ᠪᠤᠲᠤᠯ ᠳᠤ ᠪᠠᠭᠤᠬᠤ ᠪᠤᠷᠤᠭᠠᠨ ᠴᠢᠩᠨᠠᠬᠤ ᠳᠤ
ᠨᠡᠶᠢᠲᠡᠯᠡᠭᠰᠡᠨ ᠴᠠᠭ᠄
2020-07-30
          ︵ᠬᠦᠲᠦᠯᠦᠭᠡ ᠬᠤᠶᠠᠷ︶                                       ᠲᠡᠮᠦᠷᠪᠠᠭᠠᠨ᠎ᠠᠬᠠᠶᠠ ᠱᠠᠭᠢᠵᠦ ᠬᠠᠶᠠ ᠰᠢᠪᠡᠷᠡᠭᠦ ᠪᠤᠷᠤᠭᠠᠨ ᠤ ᠲᠠᠭᠤᠰᠠᠭᠠᠯᠢ ᠶᠢᠨ ᠰᠠᠭᠤᠯᠠᠭ᠎ᠠ ᠠᠴᠠ ᠰᠤᠨᠤᠰᠲᠠᠬᠤ ᠮᠡᠲᠦ᠂ᠬᠠᠶᠠ ᠲᠤᠮᠤᠷᠠᠵᠦ ᠬᠠᠶᠠ ᠵᠢᠵᠢᠭᠷᠡᠬᠦ ᠪᠤᠷᠤᠭᠠᠨ ᠤ ᠲᠤᠰᠤᠯᠰᠠᠶ᠋ᠢᠬᠠᠨ ᠢᠪᠡᠯᠭᠡᠭᠰᠡᠨ ᠦᠨᠢᠶᠡᠨ ᠤ ᠰᠦ ᠮᠡᠲᠦ ᠡ︕ᠠᠶᠢᠵᠠᠮᠯᠠᠨ ᠤᠷᠤᠬᠤ ᠬᠤᠷ᠎ᠠ ᠶᠢᠨ ᠴᠢᠮᠡᠭᠡᠠᠭᠠᠷ ᠲᠡᠭᠷᠢ ᠶᠢᠨ ᠢᠪᠡᠭᠡᠯ ᠠᠶᠠᠯᠭᠤ ᠮᠡᠲᠦ᠂ᠠᠭᠠᠷᠤ ᠳᠤ ᠬᠦᠭᠡᠰᠦᠷᠡᠬᠦ ᠠᠷᠢᠭᠤᠨ ᠰᠦᠠᠵᠢᠯᠴᠢ ᠮᠠᠯᠴᠢᠨ ᠤ ᠪᠠᠶᠠᠷ ᠲᠤᠭᠲᠤᠯᠤᠯ ᠮᠡᠲᠦ ᠡ  ︕ᠬᠡᠰᠡᠭ ᠨᠠᠮᠲᠠᠵᠦ ᠬᠡᠰᠡᠭ ᠰᠢᠷᠦᠭᠦᠰᠬᠦ ᠪᠤᠷᠤᠭᠠᠨ ᠤ ᠲᠠᠭᠤᠠᠲᠤᠭᠤᠨ ᠰᠦᠷᠦᠭ ᠤᠨ ᠲᠡᠨᠲᠡ ᠠᠴᠠ ᠲᠤᠭᠤᠯᠲᠠᠬᠤ ᠮᠡᠲᠦ᠂ᠬᠡᠭᠡᠷ ᠲᠠᠭ᠎ᠠ᠂ ᠬᠠᠯᠲᠠᠷ ᠤᠨᠠᠭ᠎ᠠ ᠨᠤᠭᠤᠳᠠᠭᠠᠰᠢ ᠠᠭᠠᠰᠢ ᠪᠠᠷ ᠢᠶᠠᠨ ᠠᠯᠢᠶᠠᠯᠠᠨ ᠲᠤᠭᠯᠠᠬᠤ ᠮᠡᠲᠦ︕ᠦᠷᠭᠦᠯᠵᠢᠯᠡᠬᠦ ᠬᠤᠷ᠎ᠠ ᠶᠢᠨ ᠴᠢᠮᠡᠭᠡᠦᠷᠭᠡᠨ ᠭᠡᠭᠡᠷ᠎ᠡ ᠶᠢᠨ ᠬᠡᠮᠨᠡᠯ ᠡᠭᠡᠰᠢᠭ ᠮᠡᠲᠦ᠂ᠦᠨᠢᠷ ᠰᠦᠷᠦᠭ ᠤᠨ ᠢᠶᠠᠨ ᠬᠡᠰᠢᠭ ᠢ ᠬᠤᠷᠤᠶᠢᠯᠠᠭᠰᠠᠨᠦᠭᠡᠲᠡᠷᠭᠡᠭ ᠮᠠᠯᠴᠢᠳ ᠤᠨ ᠵᠦᠡᠭ ᠪᠡᠯᠭᠡ ᠮᠡᠲᠦ ᠡ︕ᠪᠤᠷᠤᠭᠠᠨ ᠤ ᠲᠠᠭᠤ ᠶᠢ ᠴᠢᠩᠭᠠᠨᠠᠭᠠᠳ ᠪᠠᠶᠢᠬᠤ ᠳᠤᠪᠤᠷᠬᠠᠨ ᠤ ᠦᠭᠡ ᠶᠢ ᠲᠠᠮᠵᠢᠭᠤᠯᠬᠤ ᠮᠡᠲᠦ᠂ᠪᠤᠯᠤᠷ ᠲᠤᠩᠭᠠᠯᠠᠭ ᠨᠠᠭᠤᠷ ᠭᠤᠤᠯ ᠢᠶᠠᠨᠪᠤᠯᠠᠩᠬᠢᠷ ᠦᠭᠡᠢ ᠮᠠᠯᠮᠠᠯᠵᠠᠭᠦᠯᠬᠦ ᠶᠢ ᠵᠠᠬᠢᠬᠤ ᠮᠡᠲᠦ ᠡ︕ᠵᠦᠰᠡᠷᠡᠬᠦ ᠬᠤᠷ᠎ᠠ ᠶᠢ ᠰᠤᠨᠤᠷᠯᠠᠬᠤ ᠳᠤᠵᠢᠷᠦᠭᠡᠨ ᠳᠤ ᠡᠭᠦᠷᠬᠡ ᠢᠷᠡᠬᠦ ᠮᠡᠲᠦ᠂ᠵᠦᠭᠡᠯᠡᠨ ᠵᠦᠭᠡᠯᠡᠨ ᠽᠠᠮᠪᠦᠯᠢᠭ ᠤᠨᠵᠢᠮ᠎ᠡ ᠶᠤᠰᠤ ᠪᠠᠷ ᠪᠤᠯᠭᠤᠭᠠᠬᠤ ᠶᠢ ᠤᠴᠢᠷᠯᠠᠬᠤ ᠮᠡᠲᠦ ᠡ︕       ᠬᠤᠨᠲᠠᠭ᠎ᠠ ᠡᠷᠭᠦᠬᠦ ᠭᠱᠠᠨ᠎ᠠ                ᠬᠤᠨᠲᠠᠭ᠎ᠠ ᠲᠦᠭᠦᠷᠡᠩ ᠠᠷᠢᠬᠢ      ᠬᠤᠷᠠᠮᠠᠯ ᠭᠤᠨᠢᠭ ᠤᠨ ᠬᠡᠮᠨᠡᠯ ᠮᠡᠲᠦ᠂      ᠬᠤᠪᠲᠤᠯ ᠲᠡᠪᠲᠦᠭᠡᠨ ᠪᠦᠮᠪᠦᠷᠢᠬᠦ    ᠬᠤᠶᠠᠷ ᠨᠢᠲᠦᠨ ᠤ ᠰᠤᠪᠤᠳ ᠮᠡᠲᠦ︕    ᠨᠡᠷᠡᠭᠰᠡᠨ ᠬᠤᠨᠲᠠᠭᠠᠲᠦ ᠠᠷᠢᠬᠢ      ᠨᠡᠭᠡᠷᠡᠨ ᠬᠦᠨᠲᠦ ᠰᠡᠳᠬᠢᠯ ᠮᠡᠲᠦ᠂    ᠨᠢᠭᠡᠮᠦᠰᠦᠨ ᠪᠠᠯᠠᠷᠠᠲᠠᠯ᠎ᠠ ᠰᠤᠭᠲᠤᠬᠤ    ᠨᠢᠭᠡᠨ ᠴᠠᠭ ᠤᠨ ᠲᠠᠶᠢᠳᠬᠤᠷᠠᠯ ᠮᠡᠲᠦ︕     ᠁ ᠁    ᠰᠡᠷᠭᠦᠭᠡᠭᠰᠡᠨ ᠠᠷᠢᠬᠢ ᠮᠠᠯᠮᠠᠯᠵᠡᠵᠦ    ᠰᠡᠷᠭᠦᠯᠡᠩ ᠲᠡᠬᠦᠨ ᠤ ᠪᠦᠱᠦᠷᠭᠡᠯ ᠮᠡᠲᠦ᠂    ᠰᠡᠪ ᠦᠭᠡᠢ ᠰᠠᠶᠢᠬᠠᠨ ᠲᠤᠷᠠᠯᠠᠯ ᠢᠶᠠᠨ    ᠰᠡᠮ ᠦᠷᠭᠦᠯᠵᠢᠯᠡᠭᠦᠯᠬᠦ ᠵᠦᠡᠭ ᠮᠡᠲᠦ︕    ᠰᠦᠡᠭᠨᠡᠭᠰᠡᠨ ᠠᠷᠢᠬᠢ ᠰᠡᠩᠭᠢᠨᠡᠵᠦ    ᠰᠤᠯᠢᠭᠤ ᠪᠤᠲᠤᠯ ᠲᠠᠶᠢᠯᠤᠭᠲᠠᠬᠤ ᠮᠡᠲᠦ᠂    ᠰᠦᠨᠢ ᠶᠢᠨ ᠵᠡᠭᠦᠲᠦ ᠰᠠᠨᠠᠭᠲᠠᠭᠠᠳ    ᠰᠤᠲᠤᠬᠠᠨ ᠲᠡᠷᠡ ᠮᠢᠨᠢ ᠢᠷᠡᠭᠡ ᠮᠡᠲᠦ︕   ᠬᠤᠯᠠ ᠶᠢᠨ ᠬᠤᠨ ᠢ ᠪᠢᠲᠡᠭᠡᠢ ᠦᠷᠭᠦᠭᠡᠭᠡᠷᠡᠢᠠᠯᠤᠰ ᠠᠴᠠ ᠵᠡᠯᠡᠯᠡᠭᠰᠡᠨᠠᠮᠠᠷᠠᠭ ᠴᠠᠭᠠᠨ ᠬᠤᠨ ᠢ ᠪᠢᠲᠡᠭᠡᠢ ᠦᠷᠭᠦᠭᠡᠭᠡᠷᠡᠢ︕ᠠᠮᠢᠯᠠᠯᠲᠦ ᠬᠠᠪᠤᠷ ᠤᠨ ᠴᠡᠩᠬᠡᠷ ᠤᠰᠦᠨ ᠳᠤᠠᠶᠠᠰ ᠨᠡᠶᠢᠯᠡᠭᠦᠯᠵᠦ ᠭᠠᠨᠭ᠍ᠭᠠᠨᠠᠬᠤ ᠬᠡᠰᠡᠨ ᠶᠤᠮ ᠡ᠂ᠠᠯᠠᠭ ᠤᠯᠠᠨ ᠰᠢᠪᠠᠭᠤᠳ ᠲᠠᠢ ᠬᠠᠮᠲᠦ ᠪᠠᠷᠠᠶᠠᠯᠠᠯ ᠤᠨ ᠶᠠᠲᠠᠷᠠᠭ᠎ᠠ ᠪᠠᠨ ᠲᠠᠶᠢᠯᠠᠬᠤ ᠬᠡᠰᠡᠨ ᠶᠤᠮ ᠡ︕ᠬᠤᠯᠠ ᠠᠴᠠ ᠴᠦᠷᠭᠡᠯᠡᠭᠰᠡᠨᠬᠤᠨ ᠴᠠᠭᠠᠨ ᠭᠠᠯᠠᠭᠤ ᠶᠢ ᠪᠢᠲᠡᠭᠡᠢ ᠦᠷᠭᠦᠭᠡᠭᠡᠷᠡᠢ︕ᠬᠤᠤᠰ ᠦᠭᠡᠢ ᠲᠠᠩᠰᠤᠭ ᠪᠠᠶᠢᠭᠠᠯᠢ ᠳᠤᠬᠤᠰᠢᠭᠤ ᠬᠤᠯᠪᠦᠵᠤ ᠪᠦᠵᠢᠬᠦ ᠬᠡᠰᠡᠨ ᠶᠤᠮ ᠡ᠂ᠬᠤᠨᠦᠭᠤᠲᠠ ᠦᠨᠵᠢᠭᠦᠲᠡ ᠪᠠᠷ ᠪᠠᠶᠠᠰᠴᠦᠬᠤᠷᠭᠤᠲᠠᠵᠦ ᠬᠡᠳᠦᠨ ᠡᠳᠦᠷ ᠠᠮᠠᠷᠠᠬᠤ ᠬᠡᠰᠡᠨ ᠶᠤᠮ ᠡ︕ ᠪᠣᠴᠠᠭᠠᠳ ᠢᠷᠡᠭᠰᠡᠨ ᠪᠣᠯᠪᠠᠷᠠᠢ ᠴᠠᠭᠠᠨ ᠬᠤᠨ ᠢ ᠪᠢᠲᠠᠭᠡᠢ ᠦᠷᠭᠦᠭᠡᠭᠡᠷᠡᠢ︕ᠪᠣᠯᠵᠤᠵᠤ ᠲᠤᠭᠲᠠᠭᠰᠠ ᠴᠠᠭ ᠲᠤ ᠪᠠᠨᠪᠤᠭᠤᠮᠲᠠ ᠪᠠᠷ ᠲᠠᠭᠠᠷᠢᠨ ᠦᠩᠭᠡᠷᠡᠬᠦ ᠭᠡᠰᠡᠨ ᠶᠣᠮ ᠡ᠂ᠪᠤᠷᠤᠭᠠᠨ ᠰᠠᠯᠬᠢ ᠪᠠᠷ ᠲᠠᠭᠠᠯᠠᠭᠤᠯᠵᠦᠪᠤᠭᠤᠨᠢᠬᠠᠨ ᠴᠠᠭ ᠮᠦᠴᠡ ᠴᠤ ᠵᠢᠷᠭᠠᠬᠤ ᠭᠡᠰᠡᠨ ᠶᠤᠮ ᠡ︕ᠡᠷᠭᠢᠭᠡᠳ ᠰᠠᠭᠠᠲᠠᠭᠰᠠᠨᠡᠩᠬᠦᠷᠠᠢ ᠴᠠᠭᠠᠨ ᠬᠤᠨ ᠢ ᠪᠢᠲᠠᠭᠡᠢ ᠦᠷᠭᠦᠭᠡᠭᠡᠷᠡᠢ︕ᠡᠰᠨᠢᠯᠲᠦ ᠨᠤᠲᠤᠭ ᠤᠨ ᠴᠢᠮᠡᠭ ᠪᠤᠯᠵᠦᠡᠨᠡᠭᠰᠢᠨ ᠲᠠᠰᠤᠯᠴᠠᠵᠤ ᠡᠷᠬᠡᠯᠡᠬᠦ ᠭᠡᠰᠡᠨ ᠶᠣᠮ ᠡ᠂ᠡᠭᠦᠷᠢᠲᠡ ᠬᠦᠭᠡᠷᠦᠬᠦᠨ ᠵᠠᠩ ᠢᠶᠠᠷ ᠢᠶᠠᠨᠡᠵᠡᠭᠦᠢ ᠶᠢ ᠴᠢᠨᠢ ᠡᠪᠳᠡᠵᠤ ᠴᠡᠩᠬᠡᠯᠲᠦᠭᠦ ᠭᠡᠰᠡᠨ ᠶᠣᠮ ᠡ︕       赤峰市巴林右旗大板镇政府   特木热巴根      13804766924
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号