ᠡᠨᠡ ᠳᠤᠷᠤᠨ᠎ᠠ ᠳᠤ
ᠨᠡᠶᠢᠲᠡᠯᠡᠭᠰᠡᠨ ᠴᠠᠭ᠄
2020-07-30
ᠡᠨᠡ ᠳᠤᠷᠤᠨ᠎ᠠ ᠳᠤ— ᠡᠨᠡ ᠳᠤᠷᠤᠨ᠎ᠠ ᠳᠤ ᠴᠦᠬᠡᠨ ᠮᠤᠩᠭᠤᠯ ᠪᠤᠢ ᠬᠤᠷ ᠢ ᠨᠢ ᠠᠪᠰᠤᠭᠠᠢ                   ᠳᠠᠶᠠᠨ ᠬᠠᠭᠠᠨ   ᠬᠦᠨᠳᠦ ᠴᠠᠭ ᠢ ᠳᠠᠪᠠᠨ ᠳᠠᠭᠤᠯᠠᠭᠰᠠᠨ   ᠶᠡᠭᠡ ᠳᠤᠷᠤᠨ᠎ᠠ ᠶᠢᠨ ᠡᠯᠢᠬᠡᠨ ᠳᠡᠬᠡᠷ᠎ᠡ   ᠬᠦᠬᠡ ᠮᠤᠩᠭᠤᠯ ᠬᠡᠳᠡᠭ ᠠᠶᠢᠯ ᠪᠤᠢ᠂   ᠬᠦᠷᠦᠭᠰᠠᠨ ᠵᠤᠴᠢᠳ ᠢᠶᠠᠨ ᠰᠠᠶᠢᠨ ᠪᠠᠷ ᠤᠭᠳᠤᠳᠠᠭ   ᠬᠦᠨᠳᠦᠯᠠᠯ ᠶᠡᠬᠡᠳᠠᠢ ᠠᠷᠠᠳ ᠳᠦᠮᠠᠨ ᠪᠤᠢ᠂   ᠡᠩᠬᠡ ᠶᠢᠨ ᠴᠠᠭ ᠲᠤ   ᠡᠪ ᠤᠨ ᠵᠠᠩᠬᠢᠶ᠎ᠠ ᠵᠠᠩᠬᠢᠳᠴᠤ   ᠬᠠᠳᠠᠭ ᠳᠠᠳᠠᠨ ᠠᠷᠢᠬᠢ ᠰᠦᠡᠭᠨᠡᠳᠡᠭ ᠴᠦ   ᠡᠪᠳᠡᠷᠡᠬᠦ ᠴᠦ ᠴᠠᠭ ᠲᠤ   ᠢᠯᠳᠦ ᠬᠤᠶᠠᠭ ᠪᠠᠨ ᠵᠠᠰᠠᠵᠤ   ᠶᠢᠷᠲᠢᠨᠴᠤ ᠶᠢ ᠬᠤᠷᠢᠶᠠᠬᠤ ᠪᠤᠢ᠃   ᠡᠨᠡ ᠳᠤᠷᠤᠨ᠎ᠠ ᠳᠤ ᠴᠦᠬᠡᠨ ᠮᠤᠩᠭᠤᠯ ᠪᠤᠢ   ᠶᠡᠭᠡ ᠬᠦᠷᠦᠨ ᠤ ᠪᠠᠭᠤᠴᠠᠨ ᠳᠡᠬᠡᠷ᠎ᠡ   ᠳᠡᠭᠷᠢ ᠶᠢᠨ ᠵᠡᠬᠦᠳᠦ ᠪᠠᠨ ᠮᠠᠨᠠᠵᠤ ᠪᠤᠢ   ᠡᠨᠡ ᠳᠤᠷᠤᠨ᠎ᠠ ᠳᠤ ᠳᠡᠭᠷᠢ ᠶᠢᠨ ᠵᠡᠬᠦᠳᠦ ᠪᠤᠢ   ᠽᠠᠮᠪᠦᠯᠢᠭ ᠤᠨ ᠠᠮᠢᠳᠠᠨ ᠢ ᠭᠠᠶᠢᠬᠠᠭᠤᠯᠤᠭᠰᠠᠨ   ᠦᠷᠯᠦᠭ ᠳᠡᠤᠬᠡ ᠪᠤᠢ   ᠡᠨᠡ ᠳᠤᠷᠤᠨ᠎ᠠ ᠳᠤ ᠦᠷᠯᠦᠭ ᠳᠡᠤᠬᠡ ᠪᠤᠢ   ᠦᠷᠯᠦᠭ ᠳᠡᠤᠬᠡᠨ ᠠᠴᠠ ᠮᠡᠨᠳᠦᠯᠠᠭᠰᠠᠨ   ᠡᠵᠡᠨ ᠴᠢᠩᠬᠢᠰ ᠪᠤᠢ   ᠡᠨᠡ ᠳᠤᠷᠤᠨ᠎ᠠ ᠳᠤ ᠡᠵᠡᠨ ᠴᠢᠩᠬᠢᠰ ᠪᠤᠢ   ᠡᠵᠡᠨ ᠴᠢᠩᠬᠢᠰ ᠤᠨ ᠤᠳᠤᠮ   ᠴᠦᠬᠡᠨ ᠮᠤᠩᠭᠤᠯ ᠪᠤᠢ᠃ ᠨᠡᠷ᠎ᠡ ᠨᠡᠷ᠎ᠡ ᠮᠢᠨᠢ ᠴᠢ ᠨᠠᠮ᠎ᠠ ᠶᠢ ᠤᠷᠤᠯᠠᠵᠤ ᠰᠠᠶᠢᠨ ᠮᠠᠭᠤ ᠪᠦᠬᠦᠨ ᠢ ᠰᠤᠨᠤᠰᠴᠤ ᠶᠠᠪᠤᠵᠠᠢ ᠨᠢᠮᠬᠡᠨ ᠨᠠᠮᠳᠠᠷ ᠤᠨ ᠰᠢᠩᠬᠡᠨ ᠬᠠᠭᠤᠳᠠᠰᠤᠨ ᠳᠤ ᠰᠠᠶᠢᠬᠠᠨ ᠮᠠᠭᠤᠬᠠᠢ ᠪᠦᠬᠦᠨ ᠲᠠᠢ ᠨᠦᠬᠦᠴᠡᠵᠤ ᠶᠠᠪᠤᠵᠠᠢ᠃ ᠬᠤᠶᠠᠷ ᠴᠢᠬᠢ ᠶᠢ ᠮᠢᠨᠢ ᠳᠦᠯᠡᠶᠢᠷᠡᠳᠠᠯ᠎ᠠ ᠬᠤᠨᠭ᠍ᠭᠤᠷ ᠤᠨ ᠮᠢᠨᠢ ᠠᠮᠠᠨ ᠠᠴᠠ ᠤᠨᠠᠵᠤ ᠶᠠᠪᠤᠵᠠᠢ ᠬᠤᠭ ᠤᠨ ᠱᠠᠭᠠᠷᠤᠭ ᠳᠡᠬᠡᠷ᠎ᠡ ᠠᠮᠢᠳᠤ ᠪᠠᠷ ᠪᠠᠨ ᠪᠤᠯᠠᠭᠳᠠᠮ᠎ᠠ ᠬᠤᠷᠤᠰᠤᠭᠴᠢᠳ ᠤᠨ ᠬᠠᠷᠢᠶᠠᠯ ᠳᠤ ᠪᠠᠭᠳᠠᠨ ᠭᠠᠷᠴᠠᠢ᠃ ᠭᠠᠭᠴᠠ ᠪᠢ ᠴᠢᠮ᠎ᠠ ᠶᠢ ᠳᠠᠰᠬᠠᠯ ᠤᠨ ᠳᠡᠪᠳᠡᠷ᠂ ᠳᠤᠷᠠᠰᠬᠠᠯ ᠤᠨ ᠺᠠᠷᠲ ᠢᠨᠠᠭ ᠤᠨ ᠵᠠᠬᠢᠶ᠎ᠠ᠂ ᠢᠷᠠᠭᠤ ᠨᠠᠶᠢᠷᠠᠭ ᠤᠨ ᠬᠠᠭᠤᠳᠠᠰᠤ ᠡᠷᠦᠬᠡ ᠶᠢᠨ ᠪᠦᠷᠢᠳᠬᠡᠯ᠂ ᠦᠴᠢᠭ ᠤᠨ ᠮᠡᠳᠡᠬᠦᠯᠦᠯᠳᠠ ᠦᠷᠢ ᠦᠭᠴᠡᠬᠡᠨ ᠤ ᠳᠠᠩᠰᠠ ᠦᠭᠴᠦ ᠠᠪᠬᠤ ᠶᠢᠨ ᠪᠠᠷᠢᠮᠳᠠ ᠳᠤ ᠰᠢᠯᠦᠭ ᠰᠢᠭ ᠵᠢᠷᠤᠵᠤ ᠵᠢᠷᠤᠭ ᠰᠢᠭ ᠪᠢᠴᠢᠵᠤ ᠶᠠᠪᠤᠯ᠎ᠠ︕ ᠦᠯᠦᠬᠡᠢ ᠲᠠᠢ ᠪᠠᠶᠢᠬᠤ ᠳᠤ ᠦᠪᠤᠸ᠋ ᠰᠢᠪᠰᠢᠵᠤ ᠦᠭᠬᠦᠭᠰᠠᠨ ᠶᠤᠮ ᠬᠡᠳᠡᠭ ᠦᠰᠴᠦ ᠦᠨᠳᠡᠶᠢᠬᠦ ᠳᠤ ᠦᠬᠡᠷ᠎ᠡ ᠪᠤᠰᠤᠳ ᠮᠢᠨᠢ ᠳᠠᠭᠤᠳᠠᠵᠤ ᠡᠬᠢᠯᠡᠭᠰᠠᠨ ᠬᠡᠳᠡᠭ ᠦᠪᠡᠷ ᠢ ᠴᠢᠨᠢ ᠪᠢ ᠤᠷᠤᠯᠠᠵᠤ ᠡᠨᠡᠬᠡᠨ ᠵᠠᠯᠠᠭᠤ ᠵᠠᠭᠤᠨ ᠢ ᠡᠯᠡᠬᠡᠵᠤ ᠪᠠᠶᠢᠨ᠎ᠠ ᠦᠪᠡᠷ ᠪᠠᠨ ᠯᠠ ᠨᠠᠮ᠎ᠠ ᠶᠢ ᠦᠮᠦᠬᠡᠷᠡᠵᠤ   ᠤᠳᠤᠮ ᠤᠨ ᠵᠠᠭᠤᠨ ᠳᠤ ᠢ ᠠᠮᠢᠳᠤᠷᠠᠭᠠᠷᠠᠢ︕ ᠬᠤᠪᠢᠷᠠᠵᠠᠢ ᠳ᠋ᠠ   ᠨᠤᠳᠤᠭ ᠮᠢᠨᠢ                            — ᠨᠤᠲᠤᠭ ᠤᠨ ᠳᠤᠬᠠᠢ ᠳᠤᠮᠤᠭ ᠰᠤᠨᠤᠰᠤᠭᠠᠳ   ᠨᠠᠭᠤᠷ ᠤᠨ ᠬᠢᠨᠢ ᠬᠦᠪᠡᠬᠡᠨ ᠳᠤ ᠭᠠᠩᠭᠠᠩ ᠠᠵᠢᠷᠭ᠎ᠠ ᠪᠠᠶᠢᠭᠰᠠᠨ ᠬᠡᠨ᠎ᠡ ᠯᠠᠢ   ᠨᠢᠭᠤᠭᠠᠳ ᠳᠤᠯᠭᠠᠷ ᠪᠠᠶᠠᠨ ᠤ ᠠᠳᠤᠭᠤᠨ ᠳᠤ ᠨᠡᠶᠢᠯᠡᠳᠡᠭ ᠪᠠᠶᠢᠭᠰᠠᠨ ᠬᠡᠨ᠎ᠡ ᠯᠠᠢ   ᠨᠢᠭᠤᠴᠠᠬᠠᠨ ᠠᠭᠤᠯᠵᠢᠭᠰᠠᠨ ᠠᠮᠠᠷᠠᠭ ᠬᠤᠤᠰ   ᠨᠠᠶᠢᠭᠤᠭᠰᠠᠨ ᠦᠨᠳᠦᠷ ᠳᠡᠷᠡᠰᠦᠨ ᠳᠤ ᠨᠢᠯᠬᠠᠷᠠᠳᠠᠭ ᠶᠤᠮ ᠬᠡᠨ᠎ᠡ ᠯᠠᠢ   ᠤᠳᠤ ᠳᠡᠬᠡᠬᠦ ᠳᠤ ᠠᠳᠤᠭᠤ ᠴᠦ ᠦᠭᠡᠢ ᠪᠤᠯᠬᠤ ᠳᠦᠬᠦᠭᠰᠠᠨ   ᠤᠩᠭᠤᠨ ᠠᠭᠤᠯᠠ ᠪᠠᠨ ᠬᠦᠷᠳᠡᠯ᠎ᠡ ᠰᠡᠨᠳᠡᠶᠢᠯᠡᠵᠤ ᠡᠷᠳᠡᠨᠢ ᠡᠷᠢᠬᠦ ᠳᠦᠬᠦᠭᠰᠠᠨ   ᠤᠭᠤᠳᠤᠨ᠎ᠠ ᠬᠦᠷᠳᠡᠯ᠎ᠡ ᠦᠵᠡᠭᠳᠡᠬᠦ ᠨᠢᠴᠦᠬᠦᠨ ᠳᠠᠯ᠎ᠠ ᠬᠠᠭᠤᠷᠠᠢ ᠤᠬᠢᠯᠠᠳᠠᠭ ᠪᠤᠯᠤᠭᠰᠠᠨ   ᠦᠬᠢᠳ ᠬᠦᠮᠦᠨ ᠠᠴᠠ ᠨᠢᠭᠤᠵᠤ ᠦᠶᠡᠷᠬᠡᠬᠦ ᠪᠠᠨ ᠬᠦᠷᠳᠡᠯ᠎ᠡ ᠪᠠᠶᠢᠴᠢᠬᠠᠭᠰᠠᠨ ᠡ   ︽ᠪᠤᠤ ᠢᠦᠢ ᠯᠢᠨ ᠳᠡᠶᠢᠮᠦ ᠴᠦ ᠮᠠᠭᠤ ᠬᠦᠮᠦᠨ ᠪᠠᠶᠢᠭ᠎ᠠ ᠦᠭᠡᠢ︾ ᠬᠡᠵᠤ   ᠬᠠᠯᠰᠠᠭᠤ ᠴᠦ ᠦᠨᠡᠨ ᠢ ᠬᠡᠯᠡᠳᠡᠭ ᠡᠪᠤᠬᠡᠳ ᠲᠠᠢ ᠪᠠᠶᠢᠭᠰᠠᠨ   ︽ᠪᠤᠷᠢᠶᠠᠳ ᠤᠳ ᠬᠦᠬᠡᠷᠦᠬᠦᠢ ᠪᠡᠳᠡᠷᠢᠵᠤ ᠶᠠᠪᠤᠭᠰᠠᠨ ᠰᠢᠦ︾ ᠬᠡᠵᠤ   ᠬᠠᠯᠠᠭᠤᠨ ᠡᠯᠢᠬᠡᠳᠡᠨ ᠪᠠᠨ ᠦᠮᠦᠬᠡᠯᠡᠳᠡᠭ ᠡᠮᠡᠬᠡᠳ ᠲᠠᠢ ᠴᠦ ᠪᠠᠶᠢᠭᠰᠠᠨ   ᠬᠠᠷᠢᠨ ᠤᠳᠤ ᠬᠤᠸᠠ ᠬᠤᠩᠭᠤᠷ ᠮᠤᠷᠢ ᠲᠠᠢ ᠳᠡᠮᠪᠧ ᠡᠪᠦᠭᠡ ᠬᠠᠷᠠᠭᠳᠠᠬᠤ ᠪᠠᠨ ᠪᠠᠶᠢᠵᠠᠢ ᠡ   ᠬᠠᠪᠳᠠᠭᠠᠢ ᠶᠢᠨ ᠰᠢᠯᠢ ᠪᠠᠷ ᠬᠤᠨᠢ ᠰᠢᠭ ᠪᠡᠯᠴᠢᠳᠡᠭ ᠵᠡᠬᠡᠷ᠎ᠡ ᠴᠦ ᠦᠭᠡᠢ ᠪᠤᠯᠤᠭᠰᠠᠨ   ᠬᠤᠨᠢᠨ ᠰᠦᠷᠦᠭ ᠴᠦ ᠡᠬᠦᠯᠡ ᠰᠢᠭ ᠨᠡᠬᠦᠬᠦ ᠪᠠᠨ ᠪᠤᠯᠢᠵᠤ ᠮᠠᠨᠠᠨ ᠰᠢᠭ ᠰᠡᠮᠡᠷᠡᠵᠠᠢ ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号