯᠠᠵᠤ ᠪᠤᠯᠬᠤ ᠦᠭᠡᠢ ᠶᠤᠮ᠃ ᠲᠡᠭᠡᠷᠡᠬᠢ | ᠮᠡᠳᠦ ᠪᠠᠷ᠂ ᠠᠩᠬ᠎ᠠ ᠠᠯᠬᠤᠮ ᠵᠤᠬᠢᠶᠠᠨ ᠪᠢᠴᠢᠯᠭᠡ ᠳᠤ ᠰᠢᠮᠳᠠᠨ ᠤᠷᠤᠵᠤ ᠪᠠᠶᠢᠭ᠎ᠠ ᠂ ᠲᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢᠳ ᠲᠤ ᠠᠪᠴᠤ ᠬᠡᠯᠡᠪᠡᠯ᠂ ᠡᠩᠭᠢᠵᠤ ᠢᠳᠡᠭ ᠢᠳᠡᠭ ᠢᠶᠠᠷ ᠡᠭᠦᠳᠡᠨ ᠳᠤᠨᠢ | ᠤᠷᠤᠪᠠᠯ᠂ ᠲᠦᠢᠯ ᠤᠨ ᠬᠢᠯᠪᠠᠷ ᠲᠦᠳᠡ ᠪᠦᠭᠡᠳ ᠠᠰ ᠵᠠᠮ ᠢᠶᠠᠷ ᠵᠤᠬᠢᠶᠠᠨ ᠪᠢᠴᠢᠯᠭᠡ ᠶᠢᠨ ᠠᠶᠠᠨ ᠤ ᠵᠠᠮ ᠢᠶᠠᠨ | ᠡᠯᠭᠦᠨ ᠠᠪᠴᠤ ᠴᠢᠳᠠᠨ᠎ᠠ᠃ | ᠬᠤᠶᠠᠷ ᠂ ᠨᠠᠶᠢᠷᠠᠭᠤᠯᠤᠯ ᠤᠨ ᠤᠷᠠᠨ ᠵᠤᠬᠢᠶᠠᠯ ᠢ ᠪᠢᠴᠢᠬᠦ ᠳᠤ ᠂ ᠵᠠᠪᠠᠯ ᠪᠤᠷᠤᠭᠵᠢᠭᠤᠨ ᠦᠨᠡᠨᠴᠢ | ᠦᠭᠡ ᠬᠡᠯᠡᠵᠤ᠂ ᠦᠭᠡ ᠬᠡᠯᠡᠯᠭᠡ ᠪᠠᠨ ᠵᠦᠪ ᠤᠨᠤᠪᠴᠢᠳᠠᠢ᠂ ᠠᠷᠠᠳ ᠤᠨ ᠶᠠᠷᠢᠶᠠᠨ ᠤ ᠬᠡᠯᠡᠯᠭᠡ ᠶᠢ ᠬᠡᠷᠡᠭᠯᠡᠵᠤ | ᠴᠢᠳᠠᠬᠤ ᠤᠶᠤᠨ ᠴᠢᠳᠠᠪᠤᠷᠢ ᠶᠢ ᠱᠠᠭᠠᠷᠳᠠᠳᠠᠭ ᠶᠤᠮ᠃ ᠨᠠ᠊᠂ ᠰᠤᠩᠳᠤᠢ ᠶᠢᠨ ︽ᠮᠠᠩᠬᠠᠨ ᠤ ᠵᠠᠮ︾᠂ ︽ᠬᠦᠮᠦᠨ | ᠬᠠᠶᠢᠷ᠎ᠠ ᠪᠠᠷ ᠰᠡᠭᠡᠨᠡ ᠂ ︽ ᠰᠤᠯᠠ ᠱᠠᠰᠳᠢᠷ ᠲᠡᠦᠬᠡ︾ ᠂ ︽ᠡᠪᠦᠭᠡᠨ ᠰᠢᠪᠠᠭᠤ︾ ᠳᠤ ᠠᠪᠤ ᠬᠦᠮᠦᠨ ᠤ | ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠲᠤᠳᠤᠨ᠎ᠠ ᠪᠠᠨ ᠪᠠᠶᠢᠬᠤ ᠠᠭᠤᠥ ᠶᠡᠭᠡ ᠬᠠᠶᠢᠷ᠎ᠠ ᠶᠢ ᠲᠦᠷᠦᠭᠰᠡᠨ | ᠨᠤᠳᠤᠭ ᠤᠨ ᠢᠶᠠᠨ ᠲᠡᠨᠢᠭᠡᠷ ᠮᠠᠩᠬᠠᠨ ᠵᠤ ᠵᠢᠴᠢ ᠵᠢᠵᠢᠭ ᠵᠦᠷᠢᠭ ᠵᠠᠮ ᠢᠶᠠᠷ ᠶᠠᠪᠤᠭᠰᠠᠨ ᠢᠶᠠᠨ ᠡᠷᠭᠢᠴᠡᠭᠦᠯᠦᠨ ᠪᠢᠴᠢᠬᠦ | ᠪᠠᠷ ᠲᠠᠮᠵᠢᠨ᠂ ᠨᠤᠳᠤᠭ ᠤᠰᠤᠨ ᠤ ᠲᠡᠥᠬᠡ ᠭᠠᠷᠤᠯᠳᠠ᠂ ᠨᠤᠮᠤᠬᠠᠨ ᠠᠪᠤ ᠶᠢᠨ ᠢᠶᠠᠨ ᠦᠯᠢᠭᠡᠷ ᠱᠠᠰᠳᠢᠷ᠂ ᠨᠤᠮᠤᠢ | ᠲᠡᠭᠦᠨ ᠢ ᠮᠤᠷᠢᠨ ᠳᠤ ᠮᠤᠷᠳᠠᠭᠤᠯᠤᠭᠰᠠᠨ ᠶᠤᠭᠳᠠ ᠲᠠᠢ ᠨᠠᠷᠢᠨ ᠦᠯᠢᠭᠡᠷ ᠢᠶᠠᠷ ᠲᠠᠮᠵᠢᠨ ᠠᠪᠤ ᠡᠯᠳᠡᠪ ᠵᠦᠢᠯ ᠢᠶᠠᠷ | ᠶᠢᠨ ᠢᠶᠠᠨ ᠠᠴᠢᠯᠠᠯ ᠬᠠᠶᠢᠷ᠎ᠠ ᠶᠢ ᠲᠤᠭᠠᠴᠢᠨ ᠶᠠᠷᠢᠵᠤ᠂ ︽ᠠᠪᠤ ᠶᠢᠨ ᠶᠠᠪᠤᠳᠠᠭ ᠪᠠᠷᠠᠭᠤᠯ ᠮᠠᠩᠬᠠᠨ ᠤ ᠵᠠᠮ ᠢᠨᠠᠷᠤ | ᠤᠩᠭᠤᠨ ᠲᠡᠭᠡᠷ᠎ᠡ ᠨᠢ ᠢᠷᠡᠵᠤ ᠠᠪᠤ ᠶᠢᠨ ᠶᠢᠨ ᠴᠢᠨᠳᠠᠷ ᠲᠠᠢ ᠠᠭᠤᠯᠵᠢᠨ ᠲᠠᠬᠢᠨ ᠪᠠᠷᠠᠭᠤᠨ ᠮᠠᠩᠬᠠᠨ ᠤ ᠲᠡᠭᠡᠭᠦᠷ | ᠰᠢᠷᠭᠤᠯᠳᠠᠢ ᠠᠶᠢᠯ ᠤᠷᠤᠭᠤ ᠪᠠᠨ ᠬᠠᠷᠠᠳᠠᠭ︾ ᠡᠯᠢᠭᠡ ᠨᠢᠭᠡᠳᠡᠢ ᠠᠶᠢᠯ ᠠᠶᠢᠮᠠᠭ ᠤᠨ ᠠᠬ᠎ᠠ ᠲᠡᠭᠦᠥ ᠨᠠᠷ ᠵᠢᠴᠢ | ᠦᠪᠡᠷ ᠤᠨ ᠴᠢᠩ ᠦᠨᠡᠨᠴᠢ ᠡᠬᠡ ᠨᠤᠳᠤᠭᠴᠢ ᠬᠠᠶᠢᠷ᠎ᠠ ᠰᠡᠳᠭᠢᠯᠭᠡ ᠪᠠᠨ ᠠᠭᠤᠰᠬᠠᠨ ᠨᠠᠶᠢᠷᠠᠭᠤᠯᠤᠭᠰᠠᠨ ᠪᠠᠶᠢᠨ᠎ᠠ᠃ | ᠲᠡᠷᠡ ᠶᠠᠪᠤᠳᠠᠯ ᠤᠴᠢᠷ ᠲᠤ ᠲᠠᠷᠤᠥ ᠪᠤᠯᠭᠤᠮᠵᠢᠳᠠᠢ᠂ ᠯᠠᠪᠳᠠᠭᠤᠨ ᠬᠢᠴᠢᠶᠡᠩᠭᠦᠢ᠂ ᠰᠤᠨᠢᠭᠤᠴᠠ ᠠᠷᠠᠨᠰᠢᠨ ᠲᠠᠢ | ᠪᠠᠷ ᠠᠵᠤ ᠠᠮᠢᠳᠤᠷᠠᠯ ᠤᠨ ᠬᠤᠨᠢᠶᠠᠰᠤ ᠨᠢᠭᠡᠪᠦᠷᠢ ᠳᠤ ᠬᠠᠶᠢᠷ᠎ᠠ ᠰᠡᠳᠭᠢᠯᠭᠡ᠂ ᠬᠠᠶᠢᠷᠠᠳᠠᠢ ᠡᠳ᠋ ᠢᠶᠠᠨ ᠰᠠᠨᠠᠭᠠᠯᠵᠠᠬᠤ | ᠂ ᠤᠬᠠᠭᠠᠷᠠᠨ ᠭᠡᠮᠰᠢᠬᠦ᠂ ᠠᠬᠠᠰ ᠵᠠᠬᠠᠰ ᠢᠶᠠᠨ ᠬᠦᠨᠳᠦᠳᠭᠡᠬᠦ ᠂ ᠦᠴᠦᠬᠡᠨ ᠶᠠᠪᠤᠳᠠᠯ ᠠᠴᠠ ᠰᠡᠳᠡᠯᠳᠡ ᠠᠪᠬᠤ᠂ | ᠰᠤᠷᠤᠭᠴᠢ ᠦᠶ᠎ᠡ ᠶᠢᠨ ᠰᠠᠶᠢᠨ ᠶᠠᠪᠤᠳᠠᠯ᠂ ᠵᠦᠪ ᠪᠤᠷᠤᠭᠤ ᠶᠢᠨ ᠲᠠᠨᠢᠯᠳᠠ᠂ ᠦᠨᠡᠨ ᠬᠤᠳᠠᠯ ᠤᠨ ᠬᠠᠷᠠᠮᠰᠠᠯ᠂ | ᠠᠬᠠᠮᠠᠳ ᠨᠢᠰᠤᠳᠠᠨ ᠢᠶᠠᠨ ᠬᠦᠨᠳᠦᠳᠭᠡᠬᠦ᠂ ᠠᠴᠢ ᠲᠤᠰᠠ ᠶᠢᠨ ᠬᠠᠷᠢᠭᠤ ᠲᠤᠰᠬᠠᠯ ᠂ ᠵᠠᠮ ᠵᠠᠭᠤᠷ᠎ᠠ ᠳᠤ | ᠲᠤᠬᠢᠶᠠᠯᠳᠤᠭᠰᠠᠨ ᠠᠴᠢᠯᠠᠯᠳᠠᠢ ᠬᠦᠮᠦᠨ᠂ ᠶᠢᠷᠳᠢᠨᠴᠦ ᠶᠢᠨ ᠵᠢᠮ᠎ᠡ ᠶᠤᠰᠤ᠂ ᠨᠦᠬᠦᠷᠯᠡᠯ ᠬᠠᠶᠢᠷ᠎ᠠ᠂ ᠠᠵᠢᠯ ᠦᠢᠯᠡᠰ᠂ | ᠠᠮᠠᠷᠠᠭ ᠨᠦᠬᠦᠷ᠂ ᠡᠪᠡᠳᠴᠢᠨ ᠡᠮᠬᠡᠭ ᠤᠨ ᠲᠠᠷᠴᠢᠯᠠᠭᠠᠯ ᠂᠂᠂᠂ ᠵᠡᠷᠭᠡ ᠶᠢ ᠵᠢᠷᠤᠭᠯᠠᠨ ᠪᠦᠳᠦᠭᠡᠵᠤ᠂ ︽ᠬᠦᠮᠦᠨ | ᠬᠠᠶᠢᠷ᠎ᠠ ᠪᠠᠷ ᠰᠡᠭᠡᠨᠡ᠂ ᠬᠠᠶᠢᠷ᠎ᠠ ᠪᠠᠷ ᠠᠮᠢᠯᠠᠨ᠎ᠠ᠂ ᠬᠠᠶᠢᠷ᠎ᠠ ᠭᠡᠭᠴᠢ ᠬᠠᠷᠢᠭᠤ ᠬᠦᠰᠡᠳᠡᠭ ᠦᠭᠡᠢ ᠰᠡᠳᠭᠢᠯ ᠶᠤᠮ︾ | ᠭᠡᠵᠤ ᠬᠠᠶᠢᠷ᠎ᠠ ᠶᠢᠨ ᠲᠤᠬᠠᠢ ᠵᠢᠩᠭᠢᠨᠢ ᠤᠥᠳᠬᠠ ᠭᠦᠨ ᠦᠨᠡᠨ ᠦᠭᠡ ᠶᠢ ᠦᠯᠡᠳᠡᠭᠡᠭᠰᠡᠨ ᠪᠠᠶᠢᠨ᠎ᠠ᠃ ᠨᠢᠭᠡᠨ | ᠭᠤᠶᠤ ᠨᠠᠶᠢᠷᠠᠭᠤᠯᠤᠯ ᠨᠢ ᠦᠨᠡᠨᠳᠡᠭᠡᠨ ᠨᠢᠭᠡᠨ ᠭᠤᠸ᠎ᠠ ᠰᠠᠶᠢᠬᠠᠨ ᠢᠷᠠᠭᠤ ᠨᠠᠶᠢᠷᠠᠭ ᠰᠢᠭ᠋ ᠢᠶᠠᠷ᠂ ᠤᠷᠰᠤᠮᠠ ᠲᠤᠳᠤ | ᠰᠢᠯᠦᠭ ᠲᠠᠭᠤᠯᠠᠯ ᠮᠡᠳᠦ ᠪᠠᠷ ᠬᠠᠶᠢᠷ᠎ᠠ ᠰᠡᠳᠭᠢᠯᠭᠡ ᠪᠢᠯᠬᠠᠮ᠎ᠠ ᠵᠤᠵᠠᠭᠠᠨ᠂ ᠪᠢᠷ ᠤᠨ ᠬᠡᠷᠡᠭᠯᠡᠯᠳᠡ ᠨᠢ ᠭᠤᠶᠢᠳᠠ | ᠰᠠᠶᠢᠬᠠᠨ᠂ ᠦᠭᠡ ᠬᠡᠯᠡᠯᠭᠡ ᠨᠢ ᠤᠷᠰᠤᠮᠠ ᠲᠤᠳᠤ᠂ ᠢᠯᠡᠳᠭᠡᠬᠦ ᠠᠷᠭ᠎ᠠ ᠪᠠᠷᠢᠯ ᠨᠢ ᠠᠮᠢᠳᠤ ᠲᠦᠷᠰᠦᠯᠢᠭ᠂ ᠨᠢᠳᠦᠨ | ᠳᠤ ᠴᠢᠨᠢ ᠦᠵᠡᠭᠳᠡᠮ᠎ᠡ ᠰᠡᠳᠭᠢᠯᠭᠡ ᠶᠢ ᠢᠯᠡᠷᠡᠭᠦᠯᠵᠤ᠂ ᠭᠠᠷ ᠲᠤ ᠴᠢᠨᠢ ᠪᠠᠷᠢᠭᠳᠠᠮ᠎ᠠ ᠵᠢᠷᠤᠭᠯᠠᠨ ᠲᠤᠰᠬᠠᠵᠤ᠂ | ᠬᠡᠷᠡᠭ ᠶᠠᠪᠤᠳᠠᠯ ᠤᠨ ᠠᠬᠤᠢ ᠤᠷᠴᠢᠨ ᠳᠤᠨᠢ ᠬᠦᠮᠦᠰ ᠢ ᠬᠦᠳᠦᠯᠡᠨ ᠲᠠᠭᠠᠭᠤᠯᠵᠤ᠂ ᠬᠡᠷᠡᠭ ᠶᠠᠪᠤᠳᠠᠯ ᠤᠨ ᠪᠤᠳᠠᠳᠤ | ᠦᠩᠭᠭᠡᠷᠡᠯᠳᠡ ᠶᠢ ᠬᠦᠮᠦᠰ ᠲᠤ ᠦᠪᠡᠷ ᠤᠨ ᠡᠷᠬᠡ ᠦᠭᠡᠢ ᠤᠶᠤᠨ ᠰᠠᠨᠠᠭᠠᠨ ᠤ ᠲᠠᠭᠠᠰᠢᠶᠠᠯ ᠢᠶᠠᠷ ᠢᠪᠡᠭᠡᠵᠤ᠂ | ᠭᠤᠸ᠎ᠠ ᠰᠠᠶᠢᠬᠠᠨ ᠤ ᠬᠦᠷᠳᠡᠭᠡᠮᠵᠢ ᠶᠢ ᠤᠯᠭᠤᠳᠠᠭ ᠰᠠᠨ᠃ | ᠨᠠ᠊᠂ ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠳᠤ ᠤᠷᠤᠭᠰᠠᠨ 35 ᠨᠠᠶᠢᠷᠠᠭᠤᠯᠤᠯ ᠨᠢ | ᠲᠤᠬᠠᠢ ᠶᠢᠨ ᠦᠶᠡᠰ ᠲᠠᠬᠢ ᠮᠠᠨ ᠤ ᠤᠷᠤᠨ ᠤ ᠮᠤᠩᠭᠤᠯ ᠢᠶᠠᠷ ᠨᠠᠶᠢᠷᠠᠭᠤᠯᠤᠯ ᠪᠢᠴᠢᠬᠦ ᠳᠤ ᠰᠦᠪᠡᠭᠴᠢᠯᠡᠯᠳᠡ ᠶᠢᠨ | ᠴᠢᠨᠠᠷ ᠲᠠᠢ᠂ ᠨᠡᠶᠢᠳᠡᠯᠢᠭ ᠰᠠᠶᠢᠬᠠᠨ ᠵᠠᠭᠪᠤᠷ ᠶᠢᠨ ᠴᠢᠨᠠᠷ ᠲᠠᠢ᠂ ᠵᠤᠬᠢᠶᠠᠭᠴᠢ ᠵᠢᠨᠵᠢᠩᠭᠢᠨᠢ ᠲᠤᠳᠤᠭᠠᠳᠤ ᠰᠡᠳᠭᠢᠯᠭᠡ | ᠪᠠᠷ ᠢᠶᠠᠨ ᠵᠤᠬᠢᠶᠠᠭᠳᠠᠭᠰᠠᠨ ᠤᠭᠢ ᠲᠠᠯᠠᠰᠳᠤ ᠨᠠᠶᠢᠷᠠᠭᠤᠯᠤᠯ ᠪᠤᠯᠬᠤ ᠨᠢ ᠮᠠᠷᠭᠤᠰᠢ ᠦᠭᠡᠢ᠃ ᠲᠡᠭᠦᠨ ᠤ | ᠨᠠᠶᠢᠷᠠᠭᠤᠯᠤᠯ ᠳᠤ ᠲᠤᠷᠠᠳᠬᠠᠬᠤ᠂ ᠡᠷᠭᠢᠴᠡᠭᠦᠯᠬᠦ᠂ ᠤᠬᠠᠭᠠᠷᠠᠬᠤ᠂ ᠭᠡᠮᠰᠢᠬᠦ᠂ ᠬᠦᠰᠡᠮᠵᠢᠯᠡᠬᠦ᠂ ᠲᠤᠭᠳᠤᠯᠬᠤ᠂ | ᠵᠤᠷᠢᠭ ᠢᠶᠠᠨ ᠡᠷᠴᠢᠯᠡᠬᠦ ᠵᠡᠷᠭᠡ ᠬᠦᠮᠦᠰ ᠤᠨᠠᠯᠢᠪᠠ ᠰᠠᠶᠢᠨ ᠰᠠᠶᠢᠬᠠᠨ ᠤ ᠵᠦᠭ ᠲᠡᠮᠡᠥᠯᠡᠬᠦ ᠂ ᠬᠦᠮᠦᠰ ᠤᠨ | ᠵᠤᠷᠢᠭ ᠢ ᠡᠷᠴᠢᠯᠡᠬᠦ᠂ ᠢᠳᠡᠪᠬᠢ ᠡᠷᠴᠢ ᠪᠠᠨ ᠪᠠᠳᠠᠷᠠᠭᠤᠯᠬᠤ᠂ ᠤᠬᠠᠭᠠᠷᠠᠨ ᠰᠡᠩᠭᠡᠷᠡᠬᠦ ᠵᠡᠷᠭᠡ ᠵᠦᠪ ᠲᠠᠯ᠎ᠠ ᠶᠢᠨ | ᠮᠠᠰᠢ ᠤᠯᠠᠨ ᠰᠠᠶᠢᠨ ᠰᠠᠶᠢᠬᠠᠨ ᠤ ᠬᠦᠮᠦᠵᠢᠯ ᠬᠦᠷᠳᠡᠭᠡᠮᠵᠢ ᠶᠢ ᠤᠯᠭᠤᠳᠠᠭ ᠰᠠᠨ ᠃ ᠡᠭᠦᠨ ᠠᠴᠠ ᠦᠵᠡᠬᠦᠯ᠎ᠡ ᠂ | ᠨᠠᠶᠢᠷᠠᠭᠤᠯᠤᠯ ᠨᠢ ᠬᠡᠯᠡᠯᠭᠡᠨ ᠦᠭᠡᠢ ᠰᠠᠨᠠᠭ᠎ᠠ ᠰᠡᠳᠭᠢᠯ ᠢᠶᠠᠨ ᠢᠯᠡᠷᠡᠭᠦᠯᠬᠦ ᠪᠠᠷ ᠭᠤᠥᠯᠯᠠᠬᠤ ᠪᠤᠯᠪᠠᠴᠤ ᠨᠦᠭᠦᠭᠡ | ᠲᠠᠯ᠎ᠠ ᠪᠠᠷ ᠬᠠᠷᠢᠨ ᠬᠦᠮᠦᠰ ᠤᠨ ᠠᠯᠢᠪᠠ ᠰᠠᠶᠢᠨ ᠰᠠᠶᠢᠬᠠᠨ ᠬᠦᠭᠡᠭᠡᠴᠡᠯᠳᠦᠯ ᠵᠦᠭ ᠬᠦᠳᠦᠯᠡᠵᠤ᠂ ᠬᠦᠮᠦᠰ ᠤᠨ | ᠤᠶᠤᠨ ᠰᠠᠨᠠᠭᠠᠨ ᠤ ᠢᠳᠡᠪᠬᠢ ᠡᠷᠴᠢ ᠪᠦᠬᠦᠢ ᠭᠤᠥᠯ ᠰᠠᠨᠠᠭ᠎ᠠ ᠪᠠᠷ ᠢᠶᠠᠨ ᠪᠦᠬᠦᠶᠢᠯᠡᠵᠤᠬᠢᠶᠠᠯ ᠢᠶᠠᠨ ᠰᠢᠵᠢᠮᠯᠡᠨ | ᠠᠮᠢᠯᠠᠭᠤᠯᠵᠤ᠂ ᠬᠡᠷᠡᠭᠯᠡᠭᠰᠡᠨ ᠦᠭᠡ ᠦᠭᠦᠯᠡᠪᠦᠷᠢ ᠶᠢᠨ ᠪᠦᠳᠦᠴᠡ ᠪᠠᠷ ᠢᠶᠠᠨ ᠢᠯᠡᠷᠡᠭᠦᠯᠬᠦ ᠭᠡᠵᠤ ᠪᠠᠶᠢᠬᠤ ᠤᠳᠬ᠎ᠠ | ᠰᠠᠨᠠᠭ᠎ᠠ᠂ ᠬᠠᠶᠢᠷ᠎ᠠ ᠰᠡᠳᠭᠢᠯᠭᠡ ᠪᠠᠨ ᠲᠤᠪᠤᠶᠢᠯᠭᠠᠨ ᠭᠠᠷᠭᠠᠵᠤ᠂ ᠨᠢᠭᠳᠠᠷᠠᠭᠤᠯᠤᠨ ᠬᠠᠮᠤᠷᠠᠭᠤᠯᠬᠤ ᠬᠡᠷᠡᠭᠳᠡᠢ ᠶᠤᠮ᠃ | ᠭᠡᠶ᠎ᠡ᠂ ᠨᠠᠶᠢᠷᠠᠭᠤᠯᠤᠯ ᠤᠨ ᠵᠤᠬᠢᠶᠠᠯ ᠳᠤ᠂ ᠤᠷᠠᠨ ᠦᠭᠡᠰ ᠢᠶᠠᠨ ᠵᠡᠷᠭᠡᠯᠡᠨ ᠲᠠᠯᠪᠢᠭᠠᠳ᠂ ᠤᠭ ᠰᠠᠨᠠᠭ᠎ᠠ ᠠᠴᠠ ᠪᠠᠨ | ᠬᠤᠯᠳᠠᠬᠤ ᠶᠢ ᠤᠨᠴᠠ ᠠᠩᠬᠠᠷᠴᠤ᠂ ᠦᠭᠡ ᠦᠰᠦᠭ ᠦᠭᠦᠯᠡᠪᠦᠷᠢ ᠨᠢᠭᠡᠪᠦᠷᠢ ᠨᠢ ᠡᠷᠬᠡᠪᠡᠰᠢ ᠭᠤᠥᠯ ᠰᠠᠨᠠᠭ᠎ᠠ ᠶᠢᠨ | ᠢᠶᠠᠨ ᠲᠤᠭᠤᠷᠢᠨ ᠳᠤ ᠦᠢᠯᠡᠴᠢᠯᠡᠭᠦᠯᠵᠤ ᠪᠠᠶᠢᠬᠤ ᠬᠡᠷᠡᠭᠳᠡᠢ᠃ ᠵᠤᠬᠢᠶᠠᠮᠵᠢ ᠶᠢᠨ ᠲᠠᠯ᠎ᠠ ᠪᠠᠷ ᠬᠡᠷᠡᠭ ᠶᠠᠪᠤᠳᠠᠯ ᠢ | ᠵᠠᠪᠰᠠᠷᠯᠠᠨ ᠤᠷᠤᠭᠤᠯᠬᠤ᠂ ᠦᠭᠡ ᠦᠭᠦᠯᠡᠪᠦᠷᠢ ᠶᠢᠨ ᠨᠡᠶᠢᠴᠡᠪᠦᠷᠢ ᠶᠢᠨ ᠲᠠᠯ᠎ᠠ ᠪᠠᠷ ᠤᠨᠴᠠ ᠠᠩᠬᠠᠷᠬᠤ | ᠬᠡᠷᠡᠭᠳᠡᠢ᠃ ᠨᠢᠭᠡᠨ ᠦᠭᠦᠯᠡᠯᠭᠡ ᠶᠢᠨ ᠵᠤᠬᠢᠶᠠᠯ ᠳᠤ ᠬᠡᠷᠪᠡ ᠢᠯᠭᠠᠮᠠ ᠲᠤᠳᠤ ᠬᠦᠮᠦᠨ ᠤ ᠦᠪᠡᠷᠢᠮᠢᠴᠡ ᠤᠨᠴᠠᠯᠢᠭ | ᠲᠠᠢ ᠶᠤᠮ ᠪᠤᠯ᠂ ᠬᠡᠯᠡᠯᠭᠡᠨ ᠦᠭᠡᠢ ᠠᠮᠢᠳᠤ ᠲᠦᠷᠰᠦᠯᠢᠭ ᠦᠯᠢᠭᠡᠷ ᠤᠨ ᠶᠠᠪᠤᠴᠠ ᠪᠠᠶᠢᠵᠤ᠂ ᠬᠠᠷᠢᠨ ᠦᠭᠡ ᠬᠡᠯᠡᠯᠭᠡ | ᠨᠢ ᠡᠩ ᠶᠡᠷᠦᠮᠳᠡᠭ᠂ ᠵᠤᠬᠢᠶᠠᠮᠵᠢ ᠨᠢ ᠡᠪ ᠡᠩ ᠤᠨ ᠪᠠᠶᠢᠭᠰᠠᠨ ᠴᠦ᠂ ᠡᠨᠡᠬᠦ ᠦᠭᠦᠯᠡᠯᠭᠡ ᠶᠢ ᠤᠩᠰᠢᠭᠴᠢᠳ | ᠬᠠᠷᠢᠨ ᠤᠶᠢᠯᠭᠠᠴᠢᠬᠠᠳᠠᠭ ᠰᠠᠨ᠃ ᠭᠡᠳᠡᠯ᠎ᠡ ᠨᠠᠶᠢᠷᠠᠭᠤᠯᠤᠯ ᠤᠨ ᠵᠤᠬᠢᠶᠠᠯ ᠨᠢ ᠬᠠᠷᠢᠨ ᠲᠡᠶᠢᠮᠦ ᠪᠢᠰᠢ᠂ ᠬᠡᠷᠪᠡ ᠨᠢᠭᠡᠨ | ᠨᠠᠶᠢᠷᠠᠭᠤᠯᠤᠯ ᠳᠤ᠂ ᠵᠦᠪᠬᠡᠨ ᠲᠤᠭᠳᠠᠭᠰᠠᠨ ᠦᠵᠡᠯ ᠰᠠᠨᠠᠭᠠᠨ ᠤ ᠠᠭᠤᠯᠭ᠎ᠠ ᠲᠠᠢ᠂ ᠬᠠᠷᠢᠨ ᠵᠤᠬᠢᠶᠠᠨ ᠪᠦᠳᠦᠭᠡᠯᠭᠡ | ᠶᠢᠨ ᠬᠡᠯᠡ ᠬᠡᠯᠡᠨᠴᠡ ᠶᠢᠨ ᠲᠠᠯ᠎ᠠ ᠪᠠᠷ ᠵᠤᠬᠢᠮᠵᠢ ᠦᠭᠡᠢ ᠪᠦᠭᠡᠳ ᠤᠩᠰᠢᠭᠴᠢᠳ ᠢ ᠤᠷᠠᠮᠰᠢᠭᠤᠯᠤᠨ ᠲᠠᠳᠠᠬᠤ | ᠬᠦᠴᠦᠨ ᠦᠭᠡᠢ᠂ ᠬᠡᠯᠡ ᠬᠡᠯᠡᠯᠭᠡ ᠨᠢ ᠨᠡᠶᠢᠴᠡᠪᠦᠷᠢ ᠦᠭᠡᠢ ᠶᠤᠮ ᠪᠤᠯ᠂ ᠡᠨᠡᠬᠦ ᠨᠠᠶᠢᠷᠠᠭᠤᠯᠤᠯ ᠨᠢ ᠶᠠᠭ ᠯᠡ ᠭᠡᠷᠡᠯ | ᠭᠢᠯᠪᠠᠭ᠎ᠠ ᠪᠠᠨ ᠠᠯᠳᠠᠭᠰᠠᠨ ᠨᠢᠭᠡᠨ ᠬᠡᠯᠬᠢᠶ᠎ᠡ ᠰᠤᠪᠤᠳ ᠮᠡᠳᠦ ᠪᠤᠯᠠᠤ ᠲᠤᠯᠠ᠂ ᠡᠶᠢᠮᠦ ᠨᠠᠶᠢᠷᠠᠭᠤᠯᠤᠯ ᠢ ᠤᠩᠰᠢᠬᠤ | ᠳᠤ ᠬᠡᠷᠬᠢᠨ ᠬᠦᠮᠦᠰ ᠤᠨ ᠠᠩᠬᠠᠷᠤᠯ ᠢ ᠲᠠᠳᠠᠵᠤ᠂ ᠰᠠᠨᠠᠭ᠎ᠠ ᠰᠡᠳᠭᠢᠯ ᠢ ᠨᠢ ᠤᠷᠠᠮᠰᠢᠭᠤᠯᠵᠤ ᠴᠢᠳᠠᠬᠤ ᠪᠤᠢ︕ | ᠨᠡᠩ ᠴᠦ ᠤᠩᠰᠢᠭᠴᠢᠳ ᠲᠤ ᠭᠤᠸ᠎ᠠ ᠰᠠᠶᠢᠬᠠᠨ ᠤ ᠲᠠᠭᠠᠰᠢᠶᠠᠯ ᠢ ᠬᠦᠷᠳᠡᠭᠡᠬᠦ ᠭᠡᠳᠡᠭ ᠴᠢᠨᠢ ᠬᠤᠳᠠᠯ ᠦᠭᠡ | ᠪᠤᠯᠬᠤ ᠨᠢ ᠲᠡᠷᠡ ᠪᠢᠯᠡ︖ ᠮᠡᠳᠡᠭᠡᠵᠢ ᠪᠠᠷ᠂ ᠨᠢᠭᠡᠨ ᠮᠦᠬᠦᠯᠢᠭ ᠵᠢᠩᠭᠢᠨᠢ ᠰᠤᠪᠤᠳ ᠨᠢ᠂ ᠡᠷᠬᠡᠪᠡᠰᠢ ᠬᠦᠮᠦᠰ ᠤᠨ | ᠨᠢᠳᠦ ᠶᠢ ᠭᠢᠯᠰᠠᠭᠤᠯᠮᠠ ᠭᠡᠷᠡᠯ ᠭᠢᠯᠪᠠᠭ᠎ᠠ ᠪᠠᠨ ᠰᠠᠴᠤᠷᠠᠭᠤᠯᠵᠤ ᠪᠠᠶᠢᠳᠠᠭ ᠠᠵᠠᠢ᠃ ᠨᠠ᠊᠂ ᠰᠤᠩᠳᠤᠢ ᠶᠢᠨ ︽ | ᠬᠠᠶᠢᠷ᠎ᠠ ᠶᠢᠨ ᠰᠢᠭᠦᠳᠡᠷᠢ︾ ᠳᠤ ᠤᠷᠤᠭᠰᠠᠨ ᠡᠳᠡᠭᠡᠷ ᠨᠠᠶᠢᠷᠠᠭᠤᠯᠤᠯ ᠨᠢ ᠶᠠᠭ ᠦᠭᠡ ᠦᠭᠦᠯᠡᠪᠦᠷᠢ᠂ ᠬᠡᠰᠡᠭ | ᠪᠠᠳᠠᠭ ᠪᠦᠷᠢ᠂ ᠨᠠᠶᠢᠷᠠᠭᠤᠯᠤᠯ ᠨᠢᠭᠡᠪᠦᠷᠢ ᠨᠢ ᠦᠨᠦᠳᠦᠷ ᠤᠨ ᠠᠩᠰᠢᠭᠴᠢ ᠶᠢᠨ ᠨᠢᠳᠦ ᠶᠢ ᠭᠢᠯᠰᠠᠭᠤᠯᠤᠮᠠ ᠭᠡᠷᠡᠯᠳᠦ | ᠰᠤᠪᠤᠳ ᠰᠢᠭ᠋ ᠢᠶᠠᠷ ᠭᠢᠯᠪᠠᠭ᠎ᠠ ᠪᠠᠨ ᠰᠠᠴᠤᠷᠠᠭᠤᠯᠵᠤ᠂ ᠦᠪᠡᠷ ᠤᠨ ᠭᠡᠭᠦ ᠦᠨ᠎ᠡ ᠦᠷᠳᠡᠭ ᠢᠶᠠᠨ ᠬᠦᠮᠦᠰ ᠲᠤ | ᠬᠦᠷᠳᠡᠭᠡᠵᠤ ᠪᠠᠶᠢᠨ᠎ᠠ᠃ ᠡᠭᠦᠨ ᠲᠠᠢ ᠲᠦᠰᠦᠭᠡᠳᠡᠢ ᠪᠠᠷ ᠨᠢᠭᠡᠨ ᠰᠠᠶᠢᠨ ᠰᠠᠶᠢᠬᠠᠨ ᠦᠵᠡᠯ ᠰᠠᠨᠠᠭ᠎ᠠ ᠶᠢ ᠲᠤᠰᠬᠠᠵᠤ᠂ | ᠪᠤᠰᠤᠳ ᠤᠨ ᠢᠳᠡᠪᠬᠢᠵᠢᠯ ᠢ ᠲᠠᠶᠢᠴᠢᠯᠠᠬᠤ ᠨᠢᠭᠤᠴᠠ ᠬᠦᠴᠦᠨ ᠲᠠᠢ ᠤᠭᠢ ᠲᠠᠯᠠᠰᠳᠤ ᠰᠤᠩᠭᠤᠳᠠᠭ ᠨᠠᠶᠢᠷᠠᠭᠤᠯᠤᠯ | ᠨᠢ ᠴᠦ ᠤᠩᠰᠢᠭᠴᠢᠳ ᠤᠨ ᠤᠷᠮ᠎ᠠ ᠶᠢ ᠰᠡᠷᠭᠦᠭᠡᠵᠤ᠂ ᠡᠷᠴᠢ ᠵᠤᠷᠢᠭ ᠢ ᠨᠢ ᠬᠦᠪᠴᠢᠯᠡᠭᠡᠳ ᠂ ᠤᠩᠰᠢᠭᠴᠢᠳ ᠢ | ᠤᠷᠠᠮᠰᠢᠭᠤᠯᠤᠨ ᠢᠳᠡᠭᠡᠯ ᠤᠨ ᠲᠦᠷᠦᠭᠡᠨ ᠳᠤ ᠮᠤᠷᠳᠠᠭᠤᠯᠵᠤ᠂ ᠢᠷᠡᠭᠡᠳᠦᠢ ᠲᠡᠰᠢ ᠬᠦᠨᠳᠦᠯᠡᠬᠦ ᠶᠢᠨ ᠬᠠᠮᠳᠤ ᠰᠠᠨᠠᠭ᠎ᠠ | ᠰᠡᠳᠭᠢᠯ ᠤᠨ ᠲᠠᠯᠳᠠ ᠬᠦᠴᠦᠨ ᠢᠶᠠᠷ ᠭᠦᠨ ᠨᠦᠯᠦᠭᠡᠯᠡᠬᠦ ᠪᠠᠷ ᠪᠠᠷᠠᠬᠤ ᠦᠭᠡᠢ ᠨᠡᠩ ᠴᠢᠬᠤᠯᠠ ᠨᠢ ᠬᠦᠮᠦᠰ ᠢ | ᠰᠡᠩᠭᠡᠷᠡᠭᠦᠯᠦᠨ ᠢᠷᠡᠭᠡᠳᠦᠢ ᠲᠡᠰᠢ ᠶᠠᠭᠤ ᠨᠢᠭᠡ ᠶᠢ ᠭᠦᠨ ᠭᠦᠨᠵᠡᠭᠡᠢ ᠰᠡᠳᠭᠢᠨ ᠪᠤᠳᠤᠯᠬᠢᠯᠠᠭᠤᠯᠤᠨ᠎ᠠ᠃ | ᠨᠠ᠊᠂ ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠨᠢ ᠬᠡᠪᠯᠡᠭᠳᠡᠭᠡᠳ ᠨᠢᠭᠡᠨᠳᠡ 25 ᠵᠢᠯ ᠪᠤᠯᠤᠭᠰᠠᠨ | ᠠᠳᠠᠯ᠎ᠠ ᠪᠠᠨ ᠪᠦᠬᠦ ᠮᠤᠩᠭᠤᠯ ᠤᠩᠰᠢᠭᠴᠢᠳ ᠤᠨ ᠲᠤᠮᠳᠠ ᠡᠳᠦᠭᠡ ᠪᠤᠯᠳᠠᠯ᠎ᠠ ᠦᠷᠡᠭᠡᠨ ᠶᠡᠭᠡ ᠠᠮᠢᠵᠢᠷᠠᠯ ᠤᠨ | ᠬᠦᠴᠦᠨ ᠲᠠᠢ ᠪᠠᠶᠢᠳᠠᠭ ᠨᠢ ᠲᠠᠷᠤᠢ ᠲᠡᠭᠦᠨ ᠤ ᠪᠢᠷ ᠲᠤᠥᠷ᠎ᠠ ᠪᠢᠴᠢᠭᠳᠡᠭᠰᠡᠨ ᠡᠳᠡᠭᠡᠷ ᠨᠠᠶᠢᠷᠠᠭᠤᠯᠤᠯ ᠨᠢ ᠦᠨᠡᠬᠡᠷ | ᠲᠤᠬᠠᠢ ᠶᠢᠨ ᠦᠶ᠎ᠡ ᠶᠢᠨ ᠠᠬᠤᠢ ᠪᠠᠶᠢᠳᠠᠯ ᠵᠢᠴᠢ ᠡᠬᠦᠨ ᠠᠴᠠ ᠬᠤᠶᠢᠰᠢᠬᠢ ᠬᠦᠰᠡᠯ ᠡᠷᠡᠮᠡᠯᠵᠡᠯᠡᠯ ᠢ ᠲᠤᠰᠬᠠᠨ | ᠬᠠᠷᠠᠭᠤᠯᠵᠤ ᠴᠢᠳᠠᠭᠰᠠᠨ ᠪᠠᠶᠢᠨ᠎ᠠ᠃ | ᠵᠢᠱᠢᠶᠡᠯᠡᠪᠡᠯ᠄ ᠤᠯᠠᠨ ᠭᠠᠵᠠᠷ ᠤᠷᠤᠨ ᠳᠤ ᠶᠡᠭᠡ ᠪᠠᠭ᠎ᠠ ᠬᠡᠮᠵᠢᠶ᠎ᠡ ᠶᠢᠨ ᠨᠠᠶᠢᠷ ᠤᠨ ᠴᠤᠭᠯᠠᠭᠠᠨ ᠵᠢᠴᠢ ᠨᠠᠶᠢᠷ ᠤᠨ | ᠰᠢᠷᠡᠭᠡᠨ ᠲᠡᠭᠡᠷ᠎ᠡ ᠵᠠᠷᠢᠮ ᠤᠩᠰᠢᠭᠴᠢ ᠠᠪᠤᠨ ᠲᠤᠥᠷ᠎ᠠ ᠪᠠᠨ ᠤᠯᠠᠨ ᠳᠤ ᠨᠠ᠊᠂ ᠰᠤᠩᠳᠤᠢ ᠶᠢᠨ ︽ᠮᠠᠩᠬᠠᠨ ᠤ | ᠨᠤᠭᠤᠭ᠎ᠠ︾ ᠵᠡᠷᠭᠡ ᠨᠠᠶᠢᠷᠠᠭᠤᠯᠤᠯ ᠵᠢᠴᠢ ᠪᠤᠰᠤᠳ ᠨᠠᠶᠢᠷᠠᠭᠤᠯᠤᠯ ᠠᠴᠠ ᠨᠢ ᠬᠡᠳᠦᠨ ᠪᠠᠳᠠᠭ ᠬᠦᠭᠰᠡᠨ ᠪᠠᠶᠠᠷᠯᠠᠵᠤ᠂ | ᠤᠷᠤᠮᠰᠢᠨ ᠤᠶᠠᠩᠭᠠᠯᠠᠭᠠᠳ ᠠᠬᠤᠢ ᠲᠠᠯᠠᠪᠠᠢ ᠶᠢᠨ ᠬᠦᠮᠦᠰ ᠤᠨ ᠤᠷᠮᠠᠰ ᠢ ᠬᠦᠭᠵᠢᠭᠡᠳᠡᠭ ᠰᠠᠨ᠃ | ᠡᠭᠦᠨ ᠠᠴᠠ ᠦᠵᠡᠬᠦᠯ᠎ᠡ᠂ ᠨᠠ᠊᠂ ᠰᠤᠩᠳᠤᠢ ᠶᠢᠨ ᠨᠠᠶᠢᠷᠠᠭᠤᠯᠤᠯ ᠳᠤ ᠶᠠᠮᠠᠷ ᠨᠢᠭᠡᠨ ᠬᠦᠮᠦᠰ ᠤᠨ ᠵᠤᠷᠢᠭ | ᠰᠠᠨᠠᠭ᠎ᠠ ᠶᠢ ᠡᠷᠴᠢᠯᠡᠬᠦ ᠲᠠᠶᠢᠴᠢᠯᠠᠯᠳᠠ ᠶᠢᠨ ᠢᠳᠡ ᠬᠦᠴᠦ ᠶᠢᠨ ᠴᠢᠨᠠᠷ ᠲᠠᠢ ᠂ ᠬᠦᠮᠦᠰ ᠢ ᠤᠷᠤᠮᠰᠢᠭᠤᠯᠬᠤ ᠷᠢᠳᠢ | ᠰᠢᠳᠢ ᠲᠠᠢ ᠭᠡᠵᠤ ᠬᠡᠯᠡᠵᠤ ᠪᠤᠯᠤᠨ᠎ᠠ᠂ ᠲᠡᠷᠡ ᠵᠢᠯ ᠳᠤ ᠮᠡᠭᠦᠰ ᠪᠢ ᠬᠦᠬᠡᠬᠤᠳᠠ ᠶᠢᠨ ᠰᠢᠨᠬᠤᠸᠠ ᠨᠤᠮ ᠤᠨ | ᠲᠡᠯᠭᠡᠭᠦᠷ ᠲᠤ ᠲᠤᠭᠤᠷᠢᠵᠤ᠂ ᠨᠠ᠊᠂ ᠰᠤᠩᠳᠤᠢ ᠶᠢᠨ ᠨᠠᠶᠢᠷᠠᠭᠤᠯᠤᠯ ᠢ ᠠᠰᠠᠭᠤᠨ ᠯᠠᠪᠯᠠᠵᠤ ᠪᠠᠶᠢᠬᠤ ᠳᠤ᠂ ᠶᠠᠭ | ᠰᠠᠶ᠋ᠢᠬᠠᠨ ᠲᠡᠭᠦᠨ ᠤ ᠤᠳᠠᠭᠠᠨ ᠵᠢᠯ ᠤᠨ ᠬᠠᠮᠳᠤ ᠠᠵᠢᠯᠯᠠᠵᠤ ᠪᠠᠶᠢᠭᠰᠠᠨ ᠨᠠᠶᠢᠵᠢ ᠨᠢ ᠪᠦᠭᠡᠳ ᠤᠥᠯ ᠤᠨ ᠬᠠᠮᠳᠤ | ᠪᠠᠶᠢᠭᠰᠠᠨ ᠨᠢᠭᠡᠨ ᠤᠳᠤᠷᠢᠳᠤᠯᠭ᠎ᠠ ᠲᠠᠢ ᠨᠢ ᠠᠰ ᠬᠠᠯᠵᠠ ᠤᠴᠠᠷᠠᠵᠤ᠂ ᠲᠡᠷᠡ ᠨᠠᠰᠤᠳᠠᠨ ᠠᠪᠤᠨ ᠪᠠᠷᠢᠭᠰᠠᠭᠠᠷ | ᠨᠠᠳᠠᠳᠤ ᠄ ︽ᠲᠡᠭᠡᠷ᠎ᠡ ᠵᠠᠭᠤᠨ ᠤ ᠰᠡᠭᠦᠯᠴᠢ ᠪᠠᠷ ᠮᠠᠨ ᠤ ᠰᠤᠩᠳᠤᠢ ᠶᠢᠨ ᠵᠤᠬᠢᠶᠠᠭᠳᠠᠭᠰᠠᠨ ᠲᠡᠳᠡᠭᠡᠷ ᠨᠠᠶᠢᠷᠠᠭᠤᠯᠤᠯ | ᠨᠢ ᠮᠠᠨ ᠤ ᠤᠷᠤᠨ ᠤ ᠮᠤᠩᠭᠤᠯ ᠢᠶᠠᠷ ᠪᠢᠴᠢᠭᠳᠡᠭᠰᠡᠨ ᠨᠠᠶᠢᠷᠠᠭᠤᠯᠤᠯ ᠤᠨ ᠰᠠᠭᠤᠷᠢᠯᠠᠯ ᠪᠤᠯᠬᠤ ᠶᠤᠮ᠂ ᠡᠭᠦᠨ ᠠᠴᠠ | ᠬᠤᠵᠢᠮ ᠪᠠᠰᠠ ᠮᠠᠨ ᠤ ᠰᠤᠩᠳᠤᠢ ᠰᠢᠭ᠋ ᠲᠤᠷᠪᠢᠯᠢᠭ ᠨᠠᠶᠢᠷᠠᠭᠤᠯᠤᠯ ᠤᠨ ᠵᠤᠬᠢᠶᠠᠯᠴᠢ ᠭᠠᠷᠬᠤ ᠳᠤ ᠬᠢᠯᠪᠠᠷ ᠦᠭᠡᠢ | ᠪᠦᠭᠡᠳ ᠲᠡᠶᠢᠮᠦ ᠨᠠᠶᠢᠷᠠᠭᠤᠯᠤᠯ ᠤᠨ ᠵᠤᠬᠢᠶᠠᠯᠴᠢ ᠪᠤᠢ ᠪᠤᠯᠬᠤ ᠳᠤ ᠬᠢᠯᠪᠠᠷ ᠦᠭᠡᠢ︾ ᠭᠡᠵᠤ ᠨᠠᠳᠠᠳᠤ ᠬᠡᠯᠡᠭᠰᠡᠨ | ᠶᠤᠮ᠃ | ᠲᠡᠭᠡᠪᠡᠯ ᠨᠠ᠊᠂ ᠰᠤᠩᠳᠤᠢ ᠶᠢᠨ ᠨᠠᠶᠢᠷᠠᠭᠤᠯᠤᠯ ᠤᠨ ᠲᠡᠭᠦᠪᠦᠷᠢ ︽ᠬᠠᠶᠢᠷ᠎ᠠ ᠶᠢᠨ ᠰᠢᠭᠦᠳᠡᠷᠢ︾ ᠳᠤ | ᠰᠤᠩᠭᠤᠭᠳᠠᠨ ᠤᠷᠤᠭᠰᠠᠨ ᠲᠡᠳᠡᠭᠡᠷ ᠭᠡᠷᠡᠯᠳᠦ ᠰᠤᠪᠤᠳ ᠰᠢᠭ᠋ ᠭᠤᠴᠤ ᠲᠠᠯᠠᠰᠳᠤ ᠨᠠᠶᠢᠷᠠᠭᠤᠯᠤᠯ ᠠᠴᠠ ᠦᠵᠡᠨ | ᠭᠠᠷᠬᠤ ᠨᠢ᠂ ᠨᠠᠶᠢᠷᠠᠭᠤᠯᠤᠯ ᠤᠨ ᠵᠤᠬᠢᠶᠠᠯ ᠨᠢ ᠲᠡᠭᠡᠷᠡᠬᠢ ᠮᠡᠳᠦ ᠶᠢᠨ ᠡᠶᠢᠮᠦᠷᠬᠦᠥ ᠤᠨᠴᠠᠯᠢᠭ ᠲᠠᠢ ᠤᠴᠢᠷ ᠠᠴᠠ᠂ | ᠪᠢᠴᠢᠭᠳᠡᠨ ᠭᠠᠷᠴᠤ ᠢᠷᠡᠭᠰᠡᠨ ᠨᠠᠶᠢᠷᠠᠭᠤᠯᠤᠯ ᠨᠢ ᠶᠠᠭᠤᠨ ᠤ ᠤᠷᠢᠳ ᠡᠨᠡᠬᠦ ᠨᠠᠶᠢᠷᠠᠭᠤᠯᠤᠯ ᠤᠨ ᠵᠤᠬᠢᠶᠠᠭᠴᠢ ᠲᠠᠢ | ᠨᠢ ᠰᠢᠭᠤᠳ ᠬᠤᠯᠪᠤᠭᠳᠠᠯ ᠲᠠᠢ ᠶᠤᠮ᠃ ᠡᠭᠦᠨ ᠳᠤ ᠬᠠᠮᠤᠭ ᠴᠢᠬᠤᠯᠠ ᠨᠢᠭᠡ ᠨᠦᠬᠦᠴᠡᠯ ᠭᠡᠪᠡᠯ᠂ ᠬᠠᠰᠢᠯᠠ ᠦᠭᠡ | ᠦᠰᠦᠭ ᠢ ᠵᠦᠪ ᠤᠨᠤᠪᠴᠢᠳᠠᠢ ᠬᠡᠷᠡᠭᠯᠡᠬᠦ ᠤᠶᠤᠨ ᠤᠬᠠᠭᠠᠨᠴᠢ ᠴᠢᠳᠠᠪᠤᠷᠢ ᠲᠠᠢ ᠪᠠᠶᠢᠬᠤ ᠬᠡᠷᠡᠭᠳᠡᠢ ᠶᠤᠮ᠂ | ᠨᠠᠶᠢᠷᠠᠭᠤᠯᠤᠯ ᠢᠶᠠᠨ ᠰᠡᠳᠭᠢᠯᠭᠡ ᠶᠢᠨ ᠦᠩᠭᠡ ᠲᠠᠢ ᠭᠤᠶᠢᠳᠠ ᠰᠠᠶᠢᠬᠠᠨ ᠪᠤᠯᠭᠠᠬᠤ ᠳᠤ᠂ ᠵᠦᠪ ᠤᠨᠤᠪᠴᠢᠳᠠᠢ ᠪᠠᠷ | ᠦᠭᠡ ᠦᠰᠦᠭ ᠢ ᠲᠤᠬᠢᠷᠠᠭᠰᠠᠨ ᠰᠠᠶᠢᠬᠠᠨ ᠬᠠᠪᠤᠯᠢᠭ ᠤᠷᠤᠨ ᠳᠤᠨᠢ ᠬᠡᠷᠡᠭᠯᠡᠵᠤ᠂ ᠠᠮᠢᠳᠤ ᠴᠤᠪᠤᠭᠠᠯᠢᠭ ᠰᠡᠳᠭᠢᠴᠡ | ᠶᠢᠨ ᠦᠩᠭᠡ ᠶᠢᠨ ᠤᠷᠤᠨ ᠵᠠᠢ ᠲᠠᠢ ᠪᠠᠶᠢᠪᠠᠯ ᠵᠤᠬᠢᠨ᠎ᠠ᠃ ᠲᠡᠭᠡᠷᠡᠬᠢ ᠱᠠᠭᠠᠷᠳᠠᠯᠭ᠎ᠠ ᠠᠴᠠ ᠦᠵᠡᠪᠡᠯ᠂ ᠠᠩᠬ᠎ᠠ | ᠵᠤᠬᠢᠶᠠᠨ ᠪᠢᠴᠢᠯᠭᠡ ᠳᠤ ᠰᠢᠮᠳᠠᠨ ᠤᠷᠤᠵᠠᠭᠠᠵᠤ ᠪᠡᠶᠢᠭ᠎ᠠ ᠰᠤᠷᠤᠭᠴᠢᠳ ᠲᠤ ᠠᠪᠴᠤ ᠬᠡᠯᠡᠪᠡᠯ᠂ ᠲᠦᠢᠯ ᠤᠨ | ᠴᠢᠬᠤᠯᠠ ᠠᠰᠠᠭᠤᠳᠠᠯ ᠪᠤᠯᠠᠬᠤ ᠶᠤᠮ᠃ ᠪᠢ ᠲᠡᠭᠡᠷᠡᠬᠢ ᠠᠳᠠᠯᠢᠳᠬᠠᠯ ᠢᠶᠠᠷ ᠵᠤᠬᠢᠶᠠᠨ ᠪᠢᠴᠢᠯᠭᠡ ᠶᠢᠨ ᠦᠨᠳᠦᠰᠦᠨ | ᠴᠢᠳᠠᠪᠬᠢ ᠪᠤᠯᠭᠠᠪᠠ᠃ ᠲᠠᠷᠤᠢ ᠨᠠᠶᠢᠷᠠᠭᠤᠯᠤᠯ ᠤᠨ ᠵᠤᠬᠢᠶᠠᠯ ᠠᠴᠠ ᠭᠠᠷᠳᠠᠵᠤ᠂ ᠦᠭᠡ ᠦᠰᠦᠭ ᠢᠶᠠᠨ ᠵᠦᠪ | ᠤᠨᠤᠪᠴᠢᠲᠠᠢ ᠬᠡᠷᠡᠭᠯᠡᠬᠦ ᠤᠶᠤᠨ ᠴᠢᠳᠠᠪᠤᠷᠢ ᠪᠠᠨ ᠦᠨᠳᠦᠰᠦᠨ ᠠᠴᠠ ᠨᠢ ᠲᠡᠭᠡᠭᠰᠢᠯᠡᠭᠦᠯᠬᠦ ᠨᠢ᠂ ᠵᠤᠬᠢᠶᠠᠨ | ᠪᠢᠴᠢᠯᠭᠡ ᠶᠢᠨ ᠬᠠᠮᠤᠭ ᠠᠩᠬᠠᠨ ᠤ ᠨᠢᠭᠡᠨ ᠲᠦᠢᠯ ᠤᠨ ᠴᠢᠬᠤᠯᠠ ᠦᠨᠳᠦᠰᠦᠨ ᠠᠰᠠᠭᠤᠳᠠᠯ ᠪᠤᠯᠠᠬᠤ ᠶᠤᠮ᠃ | ᠮᠡᠳᠡᠭᠡᠵᠢ ᠪᠠᠷ᠂ ᠤᠳᠤᠬᠠᠨ ᠤ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠭᠡᠰ ᠤᠨ ᠰᠠᠩ ᠨᠢ | ᠲᠦᠢᠯ ᠢᠶᠠᠷ ᠶᠠᠳᠠᠭᠤᠷᠠᠵᠤ᠂ ᠦᠭᠦᠯᠡᠪᠦᠷᠢ ᠶᠢᠨ ᠵᠦᠢ ᠶᠢᠨ ᠲᠠᠯ᠎ᠠ ᠪᠠᠷ ᠴᠦ ᠶᠡᠷᠦᠩᠬᠡᠢ ᠳᠤᠨᠢ ᠠᠨᠠᠢ ᠪᠠᠶᠢᠳᠠᠭ | ᠲᠤᠯᠠ᠂ ᠡᠳᠡᠭᠡᠷ ᠰᠤᠷᠤᠭᠴᠢᠳ᠂ ᠵᠠᠪᠠᠯ ᠵᠤᠬᠢᠶᠠᠨ ᠪᠢᠴᠢᠯᠭᠡ ᠶᠢᠨ ᠶᠠᠪᠤᠴᠠ ᠪᠠᠨ ᠲᠦᠷᠭᠡᠳᠭᠡᠶ᠎ᠡ ᠭᠡᠪᠡᠯ᠂ ᠶᠠᠭᠤᠨ | ᠤ ᠡᠮᠦᠨ᠎ᠡ ᠨᠠᠶᠢᠷᠠᠭᠤᠯᠤᠯ ᠤᠨ ᠵᠤᠬᠢᠶᠠᠯ ᠪᠢᠴᠢᠬᠦ ᠦᠨᠳᠦᠰᠦᠨ ᠪᠤᠯᠪᠠᠰᠤᠷᠠᠯ ᠢ ᠴᠢᠩᠭᠠᠳᠬᠠᠵᠤ᠂ ᠤᠨᠴᠠᠭᠠᠶᠢᠯᠠᠨ | ᠶᠠᠭᠤᠨ ᠤ ᠡᠮᠦᠨ᠎ᠡ ᠨᠠᠶᠢᠷᠠᠭᠤᠯᠤᠯ ᠤᠨ ᠵᠤᠬᠢᠶᠠᠯ ᠠᠴᠠ ᠭᠠᠷᠳᠠᠨ ᠪᠢᠴᠢᠵᠤ᠂ ᠦᠷᠭᠦᠯᠵᠢ ᠶᠢᠨ ᠴᠢᠨᠠᠷᠳᠠᠢ ᠠᠬᠢᠨ | ᠲᠠᠬᠢᠨ ᠲᠠᠪᠳᠠᠨ ᠪᠤᠯᠪᠠᠰᠤᠷᠠᠬᠤ ᠬᠡᠷᠡᠭᠳᠡᠢ᠃ | ᠨᠠ᠊᠂ ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠭᠡᠬᠦ ᠨᠠᠶᠢᠷᠠᠭᠤᠯᠤᠯ ᠤᠨ ᠲᠡᠭᠦᠪᠦᠷᠢ ᠶᠢ ᠮᠡᠭᠦᠰ | ᠪᠢ ᠤᠯᠠᠨ ᠤᠳᠠᠭ᠎ᠠ ᠤᠯᠵᠠᠷᠬᠠᠨ᠂ ᠬᠤᠪᠢ ᠬᠦᠮᠦᠨ ᠦᠨᠡᠬᠡᠷ ᠲᠡᠭᠦᠨ ᠤ ᠲᠤᠳᠤᠷ᠎ᠠ ᠠᠴᠠ ᠮᠠᠰᠢ ᠤᠯᠠᠨ ᠰᠡᠷᠡᠭᠳᠡᠯ᠂ | ᠠᠷᠭ᠎ᠠ ᠪᠠᠷᠢᠯ᠂ ᠢᠳᠡᠪᠬᠢ ᠡᠷᠴᠢ ᠤᠯᠤᠭᠰᠠᠨ ᠨᠢ ᠦᠨᠡᠨ ᠪᠢᠯᠡ ᠂ ᠡᠭᠦᠨ ᠤ ᠤᠯᠠᠮ ᠠᠴᠠ ᠬᠤᠪᠢ ᠬᠦᠮᠦᠨ | ᠤᠳᠠᠭᠠᠨ ᠵᠢᠯ ᠤᠨ ᠲᠤᠷᠰᠢ᠂ ᠰᠤᠷᠭᠠᠭᠤᠯᠢ ᠶᠢᠨ ᠰᠤᠨᠢᠨ ᠰᠡᠳᠭᠦᠯ ᠵᠢᠴᠢ ᠵᠤᠬᠢᠶᠠᠨ ᠪᠢᠴᠢᠯᠭᠡ ᠶᠢᠨ ᠲᠠᠯ᠎ᠠ ᠪᠠᠷ | ᠵᠠᠯᠠᠭᠤᠴᠤᠳ ᠪᠠᠭᠠᠴᠤᠳ ᠲᠠᠢ ᠤᠯᠠᠨ ᠤᠳᠠᠭ᠎ᠠ ᠬᠠᠷᠢᠯᠴᠠᠳᠠᠭ ᠤᠴᠢᠷ ᠠᠴᠠ᠂ ᠢᠷᠡᠭᠡᠳᠦᠢ ᠳᠤ ᠵᠤᠬᠢᠶᠠᠨ | ᠪᠢᠴᠢᠯᠡᠭᠡ ᠳᠤ ᠴᠠᠭᠠᠷᠠᠵᠤ ᠮᠡᠳᠡᠬᠦ ᠮᠠᠰᠢ ᠤᠯᠠᠨ ᠤᠷᠤᠯᠳᠤᠯᠤᠭᠠ ᠲᠠᠢ ᠲᠡᠳᠡᠨᠡᠷ ᠲᠤ ᠲᠤᠰᠬᠠᠢ ᠵᠤᠷᠢᠭᠤᠯᠵᠤ᠂ | ᠬᠤᠪᠢᠨ ᠤ ᠪᠡᠶ᠎ᠡ ᠶᠢᠨ ᠲᠤᠷᠰᠢᠯᠭ᠎ᠠ ᠪᠠᠨ ᠨᠢᠭᠤᠯ ᠦᠭᠡᠢ ᠰᠢᠪ᠊ ᠪᠠᠶᠢᠵᠤ ᠰᠠᠨᠠᠭᠤᠯᠭ᠎ᠠ ᠪᠤᠯᠭᠠᠬᠤ ᠶᠢ ᠵᠤᠷᠢᠭᠰᠠᠨ | ᠶᠤᠮ᠃ ᠡᠭᠦᠨ ᠤ ᠤᠯᠠᠮ ᠠᠴᠠ ᠨᠠ᠊᠂ ᠰᠤᠩᠳᠤᠢ ᠶᠢᠨ ᠨᠠᠶᠢᠷᠠᠭᠤᠯᠤᠯ ᠪᠦᠳᠦᠭᠡᠯ ᠠᠴᠠ ᠡᠰᠢ ᠠᠪᠴᠤ᠂ ᠲᠡᠭᠡᠷᠡᠬᠢ | ᠪᠤᠯᠪᠠᠰᠤᠨ ᠪᠤᠰᠤ ᠦᠵᠡᠯᠳᠡ ᠪᠠᠨ ᠬᠤᠶᠠᠷ ᠠᠰᠠᠭᠤᠳᠠᠯ ᠪᠤᠯᠭᠠᠨ ᠶᠠᠷᠢᠭᠰᠠᠨ ᠶᠤᠮ᠃ ᠮᠢᠨᠦ ᠦᠵᠡᠬᠦ ᠪᠠᠷ᠂ ᠮᠠᠨ | ᠤ ᠠᠩᠬ᠎ᠠ ᠵᠤᠬᠢᠶᠠᠨ ᠪᠢᠴᠢᠯᠭᠡ ᠳᠤ ᠰᠢᠮᠳᠠᠨ ᠤᠷᠤᠯᠳᠤᠵᠤ ᠪᠠᠶᠢᠭ᠎ᠠ ᠵᠠᠯᠠᠭᠤᠴᠤᠳ ᠵᠢᠴᠢ ᠲᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢᠳ᠂ ᠬᠠᠰᠢᠯᠠ ᠲᠤᠮᠳᠠᠳᠤ ᠭᠠᠳᠠᠭᠠᠳᠤ᠂ ᠡᠷᠳᠡ ᠡᠳᠦᠭᠡ ᠶᠢᠨ ᠨᠡᠷᠡᠳᠦ | ᠨᠠᠶᠢᠷᠠᠭᠤᠯᠤᠯ ᠤᠨ ᠵᠤᠬᠢᠶᠠᠯ ᠢ ᠢᠯᠡᠭᠦᠬᠡᠨ ᠤᠩᠰᠢᠵᠤ᠂ ᠨᠠᠶᠢᠷᠠᠭᠤᠯᠤᠯ ᠤᠨ ᠵᠤᠬᠢᠶᠠᠯ ᠢ ᠪᠤᠯᠪᠠᠰᠤᠷᠠᠨ ᠪᠢᠴᠢᠬᠦ ᠪᠠᠷ | ᠲᠠᠮᠵᠢᠨ᠂ ᠮᠠᠨᠤᠰ ᠤᠨ ᠤᠳᠬ᠎ᠠ ᠵᠤᠬᠢᠶᠠᠯ ᠤᠨ ᠤᠷ᠎ᠠ ᠠᠪᠢᠶᠠᠰ ᠢᠶᠠᠨ ᠪᠠᠳᠠᠷᠠᠭᠤᠯᠵᠤ᠂ ᠵᠤᠬᠢᠶᠠᠨ ᠪᠢᠴᠢᠬᠦ | ᠦᠨᠳᠦᠰᠦᠨ ᠴᠢᠳᠠᠪᠤᠷᠢ ᠪᠠᠨ ᠦᠨᠡᠨᠬᠦ ᠲᠡᠭᠡᠭᠰᠢᠯᠡᠭᠦᠯᠬᠦ ᠬᠡᠷᠡᠭᠳᠡᠢ᠃ | |