ᠡᠮᠡᠭᠡᠯ
ᠨᠡᠶᠢᠲᠡᠯᠡᠭᠰᠡᠨ ᠴᠠᠭ᠄
2020-07-30
  ᠰ᠊  ᠂  ᠮᠦᠡᠭᠬᠡᠪᠠᠶᠠᠷ ᠡᠮᠡᠭᠡᠯ ᠭᠡᠵᠦ  ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠮᠠᠨᠢ ᠦᠪ ᠣᠬᠠᠭᠠᠨ ᠬᠠᠨᠭ᠍ᠭᠠᠢ ᠶᠢᠨ ᠭᠡᠭᠡ ᠶᠢ ᠪᠦᠭᠦᠷᠭᠡᠨ ᠠᠴᠠ ᠪᠠᠨ ᠮᠠᠨᠳᠣᠭᠤᠯᠳᠠᠭ ᠬᠠᠷᠢᠬᠤ ᠶᠢᠨ ᠲᠣᠯᠣᠩ ᠢ ᠴᠦ ᠪᠦᠭᠦᠷᠭᠡᠨ ᠳᠤ ᠪᠠᠨ ᠵᠢᠷᠭᠠᠳᠠᠭ ᠨᠠᠷᠠ ᠰᠠᠷᠠ ᠡᠭᠡᠯᠵᠢᠯᠡᠨ ᠨᠣᠶᠠᠨ ᠬᠢᠷ᠎ᠠ ᠳᠤ ᠨᠢ ᠡᠮᠵᠢᠶᠡᠷᠯᠡᠳᠡᠭ ᠨᠣᠶᠠᠨ ᠰᠠᠷᠢᠳᠠᠭ ᠠᠭᠤᠯᠠᠰ ᠮᠡᠳᠦ ᠰᠦᠷᠯᠢᠭ ᠭᠡᠭᠡᠮᠰᠦᠭ ᠨᠢ ᠭᠠᠶᠢᠬᠠᠯᠳᠠᠢ ᠵᠢᠢᠭᠰᠡᠨ ᠲᠠᠯ᠎ᠠ ᠪᠠᠨ ᠮᠣᠷᠢ ᠭᠡᠵᠦ ᠪᠣᠳᠣᠬᠤᠯᠠᠷ ᠵᠢᠷᠪᠡᠯᠵᠡᠬᠦ ᠣᠰᠣ ᠪᠠᠨ ᠭᠦᠶᠦᠳᠡᠯ ᠨᠢ ᠭᠡᠵᠦ ᠪᠣᠳᠣᠮᠠᠷ ᠵᠡᠷᠭᠡᠯᠳᠡᠭᠰᠡᠨ ᠠᠭᠤᠯᠠᠰ ᠢᠶᠠᠨ ᠡᠮᠡᠭᠡᠯ ᠭᠡᠵᠦ ᠪᠣᠳᠣᠬᠤᠯᠠᠷ ᠵᠢᠭᠦᠷ  ᠲᠡᠯᠡᠭᠰᠡᠨ ᠪᠦᠷᠭᠦᠳ ᠢ ᠨᠢ ᠦᠪᠡᠷ ᠢᠶᠠᠨ ᠭᠡᠵᠦ ᠪᠣᠳᠣᠮᠠᠷ ᠠᠭᠤᠯᠠᠰ ᠲᠦᠷᠦᠭᠡᠯᠡᠭᠰᠡᠨ ᠮᠠᠨᠣᠰ ᠯᠡ ᠲᠡᠯᠡᠬᠡᠢ ᠶᠢᠨ ᠣᠬᠠᠭᠠᠨ ᠳᠤ ᠬᠦᠷᠳᠡᠭ ᠣᠷᠭ᠎ᠠ ᠪᠠᠨ ᠲᠣᠯᠣᠭᠰᠠᠨ ᠣᠷ᠎ᠠ ᠯᠡ ᠲᠡᠭᠷᠢ ᠶᠢᠨ ᠵᠠᠢ ᠲᠡᠯᠡᠳᠡᠭ ᠡᠮᠡᠭᠡᠯ ᠬᠡᠵᠦ ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠮᠢᠨᠢ ᠦᠪ ᠣᠬᠠᠭᠠᠨ ᠰᠢᠯᠢ ᠶᠢᠨ ᠰᠠᠯᠬᠢ ᠶᠢ ᠲᠦᠷᠦᠭᠡᠨ ᠳᠤ ᠪᠠᠨ ᠢᠰᠬᠢᠷᠦᠭᠦᠯᠳᠡᠭ ᠰᠢᠯᠢᠷᠡᠬᠦ ᠵᠣᠳ ᠢ ᠴᠦ ᠲᠦᠷᠦᠭᠡᠨ ᠳᠤ ᠪᠠᠨ ᠣᠶᠠᠰᠬᠠᠳᠠᠭ ᠵᠦᠰᠡ  ᠲᠣᠨᠣᠳᠠᠰᠣ ᠡᠭᠡᠯᠳᠦᠷᠬᠢᠯᠡᠨ ᠮᠡᠷᠭᠡᠨ ᠰᠡᠨᠵᠢᠨ ᠳᠤ ᠨᠢ ᠡᠷᠬᠡᠯᠡᠳᠡᠭ ᠵᠦᠢᠷᠠᠢ ᠯᠣᠣ ᠪᠦᠵᠢᠬᠦ ᠮᠡᠳᠦ ᠵᠦᠡᠭ ᠪᠢᠯᠢᠭ ᠨᠢ ᠱᠠᠭᠰᠢᠯᠳᠠᠢ ᠮᠠᠩᠨᠤᠭ ᠵᠦ᠋ ᠪᠠᠨ ᠮᠣᠷᠢ ᠭᠡᠵᠦ ᠪᠣᠳᠣᠬᠤᠯᠠᠷ ᠮᠢᠷᠠᠯᠵᠠᠭᠰᠠᠨ ᠵᠡᠷᠭᠡᠯᠭᠡᠨ ᠢ ᠨᠢ ᠭᠦᠶᠦᠳᠡᠯ ᠭᠡᠵᠦ ᠪᠣᠳᠣᠮᠠᠷ ᠠᠯᠠᠭ ᠲᠣᠯᠣᠭᠠᠳ ᠢᠶᠠᠨ ᠡᠮᠡᠭᠡᠯ ᠭᠡᠵᠦ ᠪᠣᠳᠣᠬᠤᠯᠠᠷ ᠣᠷᠢᠶᠠᠭᠰᠠᠨ ᠡᠭᠦᠯᠡᠰ ᠢ ᠨᠢ ᠦᠪᠡᠷ ᠢᠶᠠᠨ ᠭᠡᠵᠦ ᠪᠣᠳᠣᠮᠠᠷ ᠣᠯᠠᠷᠢᠯ ᠰᠡᠮᠡᠷᠡᠭᠦᠯᠦᠭᠰᠡᠨ ᠮᠠᠨᠣᠰ ᠯᠡ ᠭᠠᠵᠠᠷ ᠤᠨ ᠢᠪᠡᠭᠡᠯ ᠳᠤ ᠬᠦᠷᠳᠡᠭ ᠡᠪᠡᠰᠦ ᠴᠡᠴᠡᠭ ᠤᠨ ᠢᠨᠢᠶᠡᠮᠰᠦᠭᠯᠡᠯ ᠯᠡ ᠲᠡᠯᠡᠬᠡᠢ ᠶᠢᠨ ᠵᠢᠰᠦ ᠴᠢᠮᠡᠳᠡᠭ ᠡᠮᠡᠭᠡᠯ ᠭᠡᠵᠦ ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠮᠠᠨᠢ ᠦᠪ ᠣᠬᠠᠭᠠᠨ ᠦᠰᠬᠦ ᠶᠢᠨ ᠨᠠᠰᠦ ᠶᠢ ᠭᠠᠨᠵᠤᠭ᠎ᠠ ᠪᠠᠷ ᠢᠶᠠᠨ   ᠲᠠᠳᠠᠳᠠᠭ ᠦᠭᠡᠳᠡᠯᠡᠬᠦ ᠶᠢᠨ ᠦᠪ ᠢ  ᠴᠦ  ᠭᠠᠨᠵᠤᠭ᠎ᠠ ᠪᠠᠷ ᠢᠶᠠᠨ ᠲᠠᠷᠣᠭᠤᠯᠳᠠᠭ ᠡᠪᠡᠷ ᠨᠦᠬᠡ ᠪᠠᠷ ᠡᠷᠴᠢᠮᠳᠡᠨ ᠡᠷ᠎ᠡ ᠶᠢᠨ ᠰᠦᠰᠦ ᠬᠠᠳᠠᠭᠠᠳᠠᠭ ᠡᠴᠢᠭᠡ ᠶᠢᠨ ᠠᠯᠠᠭᠠᠨ ᠠᠴᠠ ᠰᠣᠪᠣᠭᠰᠠᠨ ᠠᠮᠢᠳᠦ ᠭᠡᠷᠡᠯ ᠬᠡᠮᠡᠯᠳᠠᠢ ᠪᠣᠷᠭᠠᠰᠣᠨ  ᠰᠢᠯᠪᠢᠭᠦᠷ ᠣᠨᠣᠭᠰᠠᠨ ᠢᠶᠠᠨ ᠮᠣᠷᠢ ᠭᠡᠵᠦ ᠪᠣᠳᠣᠬᠤᠯᠠᠷ ᠪᠣᠷᠣᠬᠠᠨ ᠠᠪᠤ ᠶᠢᠨ ᠢᠶᠠᠨ  ᠲᠠᠰᠢᠭᠤᠷ ᠢ ᠭᠦᠶᠦᠳᠡᠯ ᠨᠢ ᠭᠡᠵᠦ ᠪᠣᠳᠣᠮᠠᠷ ᠪᠣᠷᠣ ᠭᠡᠷ ᠤᠨ ᠢᠶᠠᠨ ᠬᠦᠰᠡᠯ ᠢ ᠡᠮᠡᠭᠡᠯ ᠭᠡᠵᠦ ᠪᠣᠳᠣᠬᠤᠯᠠᠷ ᠪᠣᠭᠤᠷᠣᠯ ᠡᠵᠢ ᠶᠢᠨ ᠢᠶᠠᠨ  ᠵᠠᠬᠢᠶ᠎ᠠ ᠶᠢ ᠦᠪᠡᠷ ᠢᠶᠠᠨ ᠭᠡᠵᠦ ᠪᠣᠳᠣᠮᠠᠷ ᠣᠬᠠᠭᠠᠨᠳᠣ ᠲᠡᠭᠡᠳᠦᠰ ᠤᠨ ᠰᠣᠷᠭᠠᠯ ᠯᠡ ᠮᠠᠨᠣᠰ ᠤᠨ ᠣᠬᠠᠭᠠᠨ ᠳᠤ ᠬᠦᠷᠳᠡᠭ ᠣᠳᠣᠮ ᠵᠠᠯᠭᠠᠬᠤ ᠶᠣᠰᠣ ᠯᠡ ᠦᠪᠡᠷ ᠢ ᠮᠢᠨᠢ ᠵᠠᠰᠠᠵᠣ ᠰᠢᠨᠡᠳᠬᠡᠳᠡᠭ ᠡᠮᠡᠭᠡᠯ ᠭᠡᠵᠦ ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠮᠠᠨᠢ ᠦᠪ ᠣᠬᠠᠭᠠᠨ ᠨᠢᠰᠬᠦ ᠶᠢᠨ ᠬᠦᠰᠡᠯ ᠢ ᠬᠠᠪᠴᠢᠭ ᠭᠦᠯᠢᠮ ᠢᠶᠠᠷ ᠢᠶᠠᠨ ᠲᠡᠪᠢᠭᠦᠯᠳᠡᠭ ᠨᠢᠭᠦᠯᠡᠰᠦᠩᠭᠦᠢ ᠵᠢᠷᠤᠭ ᠢ ᠴᠦ ᠬᠠᠪᠴᠢᠭ ᠭᠦᠯᠢᠮ ᠳᠤ ᠪᠠᠨ ᠣᠷᠠᠯᠠᠳᠠᠭ ᠣᠷᠠᠨ ᠭᠠᠷ ᠤᠨ ᠮᠣᠶᠢᠨᠤᠭ ᠬᠤᠷᠣᠭᠤᠳ ᠲᠤ  ᠣᠳᠣᠳ ᠤᠨ ᠲᠦᠷᠬᠦ ᠲᠣᠪᠣᠷᠣᠣᠳᠠᠳᠠᠭ ᠡᠯᠢᠭᠡᠨ ᠨᠠᠪᠴᠢᠨ ᠬᠠᠪᠴᠢᠭ ᠭᠦᠯᠢᠮ ᠳᠤ ᠬᠠᠶᠢᠷ᠎ᠠ ᠶᠢᠨ ᠣᠭᠳᠠᠷᠭᠤᠢ ᠠᠮᠢᠰᠬᠤᠭᠠᠯᠳᠠᠢ ᠭᠡᠷᠡᠯᠳᠦ ᠣᠳᠣ ᠪᠠᠨ ᠮᠣᠷᠢ ᠭᠡᠵᠦ ᠪᠣᠳᠣᠬᠤᠯᠠᠷ ᠭᠡᠨᠡᠳᠳᠡ ᠰᠣᠯᠢᠷᠰᠢᠬᠤ ᠶᠢ ᠨᠢ ᠭᠦᠶᠦᠳᠡᠯ ᠨᠢ ᠭᠡᠵᠦ ᠪᠣᠳᠣᠮᠠᠷ ᠬᠦᠬᠡ  ᠮᠦᠡᠭᠭᠡ ᠲᠡᠭᠷᠢ ᠪᠠᠨ ᠡᠮᠡᠭᠡᠯ ᠭᠡᠵᠦ ᠪᠣᠳᠣᠬᠤᠯᠠᠷ ᠬᠦᠮᠦᠨ ᠤ ᠰᠣᠳᠣᠨ ᠪᠠᠭᠠᠳᠣᠳ ᠢᠶᠠᠨ ᠦᠪᠡᠷ ᠢᠶᠠᠨ ᠭᠡᠵᠦ ᠪᠣᠳᠣᠮᠠᠷ ᠠᠯᠳᠠᠨ ᠲᠡᠯᠡᠬᠡᠢ ᠶᠢ  ᠬᠤᠮᠢᠵᠦ ᠬᠤᠷᠢᠶᠠᠬᠤ ᠣᠷᠠᠢ ᠠᠰᠢᠳᠠ ᠮᠠᠨᠣᠰ ᠤᠨ ᠯᠡ ᠭᠡᠭᠡᠨ ᠰᠣᠨᠣᠷ ᠲᠤ  ᠰᠣᠨᠣᠰᠳᠠᠳᠠᠭ ᠠᠳᠬᠤᠵᠣ ᠲᠠᠯᠪᠢᠬᠤ ᠡᠷᠡᠮᠡᠬᠡᠢ ᠵᠣᠷᠢᠭ ᠴᠦ  ᠠᠶᠣᠣᠯᠢᠬᠠᠢ ᠳᠠᠬᠢ ᠵᠢᠷᠦᠬᠡ ᠲᠠᠢ  ᠠᠳᠠᠯᠢᠬᠠᠨ  ᠴᠣᠬᠢᠯᠳᠠᠭ ᠡᠮᠡᠭᠡᠯ ᠭᠡᠵᠦ ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠦᠪ ᠮᠠᠨᠢ ᠦᠪ ᠣᠬᠠᠭᠠᠨ ᠠᠶᠠᠨ ᠤ ᠬᠤᠯᠠ ᠶᠢ ᠠᠭᠰᠢᠭᠠᠵᠣ ᠣᠯᠣᠩ ᠵᠢᠷᠢᠮ ᠳᠤ ᠪᠠᠨ ᠴᠢᠩᠭᠠᠯᠠᠳᠠᠭ ᠠᠵᠠ ᠶᠢᠨ ᠬᠡᠶᠢᠮᠦᠷᠢ ᠶᠢ ᠪᠡᠯᠭᠡᠰᠢᠶᠡᠵᠦ ᠭᠤᠷᠬᠢᠨ ᠬᠡᠯᠡ ᠪᠠᠷ ᠢᠶᠠᠨ  ᠵᠢᠷᠭᠢᠳᠡᠭ ᠵᠢᠰᠦ ᠵᠢᠰᠦᠮ ᠤᠨ ᠬᠢᠯᠭᠠᠰᠣᠨ ᠡᠪᠯᠡᠯ ᠳᠤ ᠠᠳᠣᠭᠤᠨ  ᠵᠢᠪᠠᠷ ᠦᠨᠳᠡᠶᠢᠳᠡᠭ ᠵᠦᠪ ᠪᠣᠷᠣᠭᠤ ᠪᠠᠷ ᠡᠷᠴᠢᠮᠳᠡᠬᠦ ᠶᠢᠨ ᠣᠬᠠᠭᠠᠨ ᠳᠤ ᠪᠦᠳᠦᠬᠦ ᠶᠢᠨ ᠶᠣᠰᠣᠨ ᠡᠭᠦᠰᠦᠯᠳᠠᠢ ᠡᠳᠦᠷ ᠤᠨ ᠭᠡᠭᠡᠨ ᠢᠶᠠᠨ ᠮᠣᠷᠢ ᠭᠡᠵᠦ ᠪᠣᠳᠣᠬᠤᠯᠠᠷ ᠣᠯᠠᠷᠢᠯ ᠢᠶᠠᠷ ᠲᠣᠶᠢᠯᠰᠢᠷᠠᠬᠤ ᠶᠢ ᠨᠢ  ᠭᠦᠶᠦᠳᠡᠯ ᠭᠡᠵᠦ ᠪᠣᠳᠣᠮᠠᠷ ᠦᠳᠡᠰᠢ ᠶᠢᠨ ᠬᠠᠷᠠᠩᠭᠤᠢ ᠶᠢ ᠨᠢ ᠡᠮᠡᠭᠡᠯ ᠭᠡᠵᠦ ᠪᠣᠳᠣᠬᠤᠯᠠᠷ ᠬᠠᠷᠠᠩᠭᠤᠢ ᠶᠢᠨ ᠭᠡᠭᠡᠨ ᠢ ᠨᠢ ᠦᠪᠡᠷ ᠢᠶᠠᠨ ᠭᠡᠵᠦ ᠪᠣᠳᠣᠮᠠᠷ ᠬᠢᠶᠠᠭ ᠤᠨ ᠦᠵᠦᠭᠦᠷ ᠲᠤ  ᠲᠣᠭᠳᠣᠯᠬᠤ ᠣᠰᠣᠨ ᠤ ᠭᠡᠷᠡᠯ ᠬᠦᠯᠦᠭ ᠤᠨ ᠲᠣᠭᠤᠷᠠᠢ ᠳᠤ ᠠᠰᠠᠳᠠᠭ ᠬᠢᠶᠠᠨ ᠣᠪᠣᠭ ᠤᠨ ᠲᠡᠭᠷᠢ ᠬᠤᠷᠮᠣᠰᠳᠠ ᠶᠢᠨ ᠲᠠᠭᠠᠰᠢᠶᠠᠯ ᠳᠤ ᠬᠦᠷᠴᠦ   ᠡᠮᠡᠭᠡᠯ ᠲᠡᠭᠡᠷ᠎ᠡ ᠠᠴᠠ ᠭᠡᠭᠡᠷᠡᠳᠡᠭ ᠡᠮᠡᠭᠡᠯ ᠭᠡᠵᠦ ᠡᠷᠳᠡᠨᠢ ᠶᠢᠨ ᠡᠳ᠋ᠯᠡᠯ ᠡ ᠢᠰᠡᠭᠡᠢ ᠲᠣᠭᠤᠷᠭᠠᠳᠠᠨ ᠤ ᠮᠠᠨᠢ ᠦᠪ ᠣᠬᠠᠭᠠᠨ             2017  ᠂ 11  ᠂  9              ᠣᠯᠠᠭᠠᠨᠬᠠᠳᠠ ᠬᠤᠳᠠ ᠶᠢᠨ ᠯᠢᠨᠳᠦ᠋ᠡᠭ ᠤᠨ ᠮᠣᠩᠭᠤᠯ  ᠦᠨᠳᠦᠰᠦᠳᠡᠨ ᠤ ᠲᠣᠮᠳᠠᠳᠣ ᠰᠣᠷᠭᠠᠭᠤᠯᠢ              ᠣᠳᠠᠰᠣ᠄ 13451339071
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号