ᠴᠡᠴᠡᠭ ᠤᠨ ᠦᠨᠦᠷ ᠲᠠᠢ ᠲᠠᠯ᠎ᠠ
ᠨᠡᠶᠢᠲᠡᠯᠡᠭᠰᠡᠨ ᠴᠠᠭ᠄
2020-07-30
         ᠷᠠ᠊᠂ ᠦᠯᠵᠡᠶᠢᠳᠡᠯᠭᠡᠷ ᠲᠤᠭᠤᠷᠠᠢ ᠶᠢᠨ ᠲᠦᠪᠡᠷᠭᠡᠨ ᠨᠢ ᠬᠦᠷᠦᠰᠦᠨ ᠳᠤ ᠰᠢᠩᠭᠡᠭᠦ ᠳᠤ ᠲᠤᠤᠯᠠ ᠶᠢᠨ ᠤᠰᠤᠨ ᠮᠠᠯᠮᠠᠯᠵᠠᠨ ᠬᠦᠳᠡᠯᠳᠡᠭ᠃ ᠴᠡᠴᠡᠭ ᠤᠨ ᠦᠨᠦᠷ ᠲᠠᠢ ᠲᠠᠯ᠎ᠠ ᠶᠢᠨ ᠤᠮᠳᠠ ᠨᠢ ᠠᠳᠡ ᠠᠴᠠ ᠡᠬᠢᠯᠡᠵᠤ ᠡᠭᠦᠰᠴᠤ ᠪᠤᠢ᠃ ᠢᠨᠴᠠᠭᠠᠨ ᠦᠤᠷᠰᠡᠭᠦ ᠠᠭᠤᠯᠠᠰ ᠤᠨ ᠴᠤᠤᠷᠢᠶᠠᠨ ᠳᠤ ᠭᠤᠪᠢ ᠶᠢᠨ ᠴᠡᠴᠡᠭ ᠨᠢ ᠲᠤᠯᠤᠭᠠᠢ ᠪᠠᠨ ᠲᠤᠬᠢᠯᠵᠠᠳᠠᠭ᠃ ᠲᠠᠯ᠎ᠠ ᠶᠢᠨ ᠨᠤᠭᠤᠭᠠᠨ ᠦᠮᠴᠢ ᠶᠢᠨ ᠡᠭᠦᠰᠦᠯ ᠨᠢ ᠲᠠᠨᠳᠠ ᠠᠴᠠ ᠠᠮᠢᠯᠠᠨ ᠲᠠᠯᠭᠡᠷᠡᠵᠤ ᠪᠤᠢ᠃ ᠠᠮᠢᠳᠤᠷᠠᠯ ᠤᠨ ᠢᠷᠠᠭᠤᠭᠬᠠᠨ ᠰᠤᠷᠭᠤᠭ ᠪᠠᠭᠴᠠ ᠲᠠᠢ ᠮᠤᠩᠭᠤᠯ ᠨᠤᠳᠤᠭ ᠤᠨ ᠠᠭᠤᠳᠠᠮ ᠭᠦᠷᠦᠰᠦᠨ ᠳᠤ ᠴᠡᠴᠡᠭ ᠤᠨ ᠦᠨᠦᠷ ᠲᠠᠢ ᠲᠠᠯ᠎ᠠ ᠪᠤᠢ᠃ ᠴᠡᠴᠡᠭ ᠤᠨ ᠦᠨᠦᠷ ᠲᠠᠢ ᠲᠠᠯ᠎ᠠ ᠶᠢᠨ ᠲᠡᠷᠭᠡᠳᠡ ᠮᠢᠨᠤ ᠪᠤᠶᠢᠵᠢᠠᠠᠰᠠᠨ ᠮᠤᠩᠭᠤᠯ ᠭᠡᠷ ᠪᠤᠢ  ᠃ ᠮᠤᠩᠭᠤᠯ ᠭᠡᠷ ᠤᠨ ᠲᠡᠷᠭᠡᠳᠡ ᠮᠢᠨᠤ ᠲᠤᠠᠠᠯᠬᠠᠰᠠ ᠠᠮᠢᠳᠤᠷᠠᠯ ᠪᠤᠢ᠃ ᠴᠢᠯᠠᠭᠤᠤᠨ ᠨᠢ ᠨᠠᠮ᠎ᠠ ᠶᠢ ᠡᠷᠡᠮᠡᠬᠡᠢ ᠪᠤᠯᠭᠠᠵᠤ ᠰᠤᠷᠭᠠᠨᠠᠮ᠃ ᠬᠦᠷᠦᠰᠤ ᠨᠢ ᠨᠠᠮ᠎ᠠ ᠶᠢ ᠠᠭᠤᠵᠢᠮ ᠪᠤᠯᠭᠠᠵᠣ ᠬᠦᠮᠦᠵᠢᠬᠦᠯᠣᠨᠠᠮ᠃ ᠦᠷᠦᠴᠡ ᠨᠢ ᠨᠠᠮ᠎ᠠ ᠶᠢ ᠪᠠᠶᠠᠨ ᠪᠤᠯᠭᠠᠵᠤ ᠤᠨᠳᠤᠷᠤᠭᠤᠯᠤᠨᠠᠮ᠃ ᠴᠡᠴᠡᠭ   ᠨᠢ ᠨᠠᠮ᠎ᠠ ᠶᠢ ᠰᠢᠪᠡᠨᠡᠯ ᠪᠤᠯᠭᠠᠵᠤ ᠬᠠᠶᠢᠷᠠᠯᠠᠭᠤᠯᠤᠨᠠᠮ᠃ ᠠᠭᠠᠷ ᠨᠢ ᠨᠠᠮ᠎ᠠ ᠶᠢ ᠴᠡᠯᠮᠡᠭ ᠪᠤᠯᠭᠠᠵᠤ ᠵᠤᠬᠢᠴᠠᠭᠤᠯᠤᠨᠠᠮ᠃ ᠴᠡᠴᠡᠭ ᠤᠨ ᠦᠨᠦᠷ ᠲᠠᠢ ᠲᠠᠯ᠎ᠠ ᠪᠦᠬᠦᠨ ᠤ ᠠᠮᠢᠵᠢᠷᠠᠯ ᠨᠢ ᠪᠢᠳᠡᠨ ᠤ ᠬᠢ ᠪᠠᠶᠢᠳᠠᠭ᠃ ᠠᠭᠤᠯᠠᠰ ᠤᠨ ᠬᠤᠷᠮᠤᠢ ᠪᠠᠨ ᠲᠠᠭᠠᠭᠠᠤᠨ ᠤᠷᠳᠤᠯᠠᠠᠰᠠᠨ ᠦᠷᠭᠡᠨ ᠲᠠᠯ᠎ᠠ ᠨᠢ ᠴᠡᠴᠡᠭ ᠤᠨ ᠦᠨᠦᠷ ᠲᠠᠢ᠃ ᠠᠬᠢ ᠲᠠᠭᠠᠨ᠎ᠠ ᠶᠢᠨ ᠪᠠᠭᠰᠢᠷᠠᠨ ᠤᠷᠭᠤᠠᠠᠰᠠᠨ ᠨᠤᠭᠤᠭᠠᠨ ᠲᠠᠯ᠎ᠠ ᠨᠢ ᠴᠡᠴᠡᠭ ᠤᠨ ᠦᠨᠦᠷ ᠲᠠᠢ᠃ ᠨᠤᠮᠢᠨ ᠲᠤᠯᠬᠢᠶᠠᠨ ᠬᠠᠶᠠᠯᠬᠠᠰᠠᠨ ᠮᠠᠩᠨᠤᠭ ᠲᠠᠯ᠎ᠠ ᠨᠢ ᠴᠡᠴᠡᠭ ᠤᠨ ᠦᠨᠦᠷ ᠲᠠᠢ᠃ ᠵᠦᠰᠡᠷᠡᠭᠦ ᠬᠤᠷ᠎ᠠ ᠶᠢᠨ ᠰᠢᠮ᠎ᠡ ᠪᠠᠷ ᠲᠡᠯᠭᠡᠷᠡᠭᠰᠡᠨ ᠠᠮᠢᠯᠠᠯ ᠪᠦᠬᠦᠨ ᠴᠡᠴᠡᠭ ᠤᠨ ᠦᠨᠦᠷ ᠲᠠᠢ᠃ ᠨᠤᠳᠤᠭ ᠤᠨ ᠦᠷᠦᠴᠡᠨ ᠳᠤ ᠰᠢᠩᠭᠡᠭᠰᠡᠨ ᠴᠡᠴᠡᠭ ᠤᠨ ᠦᠨᠦᠷ ᠲᠠᠢ ᠲᠠᠯ᠎ᠠ ᠮᠢᠨᠤ᠃                       ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠤᠷ                       ᠪᠠᠭ᠎ᠠ ᠰᠤᠷᠭᠠᠭᠤᠯᠢ   ᠶᠢᠨ ᠤᠯᠤᠰ ᠲᠦᠷᠦ ᠬᠦᠮᠦᠵᠢᠯ ᠤᠨ ᠭᠠᠵᠠᠷ                                  025561                    13789464009
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号