ᠲᠤᠭᠳᠠᠭᠠᠯᠢ  ᠮᠠᠯᠳᠠᠭᠰᠠᠨ ᠬᠡᠦᠬᠡᠳ ᠨᠠᠰᠤ
ᠨᠡᠶᠢᠲᠡᠯᠡᠭᠰᠡᠨ ᠴᠠᠭ᠄
2020-07-30
  ᠰ᠊᠂ ᠬᠤᠷᠴᠢᠨᠬᠦᠤ                          ᠤᠨᠠᠭᠠᠨ ᠪᠠᠭ᠎ᠠ ᠶᠢᠨ ᠮᠦᠷᠦᠭᠡᠳᠦᠯ᠂ ᠤᠷᠢ ᠵᠠᠯᠠᠭᠤ ᠶᠢᠨ ᠲᠤᠷᠠᠳᠬᠠᠯ ᠳᠤ ᠡᠷᠭᠢᠴᠡᠨ  ᠬᠤᠷᠭᠤᠳᠠᠵᠤ᠂ ᠤᠨ ᠴᠠᠭ ᠤᠨ ᠨᠠᠶᠢᠷ ᠦᠭᠡᠢ ᠤᠷᠤᠰᠬᠠᠯ ᠲᠤᠮᠳᠠ ᠶᠠᠭᠤ ᠨᠢᠭᠡ ᠶᠢ ᠠᠮᠵᠢᠨ ᠪᠦᠳᠦᠭᠡᠵᠦ ᠲᠡᠭᠦᠨ ᠢ ᠪᠠᠨ ᠤᠨ ᠴᠠᠭ ᠤᠨ ᠤᠷᠤᠰᠬᠠᠯ ᠲᠠᠭᠠᠭᠤᠯᠤᠨ ᠤᠷᠴᠢᠯᠠᠩ ᠳᠤ ᠦᠯᠡᠳᠡᠭᠡᠬᠦ ᠶᠢ ᠬᠦᠰᠡᠭᠰᠡᠨ ᠢᠷᠠᠭᠤ ᠤᠶᠠᠩᠭᠠᠯᠢᠭ ᠰᠡᠳᠭᠢᠯ ᠤᠨ ᠴᠤᠣᠷᠢᠶᠠᠯᠠᠯ ᠳᠤ ᠮᠢᠨᠢ ᠮᠦᠩᠭᠡ ᠶᠢᠨ ᠵᠤᠭᠤᠭ ᠪᠤᠯᠭᠠᠨ ᠦᠯᠡᠳᠡᠭᠡᠬᠦ ᠶᠢ ᠰᠠᠨᠠᠭᠰᠠᠨ ᠨᠠᠳᠠ ᠳᠤ ᠶᠠᠭᠤ ᠬᠠᠮᠤᠭ ᠤᠨ ᠰᠠᠭᠤᠭᠳᠠᠯ ᠲᠠᠢ ᠪᠤᠢ ᠭᠡᠪᠡᠯ ᠬᠦᠮᠦᠨ ᠤ ᠬᠠᠮᠤᠭ ᠤᠨ ᠰᠠᠶᠢᠬᠠᠨ ᠤᠩᠭᠤᠷᠬᠠᠢ ᠪᠠᠭ᠎ᠠ ᠨᠠᠰᠤ ᠭᠡᠵᠦ ᠶᠠᠭᠤᠳᠠᠢ ᠵᠢᠷᠭᠠᠯᠳᠠᠢ︕   ᠤᠩᠭᠤᠨ ᠲᠤᠭᠯᠠᠵᠤ ᠤᠮᠤᠷᠬᠠᠵᠤ ᠶᠠᠪᠤᠨ᠂ ᠶᠠᠭᠤ ᠴᠦ ᠪᠤᠳᠤᠬᠤ ᠦᠭᠡᠢ ᠬᠤᠶᠠᠷ ᠬᠠᠴᠠᠷ ᠢᠶᠠᠨ ᠰᠠᠭᠠᠷᠢᠳᠤᠭᠤᠯᠤᠨ᠂ ᠬᠤᠶᠠᠷ ᠭᠠᠷ ᠤᠨ ᠠᠷᠤ ᠪᠠᠨ ᠬᠠᠷᠠᠯᠠᠭᠤᠯᠵᠤ᠂ ᠬᠤᠶᠠᠷ ᠨᠢᠳᠤ ᠪᠠᠨ ᠪᠦᠯᠳᠡᠭᠡᠨᠡᠭᠦᠯᠦᠨ ᠬᠡᠷᠡᠮ ᠬᠠᠰᠢᠶ᠎ᠠ ᠪᠠᠷ ᠦᠰᠦᠷᠴᠤ ᠬᠠᠷᠠᠶᠢᠵᠤ ᠶᠠᠪᠤᠭ᠎ᠠ ᠬᠦᠭᠡᠷᠦᠬᠦᠢ ᠢᠰᠢᠭᠡ ᠰᠢᠭ ᠠᠯᠢᠶᠠᠷᠬᠠᠵᠤ ᠬᠦᠶᠦᠭᠰᠡᠨ ᠢᠶᠠᠨ ᠪᠤᠳᠤᠪᠠᠯ ᠢᠨᠢᠶᠡᠳᠦ ᠴᠦ ᠬᠦᠷᠦᠨ᠎ᠡ᠂ ᠠᠭᠤᠷ ᠴᠦ ᠬᠦᠷᠦᠨ᠎ᠡ ᠪᠢᠯᠡ︕ ᠨᠡᠩ ᠢᠯᠠᠩᠭᠤᠶ᠎ᠠ ᠲᠤᠭᠤᠯ ᠤᠨ ᠪᠡᠯᠴᠢᠭᠡᠷ ᠢᠶᠠᠷ ᠬᠦᠶᠦᠯᠳᠦᠨ ᠲᠤᠭᠳᠠᠭᠠᠯᠢ ᠮᠠᠯᠳᠠᠭᠰᠠᠨ ᠢᠶᠠᠨ ᠡᠷᠭᠢᠴᠡᠭᠦᠯᠦᠬᠦᠶ᠎ᠡ ᠡᠯᠢᠭᠡ ᠡᠮᠳᠡᠷᠡᠵᠦ ᠨᠢᠯᠪᠤᠰᠤ ᠤᠨᠠᠭᠠᠮᠠᠷ︕                            ᠪᠢᠳᠡ ᠪᠠᠭ᠎ᠠ ᠳᠠᠭᠠᠨ ᠬᠠᠪᠤᠷ ᠤᠨ ᠬᠠᠭᠳᠠ ᠡᠪᠡᠰᠦ ᠬᠦᠷᠦᠰᠦ ᠶᠢ ᠨᠡᠪᠳᠡᠯᠦᠨ ᠭᠠᠷᠬᠤ ᠦᠶᠡᠰ ᠢᠶᠠᠷ ᠭᠤᠷᠪᠠ ᠲᠠᠪᠤᠭᠤᠯᠠ ᠪᠠᠨ ᠨᠡᠶᠢᠯᠡᠵᠦ ᠬᠤᠶᠠᠷ ᠰᠢᠳᠦ ᠲᠠᠢ ᠮᠠᠯᠳᠠᠭᠤᠷ ᠢᠶᠠᠨ ᠡᠭᠦᠷᠴᠤ ᠬᠤᠶᠢᠨ᠎ᠠ ᠡᠮᠦᠨ᠎ᠡ ᠪᠠᠨ ᠬᠦᠶᠦᠯᠳᠦᠨ ᠠᠶᠢᠯ ᠤᠨ ᠡᠮᠦᠨᠡᠬᠢ ᠪᠤᠯᠳᠤᠭ ᠵᠤ ᠶᠢᠨ ᠲᠤᠭᠤᠯ ᠤᠨ ᠪᠡᠯᠴᠢᠭᠡᠷ ᠢᠶᠠᠷ ᠬᠤᠷᠢᠭᠤᠯ ᠠᠴᠠ ᠪᠠᠨ ᠭᠠᠷᠤᠭᠰᠠᠨ ᠬᠤᠷᠠᠭ᠎ᠠ ᠲᠤᠭᠤᠯ ᠰᠢᠬ ᠵᠦᠭ ᠴᠢᠭ ᠦᠭᠡᠢ ᠲᠡᠷᠪᠡᠯᠵᠡᠨ ᠬᠦᠶᠦᠯᠳᠦᠵᠦ ᠲᠤᠭᠳᠠᠭᠠᠯᠢ ᠡᠪᠡᠰᠦ ᠶᠢ ᠡᠷᠢᠨ ᠬᠦᠶᠦᠯᠳᠦᠳᠡᠭ᠃ ᠲᠤᠭᠳᠠᠭᠠᠯᠢ ᠡᠪᠡᠰᠦᠨ ᠤ ᠨᠠᠪᠴᠢ ᠨᠢ ᠰᠠᠶ᠋ᠢ ᠭᠠᠷᠤᠭᠰᠠᠨ ᠭᠤᠭᠤᠳ ᠤᠨ ᠨᠠᠪᠴᠢ ᠲᠠᠢ ᠠᠳᠠᠯᠢ ᠪᠦᠭᠡᠷᠡᠩᠬᠡᠢ ᠪᠦᠭᠡᠳ‌ᠤᠳᠠᠰᠤ ᠰᠢᠬ ᠨᠠᠷᠢᠬᠠᠨ ᠪᠠᠶᠢᠳᠠᠭ᠂ ᠲᠤᠯᠤᠭᠠᠢ ᠨᠢ ᠰᠠᠷᠢᠮᠰᠠᠭ ᠤᠨ ᠲᠤᠯᠤᠭᠠᠢ ᠲᠠᠢ ᠲᠦᠰᠳᠡᠢ ᠪᠠᠷᠤᠭ ᠬᠤᠷᠤᠭᠤᠪᠴᠢ ᠶᠢᠨ ᠴᠢᠨᠡᠭᠡ ᠮᠦᠷᠳᠡᠭᠡᠨ ᠬᠠᠯᠢᠰᠤ ᠶᠢ ᠨᠢ ᠱᠠᠭᠠᠯᠵᠤ ᠢᠳᠡᠬᠦ ᠳᠤ ᠲᠤᠩ ᠠᠮᠳᠠᠯᠢᠭ ᠰᠠᠨ᠃                          ᠪᠢᠳᠡ ᠲᠤᠭᠳᠠᠭᠠᠯᠢ ᠡᠪᠡᠰᠦ ᠶᠢ ᠪᠤᠯᠢᠶᠠᠯᠳᠤᠨ ᠡᠷᠢᠵᠦ ᠭᠠᠵᠠᠷ ᠬᠡᠪᠳᠡᠨ ᠨᠢᠭᠡ ᠤᠯᠪᠠᠯ ᠨᠢᠭᠡ ᠪᠠᠨ ᠲᠤᠭᠤᠷᠢᠭᠯᠠᠨ ᠵᠢᠷᠤᠵᠤ᠂ ᠲᠠᠬᠢᠨ ᠦᠭᠡᠷ᠎ᠡ ᠡᠷᠢᠨ ᠬᠦᠶᠦᠯᠳᠦᠳᠡᠭ ᠪᠦᠭᠡᠳ ᠮᠠᠯᠳᠠᠭᠤᠷ ᠪᠠᠷᠢᠭᠰᠠᠨ ᠨᠢ ᠵᠠᠬ᠎ᠠ ᠲᠠᠷᠠᠭᠠᠯᠠᠨ ᠮᠠᠯᠳᠠᠵᠤ ᠭᠠᠷᠭᠠᠨ ᠤᠪᠤᠭᠠᠯᠠᠵᠤ ᠲᠠᠯᠪᠢᠨ ᠲᠠᠬᠢᠨ ᠬᠤᠪᠢᠶᠠᠯᠴᠠᠵᠤ ᠠᠪᠳᠠᠭ ᠪᠠᠶᠢᠨ᠎ᠠ᠃ ᠮᠠᠨ ᠢ  ᠲᠤᠭᠳᠠᠭᠠᠯᠢ ᠡᠪᠡᠰᠦ ᠶᠢ ᠮᠠᠯᠳᠠᠬᠤ ᠪᠠᠷ ᠭᠠᠷᠬᠤ ᠭᠡᠪᠡᠯ ᠡᠵᠢ ᠠᠪᠤ ᠮᠢᠨᠢ᠄ ︿︿ ᠬᠡᠴᠢᠶᠠ︕ ᠠᠶᠠᠬᠦᠢ ᠪᠤᠯ ᠲᠤᠯᠤᠭᠠᠢ ᠪᠠᠨ ᠠᠪᠬᠤ ᠠᠶᠤᠯᠳᠠᠢ ᠰᠢᠦ︕ ᠬᠤᠯᠠ ᠬᠤᠯᠠ ᠪᠠᠶᠢᠵᠤ ᠪᠠᠶᠢᠭᠠᠳ ᠮᠠᠯᠳᠠ︕  ᠵᠡᠭᠦᠨ ᠠᠶᠢᠯ ᠤᠨ ᠵᠢᠮᠪᠠ ᠶᠢᠨ ᠬᠦᠤ ᠵᠢᠯᠳᠡ᠂ ᠲᠤᠭᠳᠠᠭᠠᠯᠢ ᠡᠪᠡᠰᠦ ᠮᠠᠯᠳᠠᠵᠤ ᠪᠠᠶᠢᠭᠠᠳ ᠲᠤᠷᠤᠭᠰᠢ ᠪᠠᠨ ᠬᠠᠨᠳᠤᠵᠤ ᠲᠤᠭᠤᠷᠢᠭ ᠵᠢᠷᠤᠵᠤ ᠪᠠᠶᠢᠭᠰᠠᠨ ᠬᠡᠦᠬᠡᠨ ᠲᠡᠭᠦᠤ ᠶᠢᠨ ᠢᠶᠠᠨ ᠤᠷᠤᠢ ᠤᠷᠤᠭᠤ ᠬᠤᠶᠠᠷ ᠰᠢᠳᠦ ᠲᠠᠢ ᠮᠠᠯᠳᠠᠭᠤᠷ ᠢᠶᠠᠨ ᠨᠢᠭᠡ ᠪᠠᠭᠤᠯᠭᠠᠵᠤ᠂ ᠴᠢᠰᠤ ᠨᠦᠵᠢ ᠪᠤᠯᠭᠠᠭᠰᠠᠨ᠂᠂᠂᠂﹀﹀ ᠭᠡᠵᠦ  ᠰᠡᠷᠡᠮᠵᠢᠯᠡᠭᠦᠯᠵᠦ ᠵᠠᠬᠢᠵᠤ  ᠪᠠᠶᠢᠭᠰᠠᠨ᠂ ᠭᠡᠪᠡᠴᠦ ᠲᠤᠭᠳᠠᠭᠠᠯᠢ ᠮᠠᠯᠳᠠᠬᠤ ᠴᠠᠭ ᠪᠤᠯᠬᠤᠯᠠᠷ ᠪᠢᠳᠠ ᠲᠤᠩ ᠪᠠᠶᠠᠷᠯᠠᠯᠳᠤᠨ ᠰᠤᠷᠭᠠᠭᠤᠯᠢ ᠲᠠᠷᠠᠬᠤ ᠪᠤᠶᠤ ᠭᠠᠷᠠᠭ  ᠤᠨ ᠡᠳᠦᠷ ᠪᠤᠯᠤᠮᠠᠭᠴᠠ ᠮᠠᠯᠳᠠᠭᠤᠷ ᠢᠶᠠᠨ ᠠᠪᠴᠤ ᠪᠦᠰ ᠤᠭᠤᠳᠠ ᠪᠠᠨ ᠰᠤᠭᠤᠪᠴᠢᠯᠠᠵᠤ ᠲᠤᠭᠤᠯ ᠤᠨ ᠪᠡᠯᠴᠢᠭᠡᠷ ᠤᠷᠤᠭᠤ ᠪᠠᠨ ᠬᠦᠶᠦᠯᠴᠡᠳᠡᠭ ᠢᠶᠠᠨ ᠪᠤᠳᠤᠪᠠᠯ ᠲᠤᠩ ᠴᠦ ᠪᠠᠶᠠᠰᠳᠠᠭ ᠪᠠᠶᠢᠭᠰᠠᠨ ᠤᠴᠢᠷ ᠨᠢ ᠬᠡᠦᠬᠡᠳ ᠨᠠᠰᠤᠨ ᠤ ᠬᠦᠭᠡᠷᠦᠬᠦᠨ ᠪᠤᠳᠤᠯ ᠳᠤ ᠪᠠᠨ ᠮᠠᠨᠠᠭᠳᠠᠨ ᠪᠤᠴᠠᠳᠠᠭ ᠲᠤ ᠪᠠᠨ ᠪᠠᠶᠢᠳᠠᠭ ᠰᠠᠨ᠃ ᠤᠳᠤ ᠨᠢᠭᠡ ᠡᠷᠭᠢᠴᠡᠭᠦᠯᠬᠦ ᠳᠤ ᠵᠠᠵᠢᠨ ᠦᠰᠦ ᠮᠢᠨᠢ ᠪᠤᠭᠤᠷᠤᠯᠳᠤᠵᠤ᠂ ᠮᠠᠩᠨᠠᠢ ᠶᠢᠨ ᠠᠳᠤᠷᠢᠶ᠎ᠠ ᠲᠠᠷᠢᠶᠠᠨ ᠵᠤᠷᠬ᠎ᠠ ᠰᠢᠭ ᠲᠠᠯᠠᠩᠨᠠᠵᠤ ᠭᠢᠯᠳᠤᠭᠠᠨᠠᠨ ᠶᠤᠰᠤᠳᠠᠢ ᠦᠰᠦ ᠨᠢ ᠴᠠᠶᠢᠭᠰᠠᠨ ᠦᠳᠡᠭᠦᠰ ᠪᠤᠯᠴᠢᠭᠰᠠᠨ᠂᠂᠂᠂ ᠬᠠᠨ ᠠᠭᠤᠯᠨ ᠶᠢ ᠴᠠᠰᠤ ᠲᠠᠷᠤᠵᠤ ᠬᠠᠶᠢᠷᠠᠨ ᠪᠡᠶ᠎ᠡ ᠶᠢ ᠨᠠᠰᠤ ᠲᠠᠷᠤᠵᠠᠢ᠃ ᠡᠬᠡ ᠪᠠᠶᠢᠭᠠᠯᠢ ᠴᠦ ᠡᠵᠡᠭᠦᠶᠢᠷᠡᠵᠡᠢ᠃                             ᠬᠠᠪᠤᠷ ᠬᠠᠪᠤᠷ ᠬᠦᠬᠡᠷᠡᠨ ᠴᠡᠯᠭᠡᠷᠡᠵᠦ ᠤᠨᠢᠶᠠᠷ ᠬᠦᠳᠡᠩ ᠲᠠᠳᠠᠭᠠᠳ ᠭᠠᠵᠠᠷ  ᠤᠨ ᠵᠡᠷᠭᠡᠯᠭᠡᠨ ᠲᠡᠭᠳᠡᠷᠯᠡᠵᠦ᠂  ᠤᠰᠤ ᠲᠠᠢ ᠲᠤᠭᠤᠷᠢᠮ ᠤᠨ ᠬᠦᠪᠡᠭᠡ ᠪᠠᠷ ᠤᠳᠠᠨ ᠤ ᠨᠠᠮᠠᠭ᠎ᠠ ᠪᠦᠵᠢᠭᠯᠡᠵᠦ᠂ ᠤᠰᠤᠨ ᠰᠢᠪᠠᠭᠤ ᠵᠢᠷᠵᠢᠭᠢᠨᠡᠭᠰᠡᠨ ᠦᠩᠰᠢᠭ ᠰᠠᠶᠢᠬᠠᠨ ᠲᠠᠯ᠎ᠠ ᠪᠠ ᠪᠤᠷᠭᠠᠰᠤᠨ ᠮᠤᠷᠢ ᠲᠤᠪᠳᠤᠯᠭᠠᠵᠤ᠂ ᠪᠤᠷᠪᠢ ᠨᠤᠭᠤᠷᠡᠯ ᠦᠭᠡᠢ ᠲᠦᠢᠳᠴᠤ ᠢᠷᠡᠭᠰᠡᠨ ᠨᠤᠳᠤᠭ ᠤᠰᠤᠨ ᠮᠢᠨᠢ ᠤᠳᠤ  ᠬᠤᠷᠢᠭ᠎ᠠ ᠴᠡᠭᠡᠷ ᠦᠭᠡᠢ  ᠬᠤᠨᠢ ᠮᠠᠯ ᠲᠡᠵᠢᠭᠡᠭᠡᠳ ᠬᠤᠨᠢᠨ ᠪᠡᠯᠴᠢᠭᠡᠷ ᠮᠢᠨᠢ ᠬᠤᠵᠢᠭᠠᠷ ᠬᠦᠮᠦᠨ ᠤ ᠲᠤᠯᠤᠭᠠᠢ ᠰᠢᠬ ᠬᠠᠯᠴᠠᠭᠠᠶᠢᠷᠠᠵᠤ᠂ ᠲᠤᠭᠤᠳᠠᠭ ᠰᠠᠭᠤᠬᠤ ᠦᠭᠡᠢ ᠲᠠᠦᠯᠠᠢ ᠪᠠᠭᠠᠬᠤ ᠦᠭᠡᠢ ᠵᠢᠯ ᠤᠨ ᠲᠦᠷᠪᠡᠨ ᠤᠯᠠᠷᠢᠯ ᠳᠤ ᠪᠠᠨ ᠤᠯᠠᠶᠢᠮ᠎ᠠ ᠪᠤᠯᠵᠤ᠂ ᠲᠤᠭᠳᠠᠭᠠᠯᠢ ᠡᠪᠡᠰᠦ  ᠴᠦ ᠤᠭ ᠨᠢ ᠲᠠᠰᠤᠷᠠᠵᠤ ᠤᠷᠤᠮ ᠠᠷᠢᠯᠤᠭᠰᠠᠨ ᠪᠤᠯᠤᠯᠳᠠᠢ︕ ᠬᠡᠦᠬᠡᠳ ᠨᠠᠰᠤ ᠶᠢᠨ ᠤᠷᠤᠮ ᠦᠭᠡᠢ ᠠᠷᠢᠯᠤᠭᠰᠠᠨ ᠲᠠᠢ ᠠᠳᠠᠯᠢ ᠪᠠᠷ ᠲᠤᠭᠳᠠᠭᠠᠯᠢ ᠡᠪᠡᠰᠦ ᠴᠦ ᠤᠷᠤᠮ ᠦᠭᠡᠢ ᠪᠤᠯᠵᠤ ᠤᠷᠭᠢᠭᠰᠠᠨ ᠰᠠᠨ︕        ᠬᠠᠶ᠋ᠢᠭ᠄ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠡᠮᠳᠦ ᠶᠢᠨ ᠭᠤᠣᠯ ᠰᠤᠮᠤ ᠶᠢᠨ ᠴᠠᠭᠠᠨᠪᠤᠬ᠎ᠠ ᠪᠠᠭ᠎ᠠ ᠰᠤᠷᠭᠠᠭᠤᠯᠢ 15248574044
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号